ᠮᠣᠩᠭᠤᠯ ᠨᠣᠲᠤᠭ ᠤᠨ ᠬᠠᠮᠤᠭ ᠤᠳ
ᠨᠡᠶᠢᠲᠡᠯᠡᠭᠰᠡᠨ ᠴᠠᠭ᠄
2024/11/7
      ᠮᠣᠩᠭᠤᠯ ᠨᠣᠲᠤᠭ ᠤᠨ ᠬᠠᠮᠤᠭ ᠤᠳ                                    ᠮᠤᠩᠭᠤᠯ ᠨᠢᠭᠤᠴᠠ ᠶᠢᠨ ᠬᠡᠯᠬᠡᠶ᠎ᠡ                     ᠮᠤᠩᠭᠤᠯ ᠨᠣᠳᠤᠭ ᠤᠨ ᠬᠠᠮᠤᠭ ᠤᠳ                    ᠨᠢᠭᠡ᠂ ᠬᠠᠮᠤᠭ ᠠᠩᠬᠠᠨ ᠤ ᠬᠠᠭᠤᠷᠠᠢ ᠰᠦ            ᠠᠯᠢᠪᠠ ᠠᠮᠢᠳᠠᠨ ᠤ ᠠᠷᠢᠭᠤᠨ ᠴᠠᠭᠠᠨ ᠰᠦ ᠶᠢ ︿ᠪᠣᠷᠬᠠᠨ︾ ᠵᠤᠬᠢᠶᠠᠭᠰᠠᠨ ᠪᠢᠵᠠ᠂ ᠬᠠᠷᠢᠨ ᠬᠠᠭᠤᠷᠠᠢ ᠰᠦ ᠶᠢ ᠬᠦᠮᠦᠨ ᠬᠢᠵᠡᠢ᠃ ᠭᠡᠬᠦ ᠳᠡᠭᠡᠨ ᠬᠦᠮᠦᠨ ᠲᠦᠷᠦᠯᠬᠢᠳᠡᠨ ᠠᠴᠠ ᠠᠩᠬ᠎ᠠ ᠲᠦᠷᠦᠭᠦᠣ ᠮᠤᠩᠭᠤᠯ ᠬᠦᠮᠦᠨ ᠬᠢᠭᠰᠡᠨ ᠪᠠᠶᠢᠵᠤ ᠪᠣᠯᠬᠤ ᠶᠤᠮ᠃ ᠪᠠᠷᠢᠮᠳᠠ ᠭᠡᠪᠡᠰᠤ 1275 ᠣᠨ ᠳᠤ ᠢᠷᠡᠵᠤ ᠬᠤᠪᠢᠯᠠᠢ ᠬᠠᠭᠠᠨ ᠤ ᠠᠯᠪᠠᠨ ᠳᠤ 17 ᠵᠢᠯ ᠵᠢᠳᠬᠦᠭᠰᠡᠨ ᠢᠲᠠᠯᠢ ᠶᠢᠨ ᠠᠯᠳᠠᠷᠳᠤ ᠵᠢᠭᠤᠯᠴᠢᠨ ᠮᠠᠷᠺᠤ ᠫᠤᠯᠤ ᠮᠤᠩᠭᠤᠯᠴᠣᠳ13 ᠳ᠋ᠣᠭᠠᠷ ᠵᠠᠭᠤᠨ ᠳᠤ ᠬᠠᠭᠤᠷᠠᠢ ᠰᠦ ᠬᠡᠷᠡᠭᠯᠡᠳᠡᠭ ᠪᠠᠶᠢᠭᠰᠠᠨ ᠲᠣᠬᠠᠢ ᠪᠢᠴᠢᠵᠡᠢ᠃           ᠮᠤᠩᠭᠤᠯᠴᠣᠳ ᠬᠠᠭᠤᠷᠠᠢ ᠰᠦ ᠬᠢᠵᠤ ᠪᠠᠶᠢᠭᠰᠠᠨ ᠭᠡᠬᠦ ᠳᠤ ᠬᠠᠴᠢᠷᠬᠠᠬᠤ᠂ ᠭᠠᠶᠢᠬᠠᠬᠤ ᠬᠦᠮᠦᠨ ᠪᠠᠶᠢᠵᠤ ᠪᠤᠯᠬᠤ ᠶᠤᠮ᠂ ᠭᠡᠪᠡᠴᠤ ᠦᠨᠡᠬᠡᠷ ᠬᠠᠭᠤᠷᠠᠢ ᠰᠦ ᠬᠢᠳᠡᠭ ᠪᠠᠶᠢᠵᠡᠢ᠃ ᠶᠠᠭᠠᠬᠢᠵᠤ ᠬᠢᠳᠡᠭ ᠪᠠᠶᠢᠪᠠ ᠭᠡᠪᠡᠯ ᠰᠦᠨ ᠳᠤ ᠰᠢᠷ᠎ᠠ᠂ ᠴᠠᠭᠠᠨ ᠪᠣᠳᠠᠭ᠎ᠠ ᠪᠠᠭ᠎ᠠ ᠪᠠᠭ᠎ᠠ ᠪᠠᠷ ᠬᠢᠵᠤ ᠪᠠᠭ᠋ᠠᠨ ᠪᠤᠴᠠᠯᠭᠠᠭᠰᠠᠭᠠᠷ ᠴᠦᠴᠦᠭᠡᠢ ᠰᠢᠭ ᠪᠣᠯᠭᠠᠵᠤ ᠬᠠᠳᠠᠭᠠᠨ ᠲᠠᠯᠬᠠᠳᠠᠵᠤ ᠬᠡᠷᠡᠭᠯᠡᠬᠦ‍ ᠨᠢᠭᠡ ᠠᠷᠭ᠎ᠠ ᠪᠠᠶᠢᠪᠠ᠃ ᠪᠠᠰᠠ ᠰᠠᠪᠠᠨ ᠳᠤ ᠳᠡᠭᠡᠷᠡᠬᠢ ᠶᠢ ᠬᠠᠯᠠᠭᠠᠨ ᠪᠠᠭ᠎ᠠ ᠪᠠᠭ᠎ᠠ ᠪᠠᠷ ᠬᠢᠵᠤ ᠬᠤᠰᠣᠮᠳᠠᠭᠤᠯᠬᠤ ᠮᠠᠶ᠋ᠢᠭ ᠢᠶᠠᠷ ᠬᠠᠲᠠᠭᠠᠵᠤ ᠲᠠᠯᠬᠠᠳᠠᠳᠠᠭ ᠪᠠᠶᠢᠵᠡᠢ᠃            ᠬᠤᠶᠠᠷ᠂ ᠳᠡᠯᠡᠬᠡᠢ ᠶᠢᠨ ᠬᠠᠮᠤᠭ ᠦᠨᠡᠳᠡᠢ ᠨᠤᠮ           1986 ᠣᠨ ᠳᠤ ᠯᠤᠨᠳᠤᠨ ᠳᠤ ᠪᠤᠯᠤᠭᠰᠠᠨ ᠨᠤᠮ ᠤᠨ ᠵᠠᠬ᠎ᠠ ᠳᠡᠭᠡᠷ᠎ᠡ ︽ᠭᠧᠨ᠋ᠷᠢ ᠯᠢᠸ᠋ ᠤᠨ ᠰᠣᠳᠤᠷ︾ ᠭᠡᠮᠡᠬᠦ 226 ᠬᠠᠭᠤᠳᠠᠰᠤ ᠪᠦᠬᠦᠢ ᠨᠤᠮ ᠤᠨ ᠭᠠᠷ ᠪᠢᠴᠢᠮᠡᠯ ᠡᠬᠡ 8 ᠰᠠᠶ᠎ᠠ 140 ᠮᠢᠩᠭᠠᠨ ᠹᠦᠨᠲ ᠰᠲ᠋ᠧᠷᠯᠢᠭ  ᠤᠨ ᠦᠨ᠎ᠡ ᠬᠦᠷᠴᠡᠢ᠃ ᠣᠷᠳᠤ ᠨᠢ 34.3 ᠰᠡᠨᠲᠮᠧᠲᠷ᠂ ᠦᠷᠭᠡᠨ ᠨᠢ 25.4 ᠰᠡᠨᠲᠮᠧᠲᠷ ᠬᠡᠮᠵᠢᠶ᠎ᠡ ᠲᠠᠢ ᠨᠤᠮ ᠢ 1170 ᠣᠨ ᠾᠧᠷᠢᠮᠠᠨ ᠭᠡᠮᠡᠬᠦ ᠭᠡᠯᠦᠩ ᠵᠢᠷᠤᠭᠯᠠᠨ ᠴᠢᠮᠡᠵᠡᠢ᠃           ᠬᠡᠪᠯᠡᠭᠳᠡᠭᠰᠡᠨ ᠨᠤᠮ ᠠᠴᠠ ᠬᠠᠮᠤᠭ ᠤᠨ ᠶᠡᠭᠡ ᠦᠨ᠎ᠡ ᠬᠦᠢᠷᠦᠭᠰᠡᠨ ᠨᠢ1454 ᠣᠨ ᠳᠤ ᠪᠠᠷᠠᠭᠤᠨ ᠭᠧᠷᠮᠠᠨ  ᠤ ᠮᠠᠶᠢᠨᠽᠢ‌ᠬᠤᠳᠠ ᠳᠤ ᠵᠦᠪᠬᠡᠨ 21 ᠬᠤᠪᠢ ᠨᠡᠶᠢᠳᠡᠯᠡᠭᠳᠡᠭᠰᠡᠨ ︽ᠭᠦᠲ᠋ᠧᠨ᠋ᠪᠧᠷᠢᠭ ᠤᠨ ᠪᠢᠪᠯᠢ︾ ᠰᠣᠳᠣᠷ ᠪᠦᠭᠡᠳ1978 ᠣᠨ ᠳᠤ ᠨᠢᠦ᠋ ᠶᠣᠷᠺ ᠬᠤᠳᠠᠨ᠎ᠠ ᠪᠣᠯᠤᠭᠰᠠᠨ ᠨᠣᠮ ᠤᠨ ᠵᠠᠬ᠎ᠠ ᠳᠡᠭᠡᠷ᠎ᠡ 2 ᠰᠠᠶ᠎ᠠ 400 ᠳ᠋ᠣᠯᠯᠠᠷ ᠬᠦᠷᠴᠡᠢ᠃           ᠲᠡᠭᠡᠪᠡᠯ ᠡᠳᠡᠭᠡᠷ ᠠᠴᠠ ᠦᠨᠡᠳᠡᠢ ᠨᠤᠮ ᠪᠠᠰᠠ ᠪᠠᠶᠢᠨ᠎ᠠ ᠤᠤ︖ ᠪᠠᠶᠢᠨ᠎ᠠ᠃ ᠮᠤᠩᠭᠤᠯ ᠤᠯᠤᠰ ᠲᠤ ᠪᠤᠢ᠃ ︽ᠣᠯᠠᠨ᠎ᠠ ᠡᠷᠭᠦᠭᠳᠡᠭᠰᠡᠨ ᠤ ᠲᠠᠪᠣᠳᠣᠭᠠᠷ ᠣᠨ︾ ᠭᠡᠮᠡᠬᠦ ᠮᠤᠩᠭᠤᠯ ᠲᠦᠪᠡᠳ ᠦᠰᠦᠭ ᠬᠠᠪᠰᠣᠷᠭᠠᠭᠰᠠᠨ17 ᠬᠠᠭᠤᠳᠠᠰᠤ ᠪᠦᠬᠦᠢ ᠰᠣᠳᠤᠷ ᠶᠤᠮ᠃ ᠴᠡᠪᠡᠷ ᠠᠯᠳᠠᠨ ᠢᠯᠳᠡᠰᠦᠨ ᠪᠦᠬᠦᠢ ᠲᠡᠷᠡ ᠰᠣᠳᠣᠷ ᠲᠤ 7.372 ᠺᠢᠯᠦᠭᠷᠠᠮ ᠠᠯᠳᠠ ᠣᠷᠣᠵᠡᠢ᠃ ᠰᠢᠷ᠎ᠠ ᠲᠣᠷᠭᠠᠨ ᠪᠠᠷᠢᠨᠳᠠᠭ ᠲᠠᠢ ᠲᠡᠷᠡ ᠡᠷᠳᠡᠨᠢ ᠶᠢᠨ ᠰᠣᠳᠤᠷ ᠮᠤᠩᠭᠤᠯ ᠤᠯᠤᠰ  ᠤᠨ ᠪᠠᠩᠬᠢ ᠳᠤ ᠪᠠᠳᠤ ᠬᠠᠳᠠᠭᠠᠯᠠᠭᠳᠠᠵᠤ ᠪᠠᠶᠢᠨ᠎ᠠ᠃             ᠭᠤᠷᠪᠠ᠂ ᠪᠠᠶᠢᠭᠠᠯᠢ ᠶᠢ ᠬᠠᠮᠠᠭᠠᠯᠠᠬᠤ ᠬᠠᠮᠤᠭ ᠤᠨ ᠡᠷᠳᠡᠨ ᠤ ᠬᠠᠤᠯᠢ ᠴᠠᠭᠠᠵᠠ            ᠮᠤᠩᠭᠯᠤᠴᠣᠳ ᠪᠠᠶᠢᠭᠠᠯᠢ ᠣᠷᠴᠢᠨ ᠢᠶᠠᠨ ᠬᠠᠮᠠᠭᠠᠯᠠᠬᠤ ᠣᠯᠠᠨ ᠵᠠᠭᠤᠨ ᠤ ᠪᠠᠶᠠᠯᠢᠭ ᠣᠯᠠᠮᠵᠢᠯᠠᠯ ᠲᠠᠢ᠃ ᠮᠠᠨ  ᠤ ᠡᠷᠡᠨ ᠠᠴᠠ ᠡᠮᠦᠨ᠎ᠡ 3 ᠳ᠋ᠣᠭᠠᠷ ᠵᠠᠭᠤᠨ ᠤ ᠦᠶ᠎ᠡ ᠳᠤ ᠡᠬᠦ᠋ᠩᠨᠤᠴᠣᠳ ᠣᠳᠬᠤᠨ ᠲᠡᠭᠷᠢ ᠠᠭᠤᠯᠠ ᠶᠢ ᠲᠠᠬᠢᠵᠤ ᠵᠤᠨ ᠨᠠᠮᠤᠷ ᠤᠨ ᠴᠠᠭ ᠲᠤ ᠶᠡᠭᠡ ᠳᠠᠶᠢᠯᠠᠯᠭᠠᠨ ᠬᠢᠳᠡᠭ ᠪᠠᠶᠢᠵᠡᠢ᠃ ᠮᠥᠨ ᠬᠠᠨ ᠬᠡᠨᠳᠡᠢ ᠠᠭᠤᠯᠠ ᠶᠢ ᠲᠠᠬᠢᠵᠤ ᠪᠠᠶᠢᠭᠰᠠᠨ ᠮᠡᠳᠡᠭᠡ13 ᠳ᠋ᠣᠭᠠᠷ ᠵᠠᠭᠤᠨ ᠤ ᠰᠣᠷᠪᠤᠯᠵᠢ ᠪᠢᠴᠢᠭ ︽ᠮᠤᠩᠭᠤᠯ ᠤᠨ ᠨᠢᠭᠤᠴᠠ ᠲᠤᠪᠴᠢᠶᠠᠨ︾ ᠳᠤ ᠪᠠᠶᠢᠳᠠᠭ᠃     ᠮᠤᠩᠭᠤᠯᠴᠣᠳ ᠪᠠᠶᠢᠭᠠᠯᠢ ᠶᠢᠨ ᠪᠠᠶᠠᠯᠢᠭ᠂ ᠲᠡᠭᠦᠨ ᠤ ᠠᠰᠢᠭ ᠰᠢᠮ᠎ᠡ ᠶᠢᠨ ᠲᠤᠬᠠᠢ ᠬᠠᠤᠯᠢᠴᠢᠯᠠᠨ ᠬᠠᠮᠠᠭᠠᠯᠠᠬᠤ ᠶᠠᠪᠤᠳᠠᠯ ᠣᠳᠤ ᠮᠡᠳᠡᠭᠳᠡᠵᠤ ᠪᠠᠶᠢᠭ᠎ᠠ ᠪᠠᠷ800 ᠵᠢᠯ ᠤᠨ ᠲᠡᠤᠬᠡ ᠲᠠᠢ ᠶᠤᠮ᠃ ᠲᠤᠬᠠᠶᠢᠯᠠᠪᠠᠯ ︽ᠶᠡᠭᠡ ᠵᠠᠰᠠᠭ︾ ᠭᠡᠮᠡᠬᠦ ᠬᠠᠤᠯᠢ ᠠᠴᠠ ᠡᠬᠢᠯᠡᠵᠡᠢ᠃ ᠣᠭ ᠬᠠᠤᠯᠢ ᠳᠤ ᠵᠢᠭᠠᠭᠰᠠᠨ ᠢᠶᠠᠷ ᠣᠰᠤ ᠶᠢ ᠶᠠᠮᠠᠷ ᠨᠢᠭᠡ ᠬᠡᠮᠵᠢᠶ᠎ᠡ  ᠪᠠᠷ ᠪᠣᠬᠢᠷᠳᠣᠭᠤᠯᠬᠤ ᠳᠤ ᠬᠠᠳᠠᠭᠤ ᠶᠠᠯ᠎ᠠ ᠣᠨᠤᠭᠠᠵᠤ ᠪᠠᠶᠢᠵᠡᠢ᠃      ᠲᠡᠷᠡᠴᠢᠯᠡᠨ ᠶᠤᠸᠠᠨ ᠣᠯᠤᠰ ᠤᠨ ᠦᠶ᠎ᠡ  ᠳᠤ ᠬᠤᠨ᠂ ᠲᠠᠰ᠂ ᠬᠠᠷᠴᠠᠭᠠᠢ᠂ ᠱᠣᠩᠬᠤᠷ ᠠᠩᠨᠠᠬᠤ ᠶᠢ ᠪᠦᠷᠢᠮᠦᠰᠤᠨ ᠴᠠᠭᠠᠵᠠᠯᠠᠭᠰᠠᠨ ᠨᠢ ᠮᠤᠩᠭᠤᠯᠴᠣᠳ ᠪᠠᠶᠢᠭᠠᠯᠢ ᠶᠢ ᠦᠪᠡᠷ ᠢᠶᠠᠷ ᠨᠢ ᠬᠠᠮᠠᠭᠠᠯᠠᠭᠤᠯᠬᠤ ᠭᠡᠰᠡᠨ ᠮᠡᠳᠡᠯᠭᠡ ᠯᠦᠭᠡ ᠬᠤᠯᠪᠤᠭ᠎ᠠ ᠲᠠᠢ ᠪᠠᠶᠢᠪᠠ᠃           ᠦᠯᠵᠡᠶᠢᠳᠤ ᠬᠠᠭᠠᠨ ᠤ ᠦᠶ᠎ᠡ ᠳᠤ ᠭᠠᠷᠭᠠᠭᠰᠠᠨ ᠬᠠᠤᠯᠢ ᠴᠠᠭᠠᠵᠠ ᠶᠢᠨ ᠪᠢᠴᠢᠭ ︵1294 ᠣᠨ︶ ᠲᠤ᠄ ︽ᠬᠠᠪᠤᠷ ᠪᠣᠯᠬᠤ ᠳᠤ ᠬᠠᠮᠤᠭ ᠣᠷᠢᠳᠠᠪᠠᠷ ᠮᠣᠳᠤ ᠲᠠᠷᠢᠵᠤ ᠰᠠᠭᠤᠯᠭᠠᠬᠤ ᠬᠡᠷᠡᠭᠳᠡᠢ᠃ ᠮᠤᠳᠤ ᠶᠢ ᠵᠦᠢ ᠪᠣᠰᠤ ᠣᠭᠳᠣᠯᠵᠤ ᠦᠯᠤ ᠪᠤᠯᠤᠨ᠎ᠠ᠃ ᠵᠦᠷᠢᠴᠡᠭᠰᠡᠳ ᠢ ᠬᠠᠤᠯᠢ ᠶᠤᠰᠣᠭᠠᠷ ᠶᠠᠯᠠᠯᠠᠰᠣᠭᠠᠢ᠃ ᠣᠢ ᠮᠣᠳᠤ ᠶᠡᠭᠡ ᠪᠣᠯᠬᠤ ᠠᠪᠠᠰᠤ ᠠᠯᠪᠠᠨ ᠪᠠ ᠠᠮᠢᠨ ᠳᠤ ᠴᠦᠮ ᠠᠰᠢᠭᠳᠠᠢ︾ ᠭᠡᠰᠡᠨ ᠪᠠᠶᠢᠳᠠᠭ᠃           16 ᠳ᠋ᠣᠭᠠᠷ ᠵᠠᠭᠤᠨ ᠤ ᠬᠤᠶᠠᠳᠣᠭᠠᠷ ᠬᠠᠭᠠᠰ ᠤᠨ ᠵᠢᠷᠭᠤᠭᠠᠨ ᠬᠤᠰᠢᠭᠤᠨ ᠤ ᠬᠠᠤᠯᠢ ᠴᠠᠭᠠᠵᠠ ᠶᠢᠨ ᠪᠢᠴᠢᠭ ᠲᠤ᠄ ︽ᠣᠰᠤ ᠶᠢ ᠪᠣᠷᠳᠠᠭᠯᠠᠬᠤᠯ᠎ᠠ ᠮᠣᠷᠢ᠂ ᠦᠬᠡᠷ ᠬᠤᠶᠠᠷ ᠠᠪ᠂ ᠦᠵᠡᠭᠰᠡᠨ ᠭᠡᠷᠡᠴᠢ ᠦᠬᠡᠷ ᠠᠪ︾ ᠭᠡᠵᠤ ᠵᠢᠭᠠᠭᠰᠠᠨ ᠪᠠᠶᠢᠳᠠᠭ᠃ ᠲᠡᠭᠦᠨ ᠠᠴᠠ ᠬᠤᠶᠢᠰᠢᠬᠢ ᠦᠶ᠎ᠡ ᠶᠢᠨ ︽ᠬᠠᠯᠬ᠎ᠠ ᠵᠢᠷᠤᠮ︾ ᠴᠠᠭᠠᠵᠠ ᠶᠢᠨ ᠪᠢᠴᠢᠭ  ᠲᠤ᠄ ︽ᠮᠡᠳᠡᠵᠤ ᠪᠠᠶᠢᠵᠤ ᠱᠣᠭᠯᠠᠵᠤ ᠣᠰᠤ ᠪᠣᠷᠳᠠᠭᠯᠠᠪᠠᠰᠤ ᠰᠢᠳᠦᠯᠡᠩ ᠮᠤᠷᠢ᠂ ᠦᠬᠡᠷ ᠬᠤᠶᠠᠷ ᠢ ᠠᠪ᠂ ᠦᠵᠡᠭᠰᠡᠨ ᠭᠡᠷᠡᠴᠢ ᠳᠤ ᠦᠬᠡᠷ ᠠᠪ︾ ᠭᠡᠵᠡᠢ᠃ ᠠᠩ ᠠᠮᠢᠳᠠᠨ ᠤ ᠲᠠᠯ᠎ᠠ ᠪᠠᠷ1640 ᠣᠨ ᠤ ︽ᠶᠡᠭᠡ ᠴᠠᠭᠠᠵᠠ ︾ ᠪᠢᠴᠢᠭ ᠲᠤ᠄ ︽ᠠᠩᠭᠢᠷ᠂ ᠪᠤᠯᠵᠤᠮᠤᠷ ᠠᠯᠠᠪᠠᠯ ᠮᠤᠷᠢ ᠠᠪ᠃ ᠪᠣᠯᠠᠭ᠎ᠠ᠂ ᠦᠨᠡᠭᠡ᠂ ᠬᠡᠷᠡᠮᠤ ᠠᠯᠠᠪᠠᠯ ᠶᠡᠭᠡ ᠠᠴᠠ  ᠨᠢ ᠭᠤᠨᠵᠢ᠂ ᠪᠠᠭ᠎ᠠ ᠠᠴᠠ ᠨᠢ ᠬᠤᠨᠢ ᠠᠪ︾ ᠭᠡᠵᠤ ᠵᠢᠭᠠᠵᠡᠢ᠃ ᠲᠡᠭᠦᠨᠴᠢᠯᠡᠨ ︽ᠲᠤᠶᠢᠮᠠᠷ ᠠᠯᠳᠠᠭᠰᠠᠨ ᠬᠦᠮᠦᠨ ᠢ ᠦᠵᠡᠭᠰᠡᠨ ᠬᠦᠮᠦᠨ ᠨᠢᠭᠡ ᠮᠤᠷᠢ ᠠᠪ︾ ᠭᠡᠵᠤ ᠵᠢᠭᠠᠭᠰᠠᠨ ᠪᠠᠶᠢᠳᠠᠭ᠃ ᠡᠶᠢᠮᠤ ᠠᠴᠠ ᠪᠠᠶᠢᠭᠠᠯᠢ ᠳᠡᠯᠡᠬᠡᠢ ᠪᠠᠨ ᠬᠠᠶᠢᠷᠠᠯᠠᠨ ᠬᠠᠮᠠᠭᠠᠯᠠᠬᠤ ᠲᠠᠯ᠎ᠠ ᠪᠠᠷ ᠬᠠᠮᠤᠭ ᠡᠷᠳᠡ ᠬᠠᠤᠯᠢ ᠴᠠᠭᠠᠵᠠ ᠭᠠᠷᠭᠠᠨ ᠮᠦᠷᠳᠡᠭᠰᠡᠭᠡᠷ ᠢᠷᠡᠭᠰᠡᠨ ᠠᠷᠠᠳ ᠲᠦᠮᠡᠨ ᠪᠣᠯ ᠮᠤᠩᠭᠤᠯᠴᠣᠳ ᠶᠤᠮ᠃             ᠲᠦᠷᠪᠡ᠂ ᠳᠡᠯᠡᠬᠡᠢ ᠶᠢᠨ ᠬᠠᠮᠤᠭ ᠤᠨ ᠲᠤᠮᠤ ᠭᠡᠷ — ᠲᠡᠷᠭᠡ            ᠣᠯᠠᠭᠠᠨᠪᠠᠭᠠᠳᠣᠷ ᠬᠤᠳᠠ ᠳᠤ ᠢᠷᠡᠵᠤ ᠣᠯᠤᠰ ᠤᠨ ᠲᠦᠪ ᠮᠦᠽᠧ ᠳᠤ ᠣᠷᠤᠭᠰᠠᠨ ᠬᠦᠮᠦᠨ ᠪᠦᠬᠦᠨ ᠤ ᠠᠩᠬᠠᠷᠤᠯ ᠢ ᠣᠯᠠᠨ ᠱᠠᠷ ᠬᠦᠯᠦᠭᠰᠡᠨ ᠲᠡᠷᠭᠡᠨ ᠤ ᠵᠠᠭᠪᠣᠷ ᠲᠠᠳᠠᠳᠠᠭ᠃ ᠡᠷᠳᠡᠨ ᠤ ᠮᠤᠩᠭᠤᠯᠴᠣᠳ22 ᠱᠠᠷ ᠬᠦᠯᠳᠡᠭ ᠠᠰᠣᠷᠤ ᠲᠤᠮᠤ ᠲᠡᠷᠭᠡ ᠲᠠᠢ ᠪᠠᠶᠢᠭᠰᠠᠨ ᠲᠤᠬᠠᠢ ᠲᠡᠤᠬᠡ ᠰᠣᠳᠣᠷ ᠲᠤ ᠳᠡᠮᠳᠡᠭᠯᠡᠵᠤ ᠪᠤᠢ᠃ ᠲᠡᠶᠢᠮᠤ ᠲᠡᠷᠭᠡ ᠶᠢ ᠭᠡᠷ — ᠲᠡᠷᠭᠡ ᠭᠡᠬᠦ ᠪᠦᠭᠡᠳ ᠳᠡᠯᠡᠬᠡᠢ ᠶᠢᠨ ᠠᠯᠢ ᠴᠦ ᠣᠯᠤᠰ ᠣᠷᠤᠨ ᠳᠤ ᠡᠶᠢᠮᠤ ᠲᠤᠮᠤ ᠲᠡᠷᠭᠡ ᠣᠷᠢᠳ ᠡᠮᠦᠨ᠎ᠡ ᠦᠵᠡᠭᠳᠡᠵᠤ ᠲᠣᠭᠤᠯᠳᠠᠭ᠎ᠠ ᠦᠭᠡᠢ ᠪᠢᠯᠡ᠃           ᠭᠡᠷ — ᠲᠡᠷᠭᠡᠨ ᠤ ᠲᠤᠬᠠᠢ1253 —1255 ᠣᠨ ᠳᠤ ᠮᠤᠩᠭᠤᠯ ᠭᠠᠵᠠᠷ ᠢᠶᠠᠷ ᠶᠠᠪᠤᠭᠰᠠᠨ ᠠᠯᠳᠠᠷᠳᠤ ᠵᠢᠭᠤᠯᠴᠢᠨ ᠷᠦᠪᠷᠤᠩ ︽ᠨᠢᠭᠡᠨ ᠪᠠᠷᠢᠭᠠᠳᠠᠢ ᠲᠤᠮᠤ ᠭᠡᠷ ᠲᠡᠭᠡᠭᠡᠭᠰᠡᠨ ᠯᠤᠳᠤ ᠶᠡᠭᠡ ᠲᠡᠷᠭᠡ ᠦᠭᠡᠳᠡ ᠠᠴᠠ ᠶᠠᠪᠤᠵᠤ ᠢᠷᠡᠭᠰᠡᠨ︾ ᠭᠡᠵᠤ ᠪᠢᠴᠢᠵᠡᠢ᠃           ︽ᠮᠤᠩᠭᠤᠯ ᠤᠨ ᠨᠢᠭᠤᠴᠠ ᠲᠤᠪᠴᠢᠶᠡᠨ︾ ᠳᠤ ᠬᠠᠰᠠᠭ ᠲᠡᠷᠭᠡ᠂ ᠣᠯᠵᠢᠭᠳᠠᠢ ᠲᠡᠷᠭᠡ᠂ ᠬᠠᠷᠭᠤᠳᠠᠢ ᠲᠡᠷᠭᠡ᠂ ᠭᠡᠷ ᠲᠡᠷᠭᠡ᠂ ᠣᠷᠳᠤ — ᠭᠡᠷ ᠲᠡᠷᠭᠡ ᠭᠡᠬᠦ ᠲᠡᠷᠭᠡᠨ ᠤ ᠲᠦᠷᠦᠯ ᠵᠦᠢᠯ ᠢ ᠳᠣᠷᠠᠳᠣᠭᠰᠠᠨ ᠪᠠᠶᠢᠳᠠᠭ᠃    ᠬᠠᠰᠠᠭ ᠲᠡᠷᠭᠡ ᠭᠡᠳᠡᠭ ᠨᠢ ᠣᠪᠤᠭ ᠠᠶᠢᠮᠠᠭ ᠤᠨ ᠨᠡᠷ᠎ᠡ ᠪᠤᠰᠤ᠂ ᠴᠠᠭᠠᠷᠢᠭ᠂ ᠮᠦᠭᠡᠷ ᠭᠡᠰᠡᠨ ᠦᠭᠡ ᠠᠵᠢ᠃ ᠦᠯᠵᠢᠭ ᠭᠡᠳᠡᠭ ᠨᠢ ᠰᠠᠭᠤᠳᠠᠯ ᠭᠡᠰᠡᠨ ᠦᠭᠡ ᠲᠤᠯᠠ ᠰᠠᠭᠤᠳᠠᠯ ᠲᠠᠢ ᠲᠡᠷᠭᠡ ᠶᠢ ᠬᠡᠯᠡᠳᠡᠭ ᠪᠠᠶᠢᠪᠠ᠃ ᠬᠠᠷᠠᠭᠤ ᠭᠡᠳᠡᠭ ᠨᠢ ᠮᠤᠬᠤᠯᠠᠭ ᠭᠡᠰᠡᠨ ᠣᠳᠬ᠎ᠠ ᠲᠠᠢ᠃ ᠡᠶᠢᠮᠤ ᠠᠴᠠ ᠮᠤᠬᠤᠯᠠᠭ ᠲᠠᠢ ᠲᠡᠷᠭᠡᠨ ᠳᠤ ᠰᠠᠭᠤᠭᠰᠠᠨ ᠬᠦᠮᠦᠨ ᠭᠠᠳᠠᠭᠰᠢ ᠬᠠᠷᠠᠬᠤ ᠴᠣᠩᠬᠤ ᠲᠠᠢ ᠲᠤᠯᠠ ᠬᠠᠷᠠ — ᠬᠠᠷᠠᠬᠤ ᠭᠡᠰᠡᠨ ᠦᠭᠡ ᠠᠴᠠ ᠡᠭᠦᠰᠴᠤ ᠦᠭᠡ ᠬᠠᠷᠠᠭᠤᠳᠠᠢ ᠲᠡᠷᠭᠡ ᠭᠡᠮᠡᠭᠰᠡᠨ ᠪᠤᠯᠤᠯᠳᠠᠢ ᠭᠡᠵᠤ ᠡᠷᠳᠡᠮᠳᠡᠨ ᠭ᠊᠂ ᠯᠤᠪᠰᠠᠩᠪᠠᠯᠳᠠᠨ᠂ ᠴ᠊᠂ ᠱᠠᠭᠳᠠᠷᠰᠦ᠋ᠷᠤᠩ ᠨᠠᠷ ᠪᠠᠶᠢᠨ᠎ᠠ᠃                                                                                              ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ ᠄  ᠲᠡᠷᠭᠡᠯ 
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2