ᠸᠢᠴᠠᠲ ᠢᠶᠠᠷ ᠵᠤᠭᠤᠰ ᠶᠠᠪᠤᠭᠤᠯᠬᠤ ᠪᠠ ᠤᠯᠠᠭᠠᠨ ᠪᠠᠭᠯᠠᠭ᠎ᠠ ᠪᠠᠷ ᠵᠤᠭᠤᠰ ᠶᠠᠪᠤᠭᠤᠯᠬᠤ ᠳᠤ ᠠᠯᠢ ᠶᠢ ᠨᠢ  ᠪᠤᠴᠠᠭᠠᠬᠤ ᠭᠡᠷᠡᠭᠳᠡᠢ ᠪᠤᠢ︖
ᠨᠡᠶᠢᠲᠡᠯᠡᠭᠰᠡᠨ ᠴᠠᠭ᠄
2024/3/18
      ᠸᠢᠴᠠᠲ ᠢᠶᠠᠷ ᠵᠤᠭᠤᠰ ᠶᠠᠪᠤᠭᠤᠯᠬᠤ ᠪᠠ ᠤᠯᠠᠭᠠᠨ ᠪᠠᠭᠯᠠᠭ᠎ᠠ ᠪᠠᠷ ᠵᠤᠭᠤᠰ ᠶᠠᠪᠤᠭᠤᠯᠬᠤ ᠳᠤ ᠠᠯᠢ ᠶᠢ ᠨᠢ  ᠪᠤᠴᠠᠭᠠᠬᠤ ᠭᠡᠷᠡᠭᠳᠡᠢ ᠪᠤᠢ︖                    ᠸᠢᠴᠠᠲ ᠢᠶᠠᠷ ᠵᠤᠭᠤᠰ ᠶᠠᠪᠤᠭᠤᠯᠬᠤ  ᠪᠠ  ᠤᠯᠠᠭᠠᠨ  ᠪᠠᠭᠯᠠᠭ᠎ᠠ  ᠪᠠᠷ  ᠵᠤᠭᠤᠰ  ᠶᠠᠪᠤᠭᠤᠯᠬᠤ  ᠠᠵᠤ  ᠠᠬᠤᠢ ᠵᠢᠨ‌‍ᠶᠠᠪᠤᠯᠴᠠᠭ᠎ᠠ ᠨᠢ ᠠᠳᠠᠯᠢ ᠰᠢᠨᠵᠢ ᠴᠢᠨᠠᠷ ᠲᠠᠢ ᠦᠦ︖        ᠣᠶᠢᠷ᠎ᠠ ᠳᠤ᠂  ᠪᠡᠭᠡᠵᠢᠩ  ᠬᠤᠲᠠ ᠶᠢᠨ  ᠬᠠᠶ  ᠳ᠋ᠢᠶᠠᠨ  ᠲᠣᠭᠤᠷᠢᠭ ‍ᠤᠨ‌ᠠᠷᠠᠳ ᠤᠨ ᠰᠢᠭᠦᠬᠦ ᠬᠤᠷᠢᠶ᠎ᠠ  ᠨᠢ  ᠵᠣᠭᠤᠰ  ᠵᠢᠭᠡᠯᠡᠭᠰᠡᠨ  ᠵᠢᠭᠤᠷᠠᠯᠳᠤᠭᠠᠨ ᠤ  ᠬᠡᠷᠡᠭ ᠢ  ᠰᠢᠭᠦᠨ  ᠳᠠᠭᠤᠰᠬᠠᠵᠤ᠂  ᠸᠢᠴᠠᠲ‌ᠵᠢᠨᠷ ᠵᠤᠭᠤᠰ ᠶᠠᠪᠤᠭᠤᠯᠬᠤ ᠪᠠ ᠤᠯᠠᠭᠠᠨ ᠪᠠᠭᠯᠠᠭ᠎ᠠ ᠪᠠᠷ ᠵᠤᠭᠤᠰ ᠶᠠᠪᠤᠭᠤᠯᠬᠤ ᠨᠢ ᠰᠢᠨᠵᠢ ᠴᠢᠨᠠᠷ ᠤᠨ ᠢᠯᠭᠠᠭ᠎ᠠ ᠲᠠᠢ ᠪᠠᠶᠢᠳᠠᠭ ᠢ ᠮᠠᠭᠠᠳᠯᠠᠨ ᠲᠣᠭᠲᠠᠭᠠᠵᠠᠢ᠂ ᠲᠤᠬᠠᠶᠢᠯᠠᠪᠠᠯ ᠤᠯᠠᠭᠠᠨ  ᠪᠠᠭᠯᠠᠭ᠎ᠠ  ᠪᠠᠷ  ᠵᠤᠭᠤᠰ  ᠶᠠᠪᠤᠭᠤᠯᠬᠤ ᠨᠢ  ᠪᠡᠯᠡᠭᠯᠡᠨ  ᠥᠭᠭᠦᠭᠰᠡᠨ ᠳ᠋ᠤ᠋‌‍ᠲ᠋ᠣᠭᠠᠴᠠᠭᠳᠠᠵᠤ᠂ ᠸᠢᠴᠠᠲ ᠢᠶᠠᠷ ᠵᠤᠭᠤᠰ ᠶᠠᠪᠤᠭᠤᠯᠬᠤ ᠨᠢ ᠵᠣᠭᠤᠰ ᠵᠢᠭᠡᠯᠡᠭᠰᠡᠨ ᠳᠤ ᠲᠣᠭᠠᠴᠠᠭᠳᠠᠨ᠎ᠠ᠃              ︽ᠸᠢᠴᠠᠲ ᠢᠶᠠᠷ ᠵᠤᠭᠤᠰ  ᠶᠠᠪᠤᠭᠤᠯᠬᠤ  ᠪᠠ  ᠤᠯᠠᠭᠠᠨ  ᠪᠠᠭᠯᠠᠭ᠎ᠠ  ᠪᠠᠷ  ᠵᠤᠭᠤᠰ  ᠶᠠᠪᠤᠭᠤᠯᠬᠤ  ᠨᠢ  ᠬᠡᠳᠦ᠋ᠢᠪᠡᠷ‌‍ᠸᠢᠴᠠᠲ ᠤᠨ ᠵᠥᠭᠡᠯᠡᠨ ᠲᠤᠨᠤᠭ ᠢᠶᠠᠷ ᠳᠠᠮᠵᠢᠭᠤᠯᠤᠨ ᠵᠣᠭᠤᠰ ᠶᠠᠪᠤᠭᠤᠯᠵᠤ ᠪᠠᠶᠢᠭ᠎ᠠ ᠪᠣᠯᠪᠠᠴᠤ ᠸᠢᠴᠠᠲ ᠤᠨ ᠵᠥᠭᠡᠯᠡᠨ  ᠲᠤᠨᠤᠭ‌‍ᠤᠨ ᠠᠳᠠᠯᠢ ᠪᠤᠰᠤ ᠴᠢᠳᠠᠮᠵᠢ ᠵᠢᠴᠢ ᠰᠢᠨᠵᠢ ᠴᠢᠨᠠᠷ ᠤᠨ ᠲᠠᠯ᠎ᠠ ᠠᠴᠠ ᠵᠣᠭᠤᠰ ᠶᠠᠪᠤᠭᠤᠯᠬᠤ ᠬᠤᠶᠠᠷ ᠵᠦᠢᠯ ᠤᠨ ᠰᠢᠨᠵᠢ  ᠴᠢᠨᠠᠷ ᠢ‌ᠢᠯᠭᠠᠵᠤ ᠮᠠᠭᠠᠳᠯᠠᠨ ᠲᠣᠭᠲᠠᠭᠠᠬᠤ ᠬᠡᠷᠡᠭᠲᠡᠶ︾ ᠭᠡᠵᠦ  ᠰᠢᠭᠦᠬᠦ  ᠲᠤᠰᠢᠶᠠᠯᠲᠠᠨ  ᠬᠡᠯᠡᠭᠰᠡᠨ  ᠢᠶᠠᠨ  ᠵᠠᠯᠭᠠᠭᠠᠳ᠂  ᠸᠢᠴᠠᠲ ‍ᠤᠨ‌ᠵᠥ᠋ᠭᠡᠯᠡᠨ ᠲᠣᠨᠤᠭ ᠨᠢ ᠨᠡᠶᠢᠭᠡᠮ ᠤᠨ ᠬᠠᠷᠢᠯᠴᠠᠭᠠᠨ ᠤ ᠪᠠᠭᠠᠵᠢ ᠪᠣᠯᠤᠭᠰᠠᠨ ᠤ ᠬᠤᠪᠢ ᠳᠤ ᠡᠳᠦᠷ  ᠲᠤᠲᠤᠮ ᠤᠨ  ᠨᠡᠪᠲᠡᠷᠡᠯᠴᠡᠵᠦ‌‍ᠰᠣᠯᠢᠯᠴᠠᠬᠤ  ᠴᠢᠳᠠᠮᠵᠢ ᠶᠢ  ᠪᠦᠷᠢᠯᠳᠦᠭᠦᠯᠤᠭ᠍ᠰᠡᠨ ᠠᠴᠠ  ᠭᠠᠳᠠᠨ᠎ᠠ   ᠪᠠᠰᠠ   ᠨᠡᠶᠢᠭᠡᠮ ᠤᠨ   ᠬᠠᠷᠢᠯᠴᠠᠭᠠᠨ ᠤ   ᠴᠢᠳᠠᠮᠵᠢ ᠵᠢ‌‍ᠪᠦ᠋ᠷᠢᠯᠳᠦᠭᠦᠯᠤᠭ᠍ᠰᠡᠨ ᠪᠠᠶᠢᠳᠠᠭ᠂ ᠬᠡᠳᠡᠯ᠎ᠡ ᠸᠢᠴᠠᠲ ᠤᠨ ᠤᠯᠠᠭᠠᠨ ᠪᠠᠭᠯᠠᠭ᠎ᠠ ᠨᠢ ᠬᠠᠷᠢᠨ  ᠸᠢᠴᠠᠲ ᠤᠨ  ᠵᠥᠭᠡᠯᠡᠨ  ᠲᠣᠨᠤᠭ ‍ᠤᠨ‌ᠨᠡᠶᠢᠭᠡᠮ ᠤᠨ ᠬᠠᠷᠢᠯᠴᠠᠭᠠᠨ ᠤ ᠴᠢᠳᠠᠮᠵᠢ ᠶᠢᠨ ᠨᠡᠶᠢᠲᠡᠯᠢᠭ ᠢᠯᠡᠷᠡᠯ ᠪᠣᠯᠤᠨ᠎ᠠ᠃ ᠸᠢᠴᠠᠲ ᠤᠨ ᠤᠯᠠᠭᠠᠨ ᠪᠠᠭᠯᠠᠭ᠎ᠠ  ᠪᠠᠷ  ᠵᠤᠭᠤᠰ‌‍ᠶᠠᠪᠤᠭᠤᠯᠬᠤ ᠳᠤ ᠬᠠᠮᠤᠭ ᠠᠷᠪᠢᠨ ᠳᠠᠭᠠᠨ 200 ᠲᠥᠭᠦᠷᠢᠭ ᠶᠠᠪᠤᠭᠤᠯᠵᠤ ᠪᠤᠯᠬᠤ ᠪᠥᠭᠡᠳ ᠲᠡᠭᠦᠨ ᠢ   ︽ᠤᠯᠠᠭᠠᠨ ᠪᠠᠭᠯᠠᠭ᠎ᠠ︾ ᠭᠡᠳᠡᠭ᠂  ᠮᠠᠨ ᠤ ᠤᠯᠤᠰ ᠤᠨ ᠠᠷᠠᠳ ᠤᠨ ᠵᠠᠩ ᠳᠠᠳᠬᠠᠯ ᠢ ᠦᠨᠳᠦᠰᠦᠯᠡᠨ  ︽ᠤᠯᠠᠭᠠᠨ ᠪᠠᠭᠯᠠᠭ᠎ᠠ︾ ᠥᠭᠬᠦ ᠨᠢ ᠡᠩ ᠤᠨ ᠪᠠᠶᠢᠳᠠᠯ ᠳᠤᠤᠷ᠎ᠠ ᠰᠠᠶᠢᠨ ᠳᠤᠷ᠎ᠠ ᠠᠴᠠ ᠪᠠᠨ ᠪᠡᠯᠡᠭᠯᠡᠨ  ᠬᠦᠷᠭᠡᠭᠰᠡᠨ ᠢ‌ᠬᠠᠷᠠᠭᠤᠯᠵᠤ᠂ ᠪᠤᠴᠠᠭᠠᠬᠤ ᠴᠢᠬᠤᠯᠠ ᠥᠬᠡᠶ ᠪᠠᠶᠢᠳᠠᠭ᠃              ᠸᠢᠴᠠᠲ ᠢᠶᠠᠷ ᠵᠤᠭᠤᠰ ᠶᠠᠪᠤᠭᠤᠯᠬᠤ ᠨᠢ ᠤᠯᠠᠭᠠᠨ ᠪᠠᠭᠯᠠᠭ᠎ᠠ  ᠪᠠᠷ  ᠵᠤᠭᠤᠰ  ᠶᠠᠪᠤᠭᠤᠯᠬᠤ  ᠲᠠᠢ  ᠠᠳᠠᠯᠢ  ᠥᠬᠡᠶ᠂ ︽ᠪᠡᠯᠡᠭᠯᠡᠨ ᠬᠦᠷᠭᠡᠬᠦ︾ ᠤᠳᠬ᠎ᠠ ᠥᠬᠡᠶ᠂ ᠲᠡᠷᠡ ᠨᠢ ᠵᠥᠪᠬᠡᠨ ᠸᠢᠴᠠᠲ ᠤᠨ ᠵᠥᠭᠡᠯᠡᠨ  ᠲᠤᠨᠤᠭ  ᠤᠨ  ᠵᠣᠭᠤᠰ  ᠶᠠᠪᠤᠭᠤᠯᠬᠤ‌‍ᠴᠢᠳᠠᠮᠵᠢ᠂ ᠨᠡᠶᠢᠭᠡᠮ ᠤᠨ ᠪᠡᠶᠡᠴᠢ ᠴᠣᠭᠴᠠ ᠶᠢᠨ ᠬᠤᠭᠤᠷᠣᠨᠳᠣ ᠦᠷᠭᠦᠯᠵᠢ ᠬᠡᠷᠡᠭᠯᠡᠳᠡᠭ ᠵᠣᠭᠤᠰ ᠶᠠᠪᠤᠭᠤᠯᠬᠤ ᠠᠷᠭ᠎ᠠ ᠮᠠᠶ᠋ᠢᠭ ‍ᠦᠨ‌ᠨᠢᠭᠡ ᠪᠣᠯᠤᠨ᠎ᠠ᠃ ᠲᠤᠰ ᠬᠡᠷᠡᠭ ᠲᠤ᠂ ᠵᠠᠭᠠᠯᠳᠤᠭᠴᠢ ᠨᠢ ᠸᠢᠴᠠᠲ ᠢᠶᠠᠷ ᠠᠷᠠᠳ ᠤᠨ ᠬᠤᠭᠤᠷᠣᠨᠳᠣᠬᠢ ᠵᠢᠭᠡᠯᠡᠯᠭᠡ ᠶᠢᠨ ᠬᠠᠷᠢᠴᠠᠭ᠎ᠠ‌‍ᠪᠠᠶᠢᠭᠤᠯᠬᠤ ᠪᠠᠷ ᠵᠣᠷᠢᠪᠠ᠂ ᠵᠠᠭᠠᠯᠳᠤᠭᠳᠠᠭᠴᠢ ᠬᠡᠷᠪᠡ ᠵᠣᠭᠤᠰ ᠤᠨ ᠰᠢᠨᠵᠢ ᠴᠢᠨᠠᠷ ᠢ ᠪᠡᠯᠡᠭᠯᠡᠨ ᠬᠦᠷᠭᠡᠭᠰᠡᠨ ᠭᠡᠵᠦ  ᠵᠤᠷᠢᠬᠤ  ᠳ᠋ᠤ᠋‌‍ᠬᠦ᠋ᠷᠪᠡᠯ ᠵᠣᠬᠢᠴᠠᠩᠭᠤᠢ ᠭᠡᠷᠡᠴᠢ ᠪᠠᠷᠢᠮᠲᠠ ᠲᠤᠰᠢᠶᠠᠬᠤ ᠴᠢᠬᠤᠯᠠᠲᠠᠢ᠂ ᠡᠰᠡ ᠲᠡᠭᠡᠪᠡᠯ ᠭᠡᠷᠡᠴᠢ ᠪᠠᠷᠢᠮᠲᠠ ᠳᠤᠷᠠᠳᠴᠤ ᠦᠯᠦ ᠪᠤᠯᠬᠤ‌ᠠᠰᠢᠭ ᠦᠭᠡᠢ ᠦᠷ᠎ᠡ ᠳ᠋ᠦᠩ ᠢ ᠡᠭᠦᠷᠭᠡᠯᠡᠬᠦ ᠪᠤᠯᠤᠨ᠎ᠠ᠃   ᠢᠷᠡᠯᠲᠡ᠄  ᠠᠷᠠᠤᠨ ᠤᠨ  ᠰᠦᠯᠵᠢᠶ᠎ᠡ ᠳᠡᠪᠰᠢᠭᠦᠯᠦᠭᠴᠢ᠄   ᠲᠡᠷᠭᠡᠯ     
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2