ᠨᠣᠭᠤᠭ᠎ᠠ ᠤᠬᠢᠶᠠᠬᠤ ᠳᠠᠭᠠᠨ ᠪᠢᠲᠡᠭᠡᠶ ᠢᠩᠭᠢᠵᠦ ᠤᠬᠢᠶᠠ᠂ ᠤᠬᠢᠶᠠᠬᠤ ᠲᠤᠲᠤᠮ ᠪᠤᠵᠠᠷ ᠪᠤᠯᠬᠤ ᠪᠦᠭᠡᠳ | ᠪᠠᠰᠠ ᠰᠢᠮ᠎ᠡ ᠲᠡᠵᠢᠭᠡᠯ ᠨᠢ ᠠᠯᠳᠠᠬᠳᠠᠨᠠ︕ ᠤᠯᠠᠨ ᠬᠥᠮᠦᠨ ᠪᠦᠷ ᠵᠥᠪ ᠤᠬᠢᠶᠠᠵᠦ ᠴᠢᠳᠠᠬᠤ ᠦᠭᠡᠢ ᠪᠠᠶᠢᠨ᠎ᠠ | | 4 ᠵᠦᠢᠯ ᠤᠨ ᠪᠤᠷᠤᠭᠤ ᠮᠦᠷᠳᠡᠭᠡᠨ ᠦᠷᠭᠦᠯᠵᠢ ᠬᠠᠷᠠᠭᠳᠠᠳᠠᠭ ᠨᠣᠭᠤᠭ᠎ᠠ ᠤᠬᠢᠶᠠᠬᠤ ᠠᠷᠭ᠎ᠠ | 1. ᠢᠳᠡᠰᠢᠨ ᠨᠣᠭᠤᠭ᠎ᠠ ᠶᠢ ᠤᠳᠠᠭᠠᠨ ᠳᠡᠪᠲᠦᠭᠡᠬᠦ᠄ ᠢᠳᠡᠰᠢᠨ ᠨᠣᠭᠤᠭ᠎ᠠ ᠶᠢ ᠤᠳᠠᠭᠠᠨ ᠳᠡᠪᠲᠦᠭᠡᠪᠡᠯ | ᠢᠳᠡᠰᠢᠨᠨᠣᠭᠤᠭ᠎ᠠ ᠶᠢᠨ ᠡᠰ ᠤᠨ ᠬᠠᠨ᠎ᠠ ᠶᠢ ᠵᠥᠭᠡᠯᠡᠷᠡᠭᠦᠯᠬᠦ ᠶᠢᠨ ᠤᠯᠠᠮ ᠢᠶᠠᠷ ᠢᠳᠡᠰᠢᠨ ᠨᠣᠭᠤᠭ᠎ᠠ ᠳᠤ ᠲᠠᠷᠢᠶᠠᠨ | ᠡᠮ ᠪᠣᠯᠤᠨ ᠪᠤᠰᠤᠳᠪᠣᠬᠢᠷᠲᠤᠯ ᠪᠣᠳᠠᠰ ᠨᠠᠩ ᠠᠮᠠᠷᠬᠠᠨ ᠨᠡᠪᠴᠢᠵᠦ ᠤᠷᠤᠨ᠎ᠠ᠃ ᠡᠭᠦᠨ ᠠᠴᠠ ᠭᠠᠳᠠᠨ᠎ᠠ᠂ ᠵᠠᠷᠢᠮ | ᠤᠰᠤᠨ ᠳᠤ ᠠᠭᠤᠰᠬᠤ ᠴᠢᠨᠠᠷᠲᠠᠶᠸᠢᠲ᠋ᠠᠮᠢᠨ ᠨᠢ ᠤᠰᠤᠨ ᠳᠤ ᠠᠭᠤᠰᠴᠤ᠂ ᠰᠢᠮ᠎ᠡ ᠲᠡᠵᠢᠭᠡᠯ ᠢ ᠨᠢ ᠠᠯᠳᠠᠭᠤᠯᠳᠠᠭ | ᠪᠠᠶᠢᠨ᠎ᠠ᠃ | 2. ᠤᠬᠢᠶᠠᠯᠭ᠎ᠠ ᠶᠢᠨ ᠡᠳ᠋ ᠢ ᠭᠡᠳᠦ ᠠᠷᠪᠢᠨ ᠬᠡᠷᠡᠭᠯᠡᠬᠦ᠄ ᠤᠬᠢᠶᠠᠯᠭ᠎ᠠ ᠶᠢᠨ ᠡᠳ᠋ ᠤᠨ ᠲᠤᠳᠤᠷᠠᠬᠢ | ᠬᠢᠮᠢ ᠵᠢᠨᠪᠦ᠋ᠷᠢᠯᠳᠦᠬᠦᠨ ᠢ ᠲᠦᠯᠪᠤᠷᠢᠲᠠᠢ ᠤᠬᠢᠶᠠᠬᠤ ᠦᠭᠡᠢ ᠪᠣᠯ ᠢᠳᠡᠰᠢᠨ ᠨᠣᠭᠤᠭ᠎ᠠ ᠶᠢᠨ ᠭᠠᠳᠠᠷᠭᠤ | ᠳᠡᠭᠡᠷ᠎ᠡ ᠦᠯᠡᠳᠡᠭᠳᠡᠵᠦ᠂ᠬᠤᠶᠠᠳᠠᠬᠢ ᠪᠣᠬᠢᠷᠲᠤᠯ ᠢ ᠡᠭᠦᠰᠭᠡᠵᠦ᠂ ᠡᠷᠡᠭᠦᠯ ᠮᠡᠨᠳᠦ ᠶᠢ ᠨᠥᠯᠥᠭᠡᠯᠡᠳᠡᠭ᠃ | 3. ᠤᠷᠢᠳ ᠢᠶᠠᠷ ᠬᠡᠷᠴᠢᠵᠦ ᠳᠠᠷᠠᠭ᠎ᠠ ᠨᠢ ᠤᠬᠢᠶᠠᠬᠤ᠄ ᠢᠳᠡᠰᠢᠨ ᠨᠣᠭᠤᠭ᠎ᠠ ᠶᠢ ᠤᠷᠢᠳ ᠢᠶᠠᠷ ᠬᠡᠷᠴᠢᠵᠦ | ᠳᠠᠷᠠᠭ᠎ᠠ ᠨᠢᠤᠬᠢᠶᠠᠪᠠᠯ ᠢᠳᠡᠰᠢᠨ ᠨᠣᠭᠤᠭ᠎ᠠ ᠶᠢᠨ ᠳᠣᠲᠣᠷᠠᠬᠢ ᠮᠠᠰᠢ ᠣᠯᠠᠨ ᠰᠢᠮ᠎ᠡ ᠲᠡᠵᠢᠭᠡᠯ ᠤᠨ | ᠪᠦᠷᠢᠯᠳᠦᠬᠦᠨ ᠨᠢ ᠬᠡᠷᠴᠢᠭᠰᠡᠨ ᠬᠡᠰᠡᠭᠵᠢᠨᠷ ᠭᠠᠳᠠᠬᠰᠢ ᠠᠴᠠ ᠤᠷᠤᠰᠤᠨ ᠭᠠᠷᠴᠤ᠂ ᠤᠰᠤᠨ ᠳᠤ ᠠᠭᠤᠰᠳᠠᠭ᠃ | | 4. ᠨᠣᠭᠤᠭ᠎ᠠ ᠤᠬᠢᠶᠠᠬᠤ ᠮᠠᠰᠢᠨ ᠢᠶᠠᠷ ᠤᠬᠢᠶᠠᠬᠤ᠄ ᠬᠡᠲᠦ ᠳᠠᠭᠤᠨ ᠳᠣᠯᠭᠢᠶᠠᠨ ᠢᠶᠠᠷ ᠨᠠᠪᠴᠢᠳᠦ | ᠨᠣᠭᠤᠭ᠎ᠠ ᠵᠢᠤᠬᠢᠶᠠᠪᠠᠯ ᠦᠷ᠎ᠡ ᠳ᠋ᠦᠩ ᠨᠢ ᠲᠡᠶᠢᠮᠦ ᠰᠠᠶᠢᠨ ᠪᠢᠰᠢ᠂ ᠲᠠᠷᠢᠶᠠᠨ ᠡᠮ ᠢ ᠵᠥᠪᠬᠡᠨ 53% ᠪᠠᠷ | ᠠᠷᠢᠯᠭᠠᠵᠤ᠂ ᠠᠰᠢᠭᠯᠠᠮᠵᠢ ᠨᠢᠲ᠋ᠣᠣᠷᠠ ᠪᠤᠯᠳᠠᠭ᠃ | ᠢᠷᠡᠯᠲᠡ᠄ ᠠᠷᠠᠤᠨ ᠤᠨ ᠰᠦᠯᠵᠢᠶ᠎ᠡ | ᠳᠡᠪᠰᠢᠭᠦᠯᠦᠭᠴᠢ ᠄ ᠲᠡᠷᠭᠡᠯ | | |