ᠰᠣᠨᠢᠷᠬᠠᠯᠳᠠᠢ ᠮᠤᠩᠭᠤᠯ ᠣᠬᠠᠭᠠᠨ | 1. ᠠᠭᠠᠬᠢᠮ᠎ᠠ ᠬᠠᠯᠠᠭᠤᠨ ᠳᠤ ᠰᠢᠪᠠᠭᠤ ᠡᠭᠦᠷᠯᠡᠵᠤ ᠪᠠᠶᠢᠭᠰᠠᠨ ᠭᠠᠵᠠᠷ ᠬᠤᠳᠳᠤᠭ ᠣᠬᠤ᠂ ᠶᠡᠭᠡ ᠣᠬᠤᠬᠤ | ᠦᠭᠡᠢ ᠪᠠᠷ ᠣᠰᠤ ᠭᠠᠷᠤᠨ᠎ᠠ᠃ | 2. ᠮᠤᠭᠠᠢ ᠡᠭᠦᠷᠯᠡᠵᠤ ᠪᠠᠶᠢᠭᠰᠠᠨ ᠭᠠᠵᠠᠷ ᠲᠠᠭᠠᠷᠠᠪᠠᠯ ᠵᠤᠷᠢᠭᠳᠠᠢ ᠪᠠᠷ ᠪᠠᠶᠢᠰᠢᠩ ᠪᠠᠷᠢ᠂ ᠲᠡᠨᠳᠡ ᠮᠠᠭᠤ | ᠮᠠᠭᠤᠬᠠᠢ ᠵᠦᠢᠯ ᠦᠢᠷᠠᠳᠣᠬᠤ ᠦᠭᠡᠢ᠃ | 3. ᠰᠣᠬᠤᠷ ᠨᠤᠮᠤᠨ ᠰᠡᠨᠳᠡᠴᠢᠭᠰᠡᠨ ᠭᠠᠵᠠᠷ ᠮᠣᠳᠤ ᠲᠠᠷᠢ᠂ ᠭᠠᠶᠢᠬᠠᠯᠳᠠᠢ ᠰᠠᠶᠢᠬᠠᠨ ᠣᠷᠭᠤᠨ᠎ᠠ᠃ | 4. ᠮᠦᠭᠦ ᠶᠢᠨ ᠬᠤᠤᠷᠳᠠᠢ ᠡᠰᠡᠬᠦ ᠶᠢ ᠮᠡᠳᠡᠬᠦ ᠦᠭᠡᠢ ᠪᠤᠯ ᠢᠯᠠᠭ᠎ᠠ ᠰᠢᠮᠠᠭᠤᠯ ᠰᠢᠪᠠᠭᠰᠠᠨ ᠮᠦᠭᠦ ᠶᠢ | ᠲᠡᠭᠦᠵᠤ ᠢᠳᠡ᠃ | 5. ᠦᠳᠤ ᠢᠳᠡᠭᠰᠡᠨ ᠵᠢᠮᠢᠰ ᠨᠤᠭᠤᠭ᠎ᠠ ᠶᠢ ᠰᠡᠵᠢᠭᠯᠡᠯ ᠦᠭᠡᠢ᠂ ᠴᠡᠭᠡᠷᠯᠡᠯ ᠦᠭᠡᠢ ᠢᠳᠡ᠂ ᠦᠳᠣ ᠬᠤᠤᠷ᠎ᠠ | ᠲᠠᠢ ᠵᠢᠮᠢᠰ ᠨᠤᠭᠤᠭ᠎ᠠ ᠢᠳᠡᠳᠡᠭ ᠦᠭᠡᠢ᠃ | 6. ᠨᠤᠬᠠᠢ ᠬᠡᠪᠳᠡᠵᠤ ᠪᠠᠶᠢᠭᠰᠠᠨ ᠭᠠᠵᠠᠷ ᠣᠷᠤ ᠪᠠᠨ ᠵᠠᠰᠠᠵᠤ ᠣᠨᠳᠠᠵᠤ ᠪᠤᠯᠤᠨ᠎ᠠ᠂ ᠨᠣᠬᠠᠢ ᠮᠠᠭᠤ ᠡᠨᠧᠷᠬᠢ | ᠲᠠᠢ ᠭᠠᠵᠠᠷ ᠬᠡᠪᠳᠡᠳᠡᠭ ᠦᠭᠡᠢ ᠶᠤᠮ᠃ | 7. ᠠᠳᠤᠭᠤ ᠣᠣᠭᠤᠵᠤ ᠪᠠᠶᠢᠭᠰᠠᠨ ᠣᠰᠤᠨ ᠠᠴᠠ ᠡᠷᠡᠭᠡᠯᠵᠡᠬᠦ ᠦᠭᠡᠢ ᠣᠣᠭᠤᠵᠤ ᠪᠤᠯᠤᠨ᠎ᠠ᠂ ᠠᠳᠤᠭᠤ | ᠮᠠᠭᠤ ᠣᠰᠤ ᠣᠣᠭᠤᠳᠠᠭ ᠦᠭᠡᠢ ᠶᠤᠮ᠃ | 8. ᠭᠠᠵᠠᠷ ᠵᠦᠭ ᠬᠠᠷᠠᠬᠤ ᠪᠢᠰᠢ᠂ ᠬᠠᠷᠢᠨ ᠲᠡᠭᠷᠢ ᠵᠦᠭ ᠬᠠᠷᠠᠵᠤ ᠠᠯᠬᠤᠭᠠᠷᠠᠢ︕ | ᠢᠷᠡᠯᠲᠡ᠄ ᠬᠤᠯᠪᠤᠭ᠎ᠠ ᠪᠦᠷᠭᠡ | ᠳᠡᠪᠰᠢᠭᠦᠯᠦᠭᠴᠢ᠄ ᠲᠡᠷᠭᠡᠯ |