ᠡᠪᠦᠯ  ᠤᠨ ᠴᠠᠰᠣ ᠨᠠᠮᠣᠷ ᠤᠨ ᠠᠮᠦ
ᠨᠡᠶᠢᠲᠡᠯᠡᠭᠰᠡᠨ ᠴᠠᠭ᠄
2024/3/18
                     ᠬᠠᠪᠣᠷ  ᠤᠨ ᠬᠤᠷᠴᠠ ᠨᠠᠷᠠᠨ ᠳᠤ ᠡᠪᠦᠯ  ᠤᠨ ᠬᠤᠩᠭᠠᠷᠯᠠᠬᠰᠠᠨ ᠴᠠᠰᠣ ᠣᠶᠠᠰᠣᠨ ᠬᠠᠶᠢᠯᠵᠦ᠂ ᠭᠠᠵᠠᠷ ᠤᠨ ᠬᠦᠷᠦᠰᠦ ᠶᠢ ᠴᠢᠭᠢᠭᠲᠡᠬᠦᠯᠦᠨ ᠦᠰᠴᠦ ᠲᠦᠯᠵᠢᠬᠦ ᠠᠮᠢᠯᠠᠯ ᠤᠨ ᠰᠢᠮ᠎ᠡ ᠪᠠᠷ ᠲᠦᠮᠡᠨ ᠪᠣᠲᠠᠰ  ᠢ ᠣᠮᠲᠠᠯᠠᠨ᠎ᠠ᠃ ᠲᠡᠭᠡᠬᠦ ᠳᠡᠭᠡᠨ ᠴᠠᠰᠣ ᠣᠷᠣᠬᠤ ᠳᠤ ᠵᠦᠪᠬᠡᠨ ᠬᠡᠦᠬᠡᠳ ᠪᠠᠶᠠᠷᠯᠠᠬᠤ ᠲᠡᠳᠦᠢ ᠦᠭᠡᠢ ᠬᠦᠷᠦᠰᠦᠨ ᠲᠣᠣᠷᠠᠬᠢ ᠨᠢᠯᠬ᠎ᠠ ᠨᠣᠭᠤᠭ᠎ᠠ ᠴᠦ ᠦᠨᠳᠡᠶᠢᠨ ᠰᠡᠷᠪᠡᠯᠵᠡᠲᠡᠭ ᠶᠣᠮ᠃       ᠦᠰᠴᠦ ᠣᠷᠭᠤᠬᠤ ᠶᠢᠨ ᠲᠦᠯᠦᠭᠡᠨ ᠤ ᠬᠦᠰᠡᠯ ᠲᠣᠬᠲᠣᠯᠣᠯ ᠭᠡᠵᠦ ᠲᠡᠷᠡ ᠪᠣᠶᠣ᠃ ᠮᠣᠩᠭᠤᠯ ᠠᠷᠠᠳ  ᠤᠨ  ᠦᠬᠡᠨ ᠳᠤ ᠰᠠᠶᠢᠨ ᠡᠪᠦᠯ ᠴᠠᠰᠣ ᠲᠠᠢ᠂ ᠮᠠᠭᠤ ᠨᠠᠮᠣᠷ ᠪᠣᠷᠣᠭᠠᠨ ᠲᠠᠢ ᠭᠡᠵᠦ ᠶᠠᠷᠢᠲᠠᠬ᠃ ᠡᠨᠡ ᠨᠢ ᠠᠮᠢᠲᠠᠨ ᠣᠷᠭᠤᠮᠠᠯ ᠤᠨ  ᠦᠰᠴᠦ ᠣᠷᠭᠤᠬᠤ ᠳᠤ ᠡᠪᠦᠯ ᠤᠨ  ᠴᠠᠰᠣ ᠨᠠᠮᠣᠷ ᠤᠨ  ᠪᠣᠷᠣᠭᠠᠨ ᠠᠴᠠ ᠢᠯᠡᠬᠦᠦ ᠦᠯᠡᠮᠵᠢ ᠲᠣᠰᠠ ᠪᠣᠯᠲᠠᠬ ᠭᠡᠰᠡᠨ ᠣᠳᠬ᠎ᠠ ᠪᠢᠵᠠ᠂ ᠨᠡᠬᠡᠷᠡᠨ ᠬᠠᠪᠣᠷ ᠤᠨ  ᠰᠠᠷ᠎ᠠ ᠭᠠᠷᠴᠣ᠂ ᠬᠠᠯᠠᠭᠤᠨ ᠰᠠᠯᠬᠢ ᠰᠠᠷ ᠰᠡᠷ ᠦᠯᠢᠶᠡᠬᠦ ᠳᠤ 《ᠵᠢᠯᠠᠭ᠎ᠠ ᠪᠦᠬᠦᠲᠡ ᠶᠢᠨ ᠣᠷᠣᠭᠤ᠂ ᠵᠢᠷ ᠵᠢᠷ ᠣᠷᠣᠰᠴᠣ᠂ ᠵᠢᠷᠠ ᠲᠠᠯᠠᠨ ᠠᠮᠢᠲᠠᠨ  ᠤ ᠣᠮᠲᠠ ᠪᠣᠯᠵᠦ᠂ ᠭᠤᠣ ᠲᠠᠭᠠᠨ ᠣᠷᠣᠰᠴᠣ᠂ ᠭᠤᠨ᠎ᠠ ᠮᠠᠯ ᠤᠨ  ᠣᠮᠲᠠ ᠪᠣᠯᠲᠠᠬ》 ᠨᠢ ᠬᠠᠪᠣᠷ ᠤᠨ  ᠬᠠᠶᠢᠯᠣᠭᠠᠳ ᠣᠷᠣᠰᠴᠣ ᠪᠠᠶᠢᠭ᠎ᠠ ᠴᠠᠰᠣᠨ  ᠤ ᠣᠶᠠᠩᠭ᠎ᠠ ᠲᠠᠭᠤᠣ ᠭᠡᠯᠲᠡᠢ᠃ ᠴᠠᠰᠣ ᠪᠣᠯ ᠣᠰᠣᠨ  ᠤ ᠬᠡᠯᠪᠡᠷᠢ᠂ ᠡᠪᠦᠯ ᠤᠨ  ᠴᠢᠮᠡᠭ᠂ ᠦᠰᠬᠦ ᠨᠠᠰᠣᠨ  ᠤ ᠵᠢᠷᠭᠠᠯ ᠶᠣᠮᠰᠠᠨ᠃ ᠴᠠᠰᠣ ᠦᠭᠡᠢ ᠪᠠᠷ ᠡᠪᠦᠯ  ᠢ  ᠪᠢᠳᠡ ᠲᠦᠰᠦᠭᠡᠯᠡᠬᠦ ᠶᠢᠨ ᠠᠷᠭ᠎ᠠ ᠦᠭᠡᠢ᠃ ᠬᠤᠬ ᠲᠣᠭᠤᠰᠣ ᠶᠢ ᠲᠠᠷᠣᠬᠤ ᠭᠡᠵᠦ᠂ ᠬᠠᠯᠲᠠᠷ ᠪᠣᠯᠲᠠᠷ ᠵᠢᠷᠲᠢᠨᠴᠦ ᠶᠢ ᠠᠷᠢᠭᠤᠯᠠᠬᠤ ᠭᠡᠮᠡᠨ  ᠰᠦ᠋‌‍ᠰᠢᠭ ᠠᠷᠢᠭᠤᠨ᠂ ᠰᠡᠳᠬᠢᠯ ᠮᠡᠲᠦ ᠭᠡᠭᠡᠨᠴᠢᠷ ᠴᠠᠰᠣ ᠬᠠᠶᠠᠯᠠᠲᠠᠬ᠃ ᠡᠪᠦᠭᠡᠳ ᠴᠠᠰᠣ ᠦᠭᠡᠢ ᠡᠪᠦᠯ  ᠢ ᠬᠠᠷ᠎ᠠ ᠡᠪᠦᠯ ᠭᠡᠲᠡᠭ᠃ ᠦᠩᠭᠡ ᠦᠭᠡᠢ᠂ ᠦᠵᠡᠮᠵᠢ ᠴᠢᠮᠡᠭ ᠴᠦ ᠠᠯᠠᠭ᠎ᠠ ᠭᠡᠰᠡᠨ ᠲᠠᠯᠲᠠ ᠰᠠᠨᠠᠭ᠎ᠠ᠃ ᠠᠵᠠ ᠪᠠᠷ᠂ ᠨᠢᠲᠣᠨᠣᠨ ᠡᠪᠦᠯ ᠠᠴᠠ ᠨᠠᠭᠠᠰᠢ ᠮᠠᠨ  ᠤ ᠣᠷᠣᠨ ᠳᠤ ᠵᠠᠯᠭᠠᠭ᠎ᠠ ᠪᠠᠷ ᠬᠡᠲᠦᠨ ᠣᠲᠠᠭ᠎ᠠ ᠨᠡᠶᠢᠲᠡᠮ ᠶᠡᠭᠡ ᠴᠠᠰᠣ ᠣᠷᠣᠵᠦ᠂ ᠮᠦᠰᠦ ᠲᠠᠢ᠂ ᠴᠠᠰᠣ ᠲᠠᠢ ᠮᠦᠩᠬᠦᠨ ᠡᠪᠦᠯ  ᠢ ᠲᠣᠭᠤᠯᠵᠦ᠂ ᠪᠦᠬᠦ ᠣᠯᠣᠰ  ᠤᠨ ᠡᠪᠦᠯ  ᠤᠨ ᠣᠯᠠᠷᠢᠯ  ᠤᠨ ᠲᠠᠮᠢᠷ  ᠤᠨ ᠴᠣᠬᠯᠠᠭᠠᠨ ᠶᠠᠪᠣᠬᠲᠠᠬᠤ ᠳᠤ ᠣᠮᠠᠷᠠᠲᠣ ᠣᠷᠣᠨ  ᠤ ᠡᠴᠢᠨ᠎ᠡ ᠭᠠᠶᠢᠬᠠᠮᠰᠢᠬ ᠢ ᠲᠡᠯᠭᠡᠭᠰᠡᠨ ᠪᠠᠶᠢᠨ᠎ᠠ᠃ ᠬᠡᠲᠦ᠋ᠪᠡᠷ ᠬᠠᠶᠠ ᠵᠠᠷᠢᠮ ᠳᠠᠭᠠᠨ ᠴᠠᠰᠣ ᠲᠣᠬᠰᠢᠷᠠᠨ ᠰᠢᠭᠤᠷᠴᠣ 《ᠴᠠᠭᠠᠨ ᠵᠣᠳ》 ᠪᠣᠯᠵᠦ᠂ ᠬᠦᠮᠦᠨ ᠮᠠᠯ  ᠢ ᠬᠡᠯᠮᠡᠭᠲᠡᠬᠦᠯᠦᠨ᠂ ᠨᠠᠭᠠᠰᠢ ᠴᠠᠭᠠᠰᠢ ᠵᠣᠷᠴᠢᠬᠤ ᠵᠠᠮ ᠬᠠᠷᠢᠯᠴᠠᠭ᠎ᠠ ᠶᠢ ᠪᠦᠭᠯᠡᠵᠦ ᠲᠦᠭᠵᠢᠨ ᠰᠦᠢᠳ ᠪᠣᠯᠲᠠᠬ ᠴᠦ ᠬᠠᠪᠣᠷ  ᠤᠨ ᠣᠷᠢᠨ ᠰᠠᠭᠠᠲᠠᠬᠤ ᠳᠤ ᠬᠤᠷᠠᠬᠰᠠᠨ ᠴᠠᠰᠣ ᠬᠠᠶᠢᠯᠵᠦ᠂ ᠬᠠᠮᠤᠬ ᠪᠣᠲᠠᠰ  ᠤᠨ ᠦᠰᠴᠦ ᠣᠷᠭᠤᠬᠤ ᠰᠢᠮ᠎ᠡ ᠪᠣᠯᠵᠦ ᠠᠭᠤᠰᠬᠤ ᠨᠢ ᠪᠠᠭ᠋ᠠᠲᠣᠭᠤᠰᠢᠲᠠᠢ᠃        ᠬᠠᠪᠣᠷ ᠤᠨ  ᠣᠷᠢᠨ ᠰᠠᠭᠠᠲᠠᠬᠤ ᠳᠤ ᠬᠠᠮᠤᠬ ᠪᠣᠲᠠᠰ ᠲᠦᠯᠵᠢᠨ ᠠᠮᠢᠯᠠᠨ᠎ᠠ᠃ ᠠᠷᠭ᠎ᠠ ᠶᠢᠨ ᠣᠯᠠᠷᠢᠯ ᠤᠨ  ᠬᠤᠶᠠᠲᠣᠭᠠᠷ ᠰᠠᠷ᠎ᠠ ᠶᠢᠨ ᠬᠤᠷᠢᠳ ᠤᠨ  ᠦᠶ᠎ᠡ ᠪᠠᠷ ᠶᠠᠬ ᠬᠤᠷᠢᠨ ᠲᠦᠷᠪᠡᠨ ᠴᠠᠬ ᠣᠯᠠᠷᠢᠯ ᠤᠨ  ᠬᠤᠷ᠎ᠠ ᠣᠰᠣ ᠲᠣᠬᠢᠶᠠᠲᠠᠬ᠃ ᠡᠨᠡ ᠦᠶ᠎ᠡ ᠪᠠᠷ ᠴᠠᠬ ᠠᠭᠤᠷ ᠨᠡᠩ ᠣᠷᠢᠨ ᠲᠣᠯᠠᠭᠠᠨ ᠪᠣᠯᠵᠦ᠂ ᠴᠠᠰᠣ ᠬᠤᠷ᠎ᠠ ᠪᠣᠯᠣᠨ ᠪᠠᠭᠤᠵᠦ᠂ ᠰᠢᠮᠡᠷᠭ᠎ᠠ ᠴᠠᠰᠣ ᠣᠷᠣᠵᠦ ᠡᠬᠢᠯᠡᠬᠦ ᠪᠣᠶᠣ ᠵᠦᠭᠡᠢ ᠲᠡᠷᠢᠬᠦᠲᠡᠨ ᠨᠢᠰᠦᠨ᠎ᠡ ᠭᠡᠮᠡᠵᠦ ᠵᠠᠩ ᠦᠢᠯᠡ ᠶᠢᠨ ᠲᠣᠯᠢ ᠳᠤ ᠲᠠᠶᠢᠯᠪᠣᠷᠢᠯᠠᠬᠰᠠᠨ ᠨᠢ ᠪᠣᠢ᠃        ᠶᠡᠷᠦ ᠨᠢ ᠣᠷᠭᠤᠮᠠᠯ ᠤᠨ  ᠦᠰᠴᠦ ᠣᠷᠭᠤᠬᠤ ᠳᠤ ᠣᠰᠣ᠂ ᠠᠭᠠᠷ ᠪᠣᠯᠣᠨ ᠨᠠᠷᠠᠨ  ᠤ ᠭᠡᠷᠡᠯ ᠱᠠᠭᠠᠷᠲᠠᠲᠠᠬ ᠭᠡᠵᠦ ᠪᠠᠭ᠎ᠠ ᠰᠣᠷᠭᠠᠭᠤᠯᠢ ᠶᠢᠨ  ᠪᠠᠶᠢᠭᠠᠯᠢ ᠶᠢᠨ ᠬᠢᠴᠢᠶᠡᠯ ᠳᠤ ᠵᠢᠭᠠᠲᠠᠬ ᠪᠢᠯᠡ᠃ ᠭᠡᠬᠦ ᠳᠡᠭᠡᠨ ᠡᠨᠡ ᠬᠦ᠋ ᠣᠰᠣᠨ  ᠤ ᠢᠷᠡᠯᠲᠡ ᠶᠢᠨ ᠲᠡᠩ ᠬᠠᠭᠠᠰ ᠨᠢ ᠬᠠᠪᠣᠷ ᠤᠨ  ᠨᠠᠷᠠᠨ ᠳᠤ ᠬᠠᠶᠢᠯᠣᠭᠠᠳ ᠣᠷᠣᠰᠴᠣ ᠪᠣᠢ ᠴᠠᠰᠣ ᠮᠦᠨ ᠭᠡᠲᠡᠭ  ᠢ ᠮᠡᠳᠡᠬᠦᠰᠢᠲᠡᠢ᠃ ᠢᠩᠬᠢᠭᠡᠳ ᠪᠣᠲᠣᠬᠤ ᠳᠤ᠂ ᠬᠠᠶᠠᠯᠠᠬᠤ ᠴᠠᠰᠣᠨ  ᠤ ᠠᠴᠢ ᠦᠢᠯᠡᠲᠦᠯ ᠨᠢ ᠵᠦᠪᠬᠡᠨ ᠬᠠᠬᠢᠷ ᠡᠪᠦᠯ ᠳᠡᠭᠡᠨ ᠪᠠᠶᠢᠬᠤ ᠲᠡᠲᠦᠢ ᠦᠭᠡᠢ ᠬᠠᠪᠣᠷ  ᠤᠨ ᠴᠠᠬ ᠲᠤ ᠬᠠᠶᠢᠯᠣᠭᠠᠳ ᠬᠠᠮᠤᠬ ᠪᠦᠬᠦᠨ  ᠤ ᠣᠮᠲᠠ ᠪᠣᠯᠵᠦ᠂ ᠦᠰᠴᠦ ᠦᠨᠳᠡᠶᠢᠬᠦ ᠭᠡᠰᠡᠨ ᠦᠭᠡᠲᠡᠷᠭᠡᠭ ᠬᠦᠰᠡᠯ  ᠢ ᠡᠷᠬᠦᠵᠦ ᠲᠡᠳᠬᠦᠵᠦ ᠪᠠᠶᠢᠲᠠᠬ ᠠᠵᠢ᠃ ᠴᠠᠬ ᠤᠨ  ᠶᠠᠭᠤᠮ᠎ᠠ ᠴᠠᠬ ᠲᠠᠭᠠᠨ ᠰᠠᠶᠢᠬᠠᠨ᠂ ᠴᠠᠰᠣ ᠣᠷᠣᠪᠠᠯ ᠬᠠᠪᠣᠷ ᠲᠠᠭᠠᠨ ᠨᠡᠩ ᠰᠠᠶᠢᠬᠠᠨ᠃  ᠬᠠᠩᠭᠠᠢ ᠬᠦᠪᠴᠢ ᠶᠢ ᠪᠦᠷᠬᠦᠲᠡᠯ᠎ᠡ ᠣᠷᠣᠬᠰᠠᠨ ᠴᠠᠰᠣ ᠨᠢ ᠬᠠᠬᠢᠷ ᠡᠪᠦᠯ ᠤᠨ  ᠦᠩᠭᠡ ᠪᠣᠯᠣᠨ ᠴᠢᠨᠠᠷ  ᠢ ᠬᠠᠷᠠᠭᠤᠯᠬᠤ ᠲᠡᠲᠦᠢ ᠦᠭᠡᠢ ᠬᠠᠪᠣᠷ ᠤᠨ  ᠠᠮᠢᠯᠠᠯ ᠪᠠ ᠨᠠᠮᠣᠷ ᠤᠨ  ᠬᠤᠷᠢᠶᠠᠯᠲᠠ ᠶᠢ ᠬᠤᠷᠦ᠋ᠢᠯᠠᠨ ᠪᠡᠯᠭᠡᠲᠡᠵᠦ ᠪᠠᠶᠢᠲᠠᠬ᠃ ᠶᠠᠬ ᠡᠶᠢᠮᠦ ᠠᠴᠠ ᠡᠪᠦᠯ ᠤᠨ  ᠴᠠᠰᠣ᠂ ᠨᠠᠮᠣᠷ ᠤᠨ  ᠠᠮᠦ ᠭᠡᠵᠦ ᠰᠡᠴᠡᠯᠡᠭᠰᠡᠨ ᠣᠬᠠᠭᠠᠨᠲᠣ ᠪᠣᠭᠤᠷᠣᠯ ᠤᠨ  ᠰᠣᠷᠭᠠᠯ  ᠢ ᠰᠠᠨᠠᠵᠦ ᠰᠡᠳᠬᠢᠬᠦᠰᠢᠲᠡᠢ᠃ᠢᠷᠡᠯᠲᠡ᠄ ᠳᠡᠪᠰᠢᠭᠦᠯᠦᠭᠴᠢ᠄  ᠲᠡᠷᠭᠡᠯ 
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ  ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2