ᠮᠣᠩᠭᠤᠯ ᠨᠣᠳᠤᠭ ᠤᠨ ᠳᠣᠮ ᠵᠠᠰᠠᠯ | | | | | ⒈ᠭᠠᠷ ᠬᠦᠯ ᠪᠣᠯᠵᠠᠭᠠᠭᠰᠠᠨ ᠢ ᠵᠠᠰᠠᠬᠤ | ᠬᠦᠳᠡᠯᠮᠣᠷᠢ ᠳᠤ ᠣᠷᠣᠯᠴᠠᠬᠤ᠂ ᠨᠠᠭᠠᠳᠣᠮ ᠲᠣᠭᠯᠠᠭᠠᠮ ᠤᠨ ᠳᠣᠮᠳᠠ ᠪᠣᠶᠣ ᠶᠠᠪᠣᠵᠣ ᠰᠠᠭᠤᠬᠤ ᠳᠣᠮᠳᠠ ᠣᠪᠠᠶᠢᠨ | ᠳᠤ ᠦᠭᠡᠢ ᠬᠦᠯ ᠭᠠᠷ ᠢᠶᠠᠨ ᠪᠣᠯᠵᠠᠭᠠᠬᠤ ᠶᠠᠪᠣᠳᠠᠯ ᠲᠣᠬᠢᠶᠠᠯᠳᠣᠳᠠᠭ᠃ ᠡᠨᠡ ᠦᠶᠡᠰ ᠶᠡᠷᠦᠳᠡᠭᠡᠨ ᠬᠦᠯ ᠬᠦᠨᠳᠦ | ᠬᠦᠮᠦᠨ ︵ᠳᠠᠷᠣᠢ ᠪᠡᠶ᠎ᠡ ᠳᠠᠪᠬᠤᠷ ᠪᠦᠰᠡᠭᠦᠢ︶ ᠢ ᠣᠯᠵᠣ ᠰᠢᠪᠳᠣᠷᠣᠭᠤᠯᠳᠠᠭ᠃ ᠡᠭᠦᠨ ᠳᠤ ᠬᠤᠷᠳᠣᠨ ᠰᠠᠶᠢᠨ | ᠪᠣᠯᠣᠨ᠎ᠠ ᠭᠡᠳᠡᠭ᠃ | ⒉ᠨᠢᠳᠦᠨ ᠵᠣᠪᠬᠢᠨ ᠳᠤ ︽ᠡᠪᠦᠳᠦᠭ ᠭᠠᠷᠣᠭᠰᠠᠨ︾ ᠢ ᠳᠣᠮᠨᠠᠨ ᠵᠠᠰᠠᠬᠤ | ᠨᠢᠳᠦᠨ ᠵᠣᠪᠬᠢᠨ ᠳᠡᠭᠡᠷ᠎ᠡ ᠳᠣᠪᠣᠶᠢᠵᠣ ᠣᠯᠠᠶᠢᠳᠠᠭ ᠨᠢᠭᠡ ᠵᠦᠢᠯ ᠢ ︽ᠡᠪᠦᠳᠦᠭ ᠭᠠᠷᠣᠯ᠎ᠠ︾ ᠭᠡᠳᠡᠭ᠃ ᠡᠨᠡ | ᠦᠶᠡᠰ ᠨᠢᠳᠦ ᠪᠠᠨ ᠡᠪᠦᠳᠦᠭ ᠳᠡᠭᠡᠷ᠎ᠡ ᠪᠠᠨ ᠬᠦᠩᠭᠡᠨ ᠬᠦᠷᠭᠡᠵᠦ᠂ ᠰᠠᠶᠢᠨ ᠪᠣᠯᠵᠣ ᠡᠳᠡᠭᠡᠷᠡᠬᠦ ᠶᠢ ᠬᠦᠰᠡᠨ | ᠳᠣᠮᠨᠠᠳᠠᠭ᠃ | ⒊︽ᠦ︾ ᠶᠢ ᠵᠠᠰᠠᠬᠤ | ︽ᠦ︾ ᠪᠣᠯ ᠬᠦᠮᠦᠰ ᠤᠨ ᠨᠢᠭᠤᠷ ᠴᠢᠷᠠᠢ ᠪᠣᠶᠣ ᠬᠦᠯ ᠭᠠᠷ ᠳᠡᠭᠡᠷ᠎ᠡ ᠪᠣᠮᠪᠠᠶᠢᠨ ᠪᠡᠷᠵᠢᠢᠵᠦ ᠭᠠᠷᠬᠤ ᠨᠢᠭᠡ ᠵᠦᠢᠯ | ᠤᠨ ᠠᠷᠠᠰᠣᠨ ᠡᠪᠡᠳᠴᠢᠨ ᠮᠥᠨ᠃ ᠡᠭᠦᠨ ᠢ ᠨᠣᠳᠤᠭ ᠤᠨ ᠠᠷᠭ᠎ᠠ ᠪᠠᠷ ᠳᠣᠮᠨᠠᠨ ᠵᠠᠰᠠᠳᠠᠭ᠃ ᠠᠷᠭ᠎ᠠ ᠨᠢᠭᠡ᠄ | ᠵᠣᠨ ᠴᠠᠭ ᠡᠯᠵᠢᠭᠡᠨ ᠬᠤᠷᠣᠬᠠᠢ ︵ᠵᠠᠷᠢᠮ ᠭᠠᠵᠠᠷ ᠢᠮᠠᠯᠵᠠᠭᠠᠨᠠ ᠭᠡᠳᠡᠭ︶ ᠢ ᠪᠠᠷᠢᠵᠣ ᠠᠪᠣᠭᠠᠳ ︽ᠦ︾ ᠪᠠᠨ | ᠢᠳᠡᠭᠦᠯᠦᠨ᠎ᠡ᠃ ᠠᠷᠭ᠎ᠠ ᠬᠤᠶᠠᠷ᠄ ᠦᠬᠦᠭᠡᠷ ᠤᠨ ᠰᠢᠷᠣᠢ ︵ᠳᠠᠷᠣᠢ ᠣᠩᠭᠤᠨ ᠪᠣᠯᠠᠰᠢ ᠶᠢᠨ ᠰᠢᠷᠣᠢ︶ ᠠᠴᠠ | ᠨᠢᠭᠡ ᠠᠳᠬᠤ ᠠᠪᠴᠤ᠂ ᠦ ᠳᠡᠭᠡᠷ᠎ᠡ ᠪᠠᠨ ᠳᠦᠷᠬᠢᠵᠦ ᠵᠦᠯᠭᠦᠨ ᠳᠣᠮᠨᠠᠪᠠᠯ ᠣᠳᠠᠯ ᠦᠭᠡᠢ ᠣᠨᠠᠵᠣ ᠠᠷᠢᠯᠳᠠᠭ᠃ | ⒋ᠵᠠᠪᠠᠵᠢ ᠠᠮᠠᠭᠠᠶᠢᠳᠠᠭᠰᠠᠨ ᠢ ᠵᠠᠰᠠᠬᠤ | ᠵᠠᠷᠢᠮ ᠳᠤ ᠪᠠᠨ ᠵᠠᠪᠠᠵᠢ ᠶᠢᠨ ᠬᠡᠰᠡᠭ ᠢᠯᠪᠠᠷᠠᠵᠣ ᠲᠠᠰᠣᠷᠠᠬᠤ ᠪᠠᠶᠢᠳᠠᠯ ᠭᠠᠷᠴᠤ ᠡᠪᠡᠳᠳᠡᠭ᠃ ᠡᠶᠢᠮᠦ ᠦᠶᠡᠰ ᠶᠡᠷᠦ | ᠳᠤ ᠪᠠᠨ ᠮᠣᠳᠣᠨ ᠰᠠᠮ ᠢ ᠭᠠᠯ ᠳᠡᠭᠡᠷ᠎ᠡ ᠨᠡᠯᠢᠶᠡᠳ ᠬᠠᠯᠠᠭᠤᠯᠣᠨ ᠰᠢᠷᠠᠭᠠᠳ᠂ ᠵᠠᠪᠠᠵᠢ ᠶᠢᠨ ᠳᠡᠭᠡᠷ᠎ᠡ ᠪᠠᠨ ᠳᠠᠷᠣᠵᠣ | ᠬᠠᠯᠠᠭᠤᠯᠣᠨ ᠵᠠᠰᠠᠨ᠎ᠠ᠃ | ⒌ᠬᠦᠵᠦᠬᠦᠦ ᠭᠠᠵᠢᠬᠤ ᠪᠠᠶᠢᠳᠠᠯ ᠳᠤ | ᠬᠦᠵᠦᠬᠦᠦ ᠰᠡᠭᠡᠷ ᠬᠦᠰᠢᠵᠦ ᠭᠠᠵᠢᠭᠠᠳ ᠡᠪᠡᠳᠴᠦ᠂ ᠬᠠᠵᠠᠭᠤ ᠲᠡᠰᠢ ᠪᠠᠨ ᠡᠷᠬᠢᠵᠦ ᠬᠠᠷᠠᠵᠣ ᠳᠡᠶᠢᠯᠬᠦ ᠦᠭᠡᠢ | ᠪᠣᠯᠳᠠᠭ᠃ ᠡᠨᠡ ᠦᠶᠡᠰ ᠵᠦᠪᠬᠡᠨ ᠪᠦᠬᠦ ᠪᠡᠶ᠎ᠡ ᠪᠠᠷ ᠢᠶᠠᠨ ᠡᠷᠬᠢᠵᠦ ᠦᠭᠡᠷ᠎ᠡ ᠵᠦᠭ ᠲᠤ ᠬᠠᠷᠠᠵᠣ ᠪᠣᠯᠳᠠᠭ᠃ ᠡᠭᠦᠨ | ᠢ ᠵᠠᠰᠠᠬᠤ ᠳᠤ᠄ ᠭᠤᠯᠢᠷ ᠨᠢᠮᠭᠡᠯᠡᠳᠡᠭ ᠭᠠᠨᠳᠠᠨ ᠮᠣᠳᠣ ︵ᠭᠠᠨᠮᠢᠶᠠᠨᠵᠢᠶᠠᠩ︶ ᠪᠠᠷ ᠲᠣᠯᠣᠭᠠᠢ ᠶᠢᠨ ᠠᠷᠣ ᠳᠤ | ᠬᠦᠵᠦᠬᠦᠦ ᠰᠡᠭᠡᠷ ᠤᠨ ᠬᠡᠰᠡᠭ ᠲᠤ ᠬᠡᠳᠦ ᠣᠳᠠᠭ᠎ᠠ ᠳᠠᠷᠣᠵᠣ ᠨᠣᠬᠤᠯᠠᠳᠠᠭ᠃ ᠳᠠᠷᠣᠢ ᠪᠦᠮᠪᠦᠷᠢᠭᠦᠯᠦᠨ ᠳᠠᠷᠣᠵᠣ | ᠭᠠᠨᠮᠢᠶᠠᠨᠵᠠᠳᠠᠭ᠃ ᠢᠩᠭᠢᠵᠦ ᠳᠣᠮᠨᠠᠵᠣ ᠵᠠᠰᠠᠬᠤ ᠨᠢ ᠨᠡᠯᠢᠶᠡᠳ ᠲᠣᠰᠠ ᠪᠣᠯᠳᠠᠭ᠃ ᠵᠠᠷᠢᠮ ᠭᠠᠵᠠᠷ ᠲᠤ ᠪᠠᠰᠠ | ᠡᠷ᠎ᠡ ᠳᠠᠬᠢᠶᠠᠨ ᠳᠤ ᠮᠦᠷᠭᠦᠳᠡᠭ ᠭᠡᠨ᠎ᠡ᠃ | ⒍ᠬᠠᠷ᠎ᠠ ᠳᠠᠷᠣᠬᠤ ᠠᠴᠠ ᠰᠡᠷᠭᠡᠶᠢᠯᠡᠬᠦ | ᠦᠷᠭᠦᠯᠵᠢ ᠬᠠᠷ᠎ᠠ ᠳᠠᠷᠣᠨ ᠮᠠᠭᠤ ᠮᠠᠭᠤᠬᠠᠢ ᠠᠶᠣᠮᠰᠢᠭᠳᠠᠢ ᠵᠡᠭᠦᠳᠦ ᠵᠡᠭᠦᠳᠦᠯᠡᠨ ᠠᠶᠣᠵᠣ ᠰᠣᠴᠢᠨ ᠰᠠᠶᠢᠳᠣᠷ | ᠠᠮᠠᠷᠠᠵᠣ ᠳᠡᠯᠬᠦ ᠦᠭᠡᠢ ᠪᠠᠶᠢᠳᠠᠯ ᠭᠠᠷᠪᠠᠯ ᠣᠳᠠᠬᠤ ᠠᠴᠠ ᠪᠠᠨ ᠡᠮᠦᠨ᠎ᠡ ᠳᠡᠷᠡ ᠶᠢᠨ ᠢᠶᠠᠨ ᠳᠣᠤᠷ᠎ᠠ ᠨᠢ ᠬᠠᠶᠢᠴᠢ | ᠪᠣᠶᠣ ᠬᠢᠳᠤᠭ᠎ᠠ ᠶᠢ ᠢᠷ ᠢ ᠨᠢ ᠭᠠᠳᠠᠭᠰᠢ ᠬᠠᠨᠳᠣᠭᠤᠯᠣᠨ ᠳᠠᠷᠣᠵᠣ ᠲᠠᠯᠪᠢᠳᠠᠭ᠃ | ⒎ᠪᠠᠯᠴᠢᠷ ᠬᠡᠤᠬᠡᠳ ᠤᠨ ᠲᠣᠱᠠ ᠳᠠᠰᠣᠯᠬᠤ | ᠵᠠᠷᠢᠮ ᠰᠠᠶ᠋ᠢ ᠬᠦᠯ ᠳᠤ ᠣᠷᠣᠵᠣ ᠪᠠᠶᠢᠭ᠎ᠠ ᠬᠡᠣᠬᠡᠳ ᠪᠠᠶᠢᠨ ᠪᠠᠶᠢᠨ ᠪᠦᠳᠦᠷᠢᠵᠦ ᠣᠨᠠᠭᠠᠳ ᠪᠠᠶᠢᠳᠠᠭ᠃ ᠡᠭᠦᠨ ᠳᠤ | ᠵᠠᠷᠢᠮ ᠭᠠᠵᠠᠷ ᠨᠠᠭᠠᠴᠣ ᠪᠠᠷ ᠨᠢ ᠲᠣᠱᠠ ᠲᠠᠰᠣᠯᠠᠭᠤᠯᠣᠨᠠ᠃ ᠵᠠᠷᠢᠮ ᠭᠠᠵᠠᠷ ᠲᠤ ᠬᠦᠯ ᠬᠤᠷᠳᠣᠨ ᠬᠦᠮᠦᠨ ᠣᠯᠵᠣ | ᠲᠣᠱᠠ ᠶᠢ ᠨᠢ ᠲᠠᠰᠣᠯᠠᠭᠤᠯᠣᠨᠠ᠃ ᠡᠭᠦᠨ ᠳᠤ ᠪᠦᠰ ᠣᠶᠠᠳᠠᠯ ᠵᠡᠷᠭᠡ ᠶᠢ ᠣᠯᠵᠣ ᠬᠡᠣᠬᠡᠳ ᠤᠨ ᠬᠦᠯ ᠢ | ᠲᠣᠱᠠᠵᠣ ᠣᠶᠠᠭᠠᠳ᠂ ᠠᠯᠬᠤᠭᠤᠯᠵᠣ ᠪᠠᠶᠢᠭᠠᠳ ᠮᠠᠯᠠᠭᠠᠢ ᠪᠠᠷ ᠴᠣᠬᠢᠵᠣ᠂ ᠲᠠᠷᠠᠭ᠎ᠠ ᠨᠢ ᠣᠴᠢᠵᠣ ᠲᠣᠱᠠ ᠶᠢ | ᠬᠠᠶᠢᠴᠢᠯᠠᠵᠣ ᠲᠠᠰᠣᠯᠠᠨᠠ᠃ ᠢᠩᠭᠢᠭᠰᠡᠨ ᠤ ᠳᠠᠷᠠᠭ᠎ᠠ ᠲᠣᠷᠴᠤ ᠪᠦᠳᠦᠷᠢᠬᠦ ᠦᠭᠡᠢ ᠪᠣᠯᠣᠨ᠎ᠠ ᠭᠡᠳᠡᠭ᠃ | ⒏ᠨᠣᠬᠠᠢ ᠳᠤ ᠬᠠᠵᠠᠭᠳᠠᠭᠰᠠᠨ ᠰᠢᠷᠬ᠎ᠠ ᠳᠤ | ᠦᠩᠭᠡᠷᠡᠭᠰᠡᠨ ᠳᠤ ᠨᠣᠬᠠᠢ ᠳᠤ ᠬᠠᠵᠠᠭᠳᠠᠭᠰᠠᠨ ᠣᠴᠢᠷ ᠭᠠᠷᠪᠠᠯ᠂ ᠡᠵᠡᠨ ᠨᠢ ᠨᠣᠬᠠᠢ ᠪᠠᠨ ᠬᠠᠵᠠᠭᠳᠠᠭᠰᠠᠨ ᠬᠦᠮᠦᠨ | ︵ᠬᠡᠣᠬᠡᠳ︶ ᠤ ᠡᠮᠦᠨ᠎ᠡ ᠵᠣᠳᠣᠵᠣ ᠰᠣᠷᠭᠠᠬᠤ ᠪᠦᠭᠡᠳ ᠨᠣᠬᠠᠢ ᠶᠢᠨ ᠰᠡᠭᠦᠯ ᠤᠨ ᠦᠵᠦᠭᠦᠷ ᠤᠨ ᠦᠰᠦ ᠠᠴᠠ | ᠬᠠᠶᠢᠴᠢᠯᠠᠨ ᠠᠪᠴᠤ ᠰᠢᠳᠠᠭᠠᠭᠠᠳ᠂ ᠦᠨᠡᠰᠦ ᠶᠢ ᠨᠢ ᠬᠠᠵᠠᠭᠳᠠᠭᠰᠠᠨ ᠰᠢᠷᠬᠠᠨ ᠳᠡᠭᠡᠷ᠎ᠡ ᠨᠢ ᠳᠦᠷᠬᠢᠵᠦ ᠦᠭᠭᠦᠨ᠎ᠡ᠃ | | ⒐ᠲᠣᠯᠣᠭᠠᠢ ᠡᠪᠡᠳᠬᠦ ᠶᠢ ᠵᠠᠰᠠᠬᠤ | ᠲᠣᠯᠣᠭᠠᠢ ᠳᠡᠭᠡᠷ᠎ᠡ ᠪᠠᠨ ᠠᠯᠴᠢᠭᠤᠷ ᠲᠠᠯᠪᠢᠵᠦ ᠳᠡᠭᠡᠷ᠎ᠡ ᠨᠢ ᠴᠠᠢ ᠪᠣᠴᠠᠯᠭᠠᠭᠰᠠᠨ ᠳᠡᠪᠦᠷ᠎ᠡ ᠪᠠᠷ ᠵᠢᠩ ᠪᠠᠷᠢᠵᠣ | ᠵᠠᠰᠠᠳᠠᠭ᠃ ᠲᠠᠪᠣᠰᠣ ᠲᠠᠢ ᠪᠦᠯᠢᠶᠡᠨ ᠣᠰᠣ ᠪᠠᠷ ᠲᠣᠯᠣᠭᠠᠢ ᠪᠠᠨ ᠱᠠᠪᠰᠢᠵᠣ ᠬᠦᠯ ᠢᠶᠠᠨ ᠣᠬᠢᠶᠠᠬᠤ᠃ | ⒑ᠰᠢᠳᠦ ᠡᠪᠡᠳᠬᠦ ᠶᠢ ᠵᠣᠭᠰᠣᠭᠠᠬᠤ | ᠰᠢᠳᠦ ᠡᠪᠡᠳᠬᠦ ᠳᠤ ᠰᠣᠩᠬᠢᠨ᠎ᠠ ᠶᠢᠨ ᠦᠷ᠎ᠡ ᠶᠢ ᠬᠡᠮᠬᠡᠯᠦᠭᠡᠳ ᠰᠢᠳᠠᠭᠠᠨ ᠣᠩᠭᠤᠰᠬᠠᠵᠣ ᠰᠢᠳᠦ ᠠᠮᠠ ᠦᠭᠡᠳᠡ ᠪᠠᠨ | ᠣᠳᠣᠬᠤ᠃ | ⒒ᠬᠦᠷᠡᠭᠡ ᠬᠦᠭᠡᠷᠬᠦ ᠶᠢ ᠵᠠᠰᠠᠬᠤ | ᠰᠠᠭᠠᠭ ᠤᠨ ᠭᠤᠯᠢᠷ ᠢ ᠵᠢᠭᠤᠷᠠᠭᠠᠳ᠂ ᠬᠦᠵᠦᠬᠦᠨ ᠳᠡᠭᠡᠷ᠎ᠡ ᠪᠠᠨ ᠰᠢᠪᠠᠨᠠ᠃ | ⒓ᠬᠡᠣᠬᠡᠳ ᠤᠨ ᠭᠡᠳᠡᠰᠦ ᠬᠦᠬᠡᠬᠡᠬᠦ ᠳᠤ | ᠰᠢᠷ᠎ᠠ ᠲᠣᠰᠣ ᠶᠢ ᠬᠠᠯᠠᠭᠤᠯᠵᠣ ᠬᠦᠢᠰᠦᠨ ᠳᠡᠭᠡᠷ᠎ᠡ ᠨᠢ ᠲᠠᠯᠪᠢᠬᠤ᠃ ᠳᠠᠪᠣᠰᠣ ᠶᠢ ᠬᠠᠯᠠᠭᠤᠯᠣᠨ ᠵᠢᠵᠢᠭ ᠣᠭᠤᠳᠠᠨ | ᠳᠤ ᠬᠢᠵᠦ ᠬᠦᠢᠰᠦᠨ ᠳᠡᠭᠡᠷ᠎ᠡ ᠨᠢ ᠲᠠᠯᠪᠢᠬᠤ᠃ | ⒔ᠨᠢᠯᠬ᠎ᠠ ᠬᠡᠣᠬᠡᠳ ᠠᠶᠣᠵᠣ ᠰᠣᠴᠢᠬᠤ ᠪᠣᠶᠣ ᠡᠪᠡᠳᠴᠢᠨ ᠲᠣᠮᠤᠭ᠎ᠠ ᠠᠴᠠ ᠰᠡᠷᠭᠡᠶᠢᠯᠡᠬᠦ | ᠬᠡᠣᠬᠡᠳ ᠤᠨ ᠮᠠᠩᠨᠠᠢ ᠳᠡᠭᠡᠷ᠎ᠡ ᠨᠢ ᠵᠣᠤᠬ᠎ᠠ ᠲᠣᠭᠤᠭᠠᠨ ᠤ ᠬᠦ᠋ ᠶᠢ ᠳᠦᠷᠬᠢᠬᠦ᠃ ︵ᠭᠠᠳᠠᠭᠰᠢ ᠭᠠᠷᠬᠤ ᠳᠤ︶ | ⒕ᠬᠡᠣᠬᠡᠳ ᠤᠨ ᠬᠤᠳᠣᠭᠤᠳᠣ ᠭᠡᠳᠡᠰᠦ ᠬᠦᠳᠡᠯᠬᠦ ᠠᠴᠠ ᠰᠡᠷᠭᠡᠶᠢᠯᠡᠬᠦ | ᠨᠢᠯᠬ᠎ᠠ ᠬᠡᠣᠬᠡᠳ ᠢ ᠲᠡᠷᠭᠡ ᠣᠨᠣᠭᠠᠨ ᠳᠡᠭᠡᠷ᠎ᠡ ᠠᠪᠴᠤ ᠶᠠᠪᠣᠬᠤ ᠳᠤ ᠬᠤᠳᠣᠭᠤᠳᠣ ᠭᠡᠳᠡᠰᠦ ᠬᠦᠳᠡᠯᠬᠦ ᠠᠴᠠ | ᠰᠡᠷᠭᠡᠶᠢᠯᠡᠨ᠂ ᠳᠠᠪᠣᠰᠣ ᠲᠠᠢ ᠵᠢᠵᠢᠭ ᠣᠭᠤᠳᠠ ᠶᠢ ᠬᠦᠢᠰᠦᠨ ᠳᠡᠭᠡᠷ᠎ᠡ ᠨᠢ ᠳᠠᠷᠣᠵᠣ ᠪᠣᠭᠤᠨ᠎ᠠ᠃ | ⒖ᠬᠡᠣᠬᠡᠳ ᠦᠭᠡᠢ ᠬᠦᠮᠦᠨ ᠬᠡᠣᠬᠡᠳ ᠲᠠᠢ ᠪᠣᠯᠬᠤ ᠶᠢ ᠬᠦᠰᠡᠪᠡᠯ | ᠬᠤᠷᠢᠮᠯᠠᠭᠠᠳ ᠬᠡᠳᠦᠨ ᠵᠢᠯ ᠪᠣᠯᠵᠣ ᠬᠡᠣᠬᠡᠳ ᠣᠯᠬᠤ ᠬᠦᠮᠦᠰ ᠪᠠᠶᠢᠳᠠᠭ᠃ ᠲᠡᠭᠡᠪᠡᠯ ᠪᠣᠰᠣᠳ ᠤᠨ ᠬᠡᠣᠬᠡᠳ ᠢ | ᠦᠷᠡᠴᠢᠯᠡᠨ ᠲᠡᠵᠢᠭᠡᠪᠡᠯ ᠳᠠᠷᠣᠢ ᠪᠡᠶ᠎ᠡ ᠳᠠᠪᠬᠤᠷ ᠪᠣᠯᠵᠣ ᠬᠡᠣᠬᠡᠳ ᠲᠠᠢ ᠪᠣᠯᠳᠠᠭ᠃ | ᠮᠣᠩᠭᠤᠯ ᠨᠣᠳᠤᠭ ᠲᠤ ᠪᠠᠰᠠ ︽ᠬᠡᠣᠭᠡᠳ ᠤᠨ ᠣᠪᠣᠭ᠎ᠠ︾ ᠭᠡᠵᠦ ᠪᠠᠶᠢᠳᠠᠭ᠃ ᠲᠣᠰ ᠣᠪᠣᠭᠠᠨ ᠳᠤ ᠡᠷᠭᠦᠴᠡ | ᠡᠷᠭᠦᠵᠦ᠂ ᠬᠡᠣᠬᠡᠳ ᠣᠯᠬᠤ ᠶᠢ ᠬᠦᠰᠡᠨ ᠳᠠᠭᠠᠳᠬᠠᠵᠣ ᠮᠦᠷᠭᠦᠳᠡᠭ᠃ | ᠬᠦᠦ ᠣᠯᠬᠤ ᠶᠢ ᠬᠦᠰᠡᠪᠡᠯ᠂ ᠬᠡᠣᠬᠡᠨ ᠳᠤ ᠪᠠᠨ ︽ᠬᠦᠦ︾ ᠦᠰᠦᠭ ᠣᠷᠣᠭᠰᠠᠨ ᠨᠡᠷ᠎ᠡ ᠦᠭᠳᠡᠭ᠃ ᠵᠢᠱᠢᠶᠡᠯᠡᠪᠡᠯ | ᠄ ᠬᠦᠦᠶᠢᠷᠡ᠂ ᠳᠡᠭᠦᠦᠶᠢᠷᠡ᠂ ᠬᠦᠦᠶᠢᠷᠡᠭᠴᠢ᠂ ᠬᠦᠦᠳᠠᠭᠠᠭᠤᠯ᠂ ᠳᠡᠭᠦᠦᠳᠠᠭᠠᠭᠤᠯ᠂ ᠨᠠᠷᠠᠨᠬᠦᠦ᠂ ᠰᠠᠷᠠᠨᠬᠦᠦ᠂ | ᠣᠳᠣᠨᠬᠦᠦ᠂ ᠢᠷᠡᠬᠦᠦ᠂ ᠬᠦᠦᠪᠣᠯᠤᠭ᠂ ᠬᠦᠦᠵᠠᠶᠠᠭᠠ᠂ ᠠᠯᠳᠠᠨᠬᠦᠦ᠂ ᠮᠦᠩᠭᠦᠨᠬᠦᠦ᠂ ᠡᠷᠳᠡᠨᠢᠬᠦᠦ᠂ ᠰᠣᠪᠣᠳᠬᠦᠦ | ᠮᠡᠳᠦ᠃ | ᠢᠷᠡᠯᠲᠡ᠄ ᠬᠤᠯᠪᠤᠭ᠎ᠠ ᠪᠦᠷᠭᠡ | ᠳᠡᠪᠰᠢᠭᠦᠯᠦᠭᠴᠢ᠄ ᠲᠡᠷᠭᠡᠯ | |