ᠤᠷᠠᠨᠳᠤᠭᠤᠰ ᠤᠨ ᠤᠬᠠᠭᠠᠯᠢᠭ ᠠᠮᠢᠳᠤᠷᠠᠯ
ᠨᠡᠶᠢᠲᠡᠯᠡᠭᠰᠡᠨ ᠴᠠᠭ᠄
2018-11-07
   ᠦᠪᠦᠷ ᠮᠤᠩᠭᠤᠯ ᠤᠨ ᠮᠤᠩᠭᠤᠯ ᠤᠳᠤᠨ ᠲᠧᠯᠸᠢᠰ ᠤᠨ ︽ᠵᠢᠳᠬᠦᠯ ᠴᠢᠷᠮᠠᠶᠢᠯᠭ᠎ᠠ ᠪᠤᠯ ᠵᠢᠷᠭᠠᠯ ᠤᠨ ᠦᠨᠳᠦᠰᠦ︾ ᠬᠡᠬᠦ ᠴᠤᠪᠤᠷᠠᠯ ᠮᠡᠳᠡᠭᠡᠯᠡᠯ ᠢᠶᠠᠷ ᠮᠠᠨ ᠤ ᠬᠤᠰᠢᠭᠤᠨ ᠤ  ᠤᠷᠠᠨᠳᠤᠭᠤᠰ ᠤᠨ ᠮᠤᠩᠭᠤᠯ ᠰᠤᠶᠤᠯ ᠢᠶᠠᠨ ᠲᠡᠭᠡᠳᠦᠯᠡᠨ ᠬᠡᠤᠬᠡᠳ ᠪᠠᠭᠠᠴᠤᠳ ᠢᠶᠠᠨ ᠬᠠᠯᠠᠮᠵᠢᠯᠠᠵᠦ ᠶᠠᠪᠤᠭ᠎ᠠ ᠤᠶᠢᠯᠠ ᠠᠵᠢᠯᠯᠠᠭ᠎ᠠ ᠠᠴᠠ ᠮᠡᠳᠡᠭᠡᠯᠡᠭᠰᠡᠨ ᠢ ᠲᠤᠤᠷ᠎ᠠ ᠪᠢᠳᠠ ᠤᠶᠢᠯᠠᠭᠠᠵᠦ ᠠᠪᠤᠶ᠎ᠠ᠃    ᠤᠷᠠᠨᠳᠤᠭᠤᠰ ᠤᠨ ᠡᠬᠡᠯ ᠪᠤᠷᠤᠭᠵᠢᠭᠤᠨ ᠨᠢᠬᠡ ᠡᠳᠦᠷ ᠲᠠᠪᠤᠨ ᠬᠤᠰᠢᠭᠤ ᠮᠠᠯ ᠪᠡᠯᠴᠢᠭᠡᠭᠰᠡᠨ ᠲᠠᠯ᠎ᠠ ᠶᠢᠨ ᠲᠡᠨᠵᠢ ᠂ ᠲᠠᠷᠠᠭ ᠠᠶᠢᠷᠠᠭ ᠰᠡᠩᠭᠢᠨᠡᠭᠰᠡᠨ ᠰᠠᠭᠠᠯᠢ ᠶᠢᠨ ᠵᠠᠯᠠᠨ ᠲᠡᠭᠡᠷ᠎ᠡ ᠠᠴᠠ ᠡᠬᠢᠯᠡᠳᠡᠭ ᠶᠤᠮ᠃ ᠡᠳᠡᠨᠡᠶᠢᠬᠢᠨ ᠬᠡᠵᠦ ᠭᠤᠷᠪᠠᠨ ᠵᠠᠭᠤᠨ ᠪᠤᠳᠠ ᠮᠠᠯ᠂ ᠭᠤᠴᠢᠭᠠᠳ ᠠᠳᠤᠭᠤ᠂ ᠠᠷᠪᠠᠭᠠᠳ ᠦᠬᠡᠷ ᠲᠠᠢ ᠵᠢᠷ ᠤᠨ ᠨᠢᠬᠡᠨ ᠮᠠᠯᠴᠢᠨ ᠠᠶᠢᠯ ᠪᠢᠯᠠ᠃ ᠠᠵᠢᠯᠴᠢ ᠠᠷᠪᠢᠴᠢ ᠪᠠᠷ ᠠᠮᠢᠳᠤᠷᠠᠯ ᠲᠡᠭᠵᠢᠷᠡᠨ᠎ᠠ ᠬᠡᠳᠡᠭᠴᠢᠯᠠᠨ ᠤᠷᠠᠨᠳᠤᠭᠤᠰ ᠦᠷᠯᠦᠬᠡ ᠡᠷᠳᠡ ᠪᠤᠰᠴᠦ ᠭᠤᠷᠪᠠᠨ ᠲᠤᠭᠤᠭ᠎ᠠ ᠬᠦᠬᠡᠷᠦᠬᠦᠯᠦᠭᠰᠡᠨ ᠦᠷᠦᠮ᠎ᠠ ᠪᠠᠨ ᠠᠪᠴᠦ ᠲᠡᠯᠭᠡᠭᠰᠡᠨ ᠤ ᠪᠠᠨ ᠲᠠᠷᠠᠭ᠎ᠠ ᠦᠨᠢᠶ᠎ᠠ ᠪᠠᠨ ᠰᠠᠭᠠᠵᠦ ᠡᠬᠢᠯᠡᠬᠦ ᠳᠤ ᠲᠡᠬᠦᠨ ᠤ ᠨᠦᠬᠦᠷ ᠮᠠᠨᠳᠤᠮᠤᠢ ᠠᠳᠤᠭᠤᠨ ᠳᠤ ᠪᠠᠨ ᠮᠤᠷᠳᠠᠵᠦ᠂ ᠭᠤᠷᠪᠠᠨ ᠨᠠᠰᠤᠳᠠᠢ ᠬᠦᠦ  ᠨᠢ ᠴᠦ ︽ᠪᠤᠷᠭᠠᠰᠤᠨ ᠮᠤᠷᠢ︾ ᠪᠠᠨ ᠤᠨᠤᠭᠠᠳ ᠠᠳᠤᠭᠤᠨ ᠤ ᠪᠠᠨ ᠬᠤᠶᠢᠨ᠎ᠠ ᠠᠴᠠ ᠬᠦᠬᠡᠷᠦᠨ ᠲᠤᠭᠯᠠᠨ᠎ᠠ᠃ ᠤᠷᠠᠨᠳᠤᠭᠤᠰ ᠰᠦ ᠰᠠᠭᠠᠯᠢ ᠶᠢᠨ ᠢᠶᠠᠨ ᠠᠵᠢᠯ ᠢ ᠬᠢᠵᠦ ᠪᠠᠷᠠᠭᠠᠳ ᠦᠷᠦᠮ᠎ᠠ ᠵᠦᠬᠡᠬᠡᠢ ᠪᠠᠨ ᠲᠠᠪᠠᠭᠯᠠᠵᠦ ᠬᠡᠷ ᠤᠨ  ᠢᠶᠠᠨ ᠬᠦᠮᠦᠰ ᠲᠠᠢ ᠬᠠᠮᠳᠦ ᠪᠠᠷ ᠡᠷᠳᠡ ᠶᠢᠨ ᠴᠡᠢ ᠪᠠᠨ ᠤᠤᠭᠤᠨ᠂ ᠶᠠᠷᠢᠶ᠎ᠠ ᠬᠦᠬᠡᠷᠦᠬᠡ ᠲᠡᠯᠭᠡᠯᠴᠡᠵᠦ᠂ ᠰᠦ ᠶᠢᠨ ᠦᠨᠦᠷ ᠬᠠᠩᠬᠤᠯᠤᠭᠰᠠᠨ ᠮᠠᠯᠴᠢᠨ ᠠᠶᠢᠯ ᠤᠨ ᠦᠷᠯᠦᠬᠡ ᠪᠠᠨ ᠡᠶᠢᠨᠬᠦ ᠠᠵᠠ ᠵᠢᠷᠭᠠᠯ ᠢᠶᠠᠷ ᠪᠢᠯᠬᠠᠭᠤᠯᠤᠨ᠎ᠠ᠃ ᠢᠩᠭᠢᠬᠡᠳ ᠲᠠᠷᠡ ᠬᠡᠷ ᠲᠡᠷᠬᠡ ᠪᠠᠨ ᠲᠠᠷᠤᠶᠢᠬᠠᠨ ᠬᠡᠭᠴᠢ ᠲᠦᠪᠬᠢᠨᠡᠭᠦᠯᠵᠦ ᠪᠠᠷᠠᠮᠠᠭᠴᠠ ᠦᠪᠡᠷ ᠤᠨ ᠬᠢᠵᠦ ᠡᠳ᠋ᠰᠢᠬᠦᠯᠦᠭᠰᠡᠨ ᠴᠤᠯ ᠪᠠᠶᠢᠭᠠᠯᠢᠯᠢᠭ ᠴᠠᠭᠠᠨ ᠢᠳᠡᠭᠡ ᠪᠠᠨ ᠤᠭᠤᠳᠠᠯᠯᠠᠵᠦ᠂ ᠬᠤᠰᠢᠭᠤᠨ ᠲᠦᠪ ᠲᠤ ᠴᠢᠭᠯᠡᠨ ᠪᠤᠰᠤᠳ ᠤᠨ ᠵᠠᠬᠢᠶᠠᠯᠠᠭᠰᠠᠨ ᠵᠤᠶᠢᠯ ᠢ ᠨᠢᠬᠡ ᠨᠢᠬᠡ ᠪᠠᠷ ᠬᠦᠷᠬᠡᠬᠡᠳ ᠶᠠᠭᠠᠷᠠᠬᠤ ᠪᠢᠯᠠ᠃ ᠡᠳᠡᠨᠡᠶᠢᠬᠢᠨ ᠪᠠᠰᠠ ᠬᠡᠬᠡᠨᠳᠠᠯ᠎ᠠ ᠵᠤᠭᠠᠴᠠᠯ ᠤᠨ ᠭᠠᠵᠠᠷ ᠠᠴᠠ ᠤᠶᠢᠷᠠᠬᠠᠨ ᠪᠠᠶᠢᠬᠤ ᠲᠠᠪᠠᠭᠤᠯᠢᠭ ᠢᠶᠠᠨ ᠠᠰᠢᠭᠯᠠᠵᠦ᠂ ᠮᠠᠯᠴᠢᠨ ᠠᠶᠢᠯ ᠤᠨ ᠵᠤᠭᠠᠴᠠᠯ ᠤᠨ ᠭᠠᠵᠠᠷ ᠪᠠᠶᠢᠭᠤᠯᠤᠨ ᠡᠷᠬᠢᠯᠡᠵᠦ᠂ ᠤᠷᠤᠯᠭ᠎ᠠ ᠪᠠᠨ ᠨᠡᠮᠡᠭᠳᠡᠬᠦᠯᠦᠨ ᠠᠮᠢᠳᠤᠷᠠᠯ ᠢᠶᠠᠨ ᠦᠬᠡᠳᠠ ᠲᠠᠳᠠᠨ᠎ᠠ    ᠬᠡᠯᠡ ᠪᠤᠯ ᠨᠢᠬᠡ ᠦᠨᠳᠦᠰᠦᠳᠡᠨ ᠤ ᠠᠮᠢ ᠨᠠᠰᠦ᠂ ᠬᠡᠤᠬᠡᠳ ᠪᠤᠯ ᠠᠮᠢᠨ ᠰᠤᠳᠠᠰᠦ᠂ ᠪᠠᠭᠰᠢ ᠪᠤᠯ ᠰᠢᠮ᠎ᠠ ᠲᠡᠵᠢᠬᠡᠯ ᠤᠨ ᠠᠴᠢᠶᠠᠯᠠᠭᠴᠢ ᠶᠤᠮ᠃ ᠮᠤᠩᠭᠤᠯ ᠬᠡᠯᠡ ᠮᠤᠩᠭᠤᠯ ᠰᠤᠶᠤᠯ ᠪᠤᠯ ᠪᠢᠳᠠᠨ ᠤ ᠴᠢᠰᠤᠨ ᠳᠤ ᠰᠢᠩᠭᠡᠭᠰᠡᠨ ᠡᠰ᠂ ᠶᠠᠰᠤᠨ ᠳᠤ ᠰᠡᠶᠢᠯᠦᠭᠳᠡᠭᠰᠡᠨ ᠲᠠᠮᠠᠭ᠎ᠠ ᠪᠠᠶᠢᠬᠤ ᠤᠴᠢᠷᠳᠠᠢ ᠬᠡᠵᠦ ᠤᠷᠠᠨᠳᠤᠭᠤᠰ ᠦᠪᠡᠷ ᠤᠨ ᠭᠠᠷᠠᠭ ᠤᠨ ᠵᠢᠷᠭᠤᠭᠠᠨ ᠡᠳᠦᠷ ᠤᠨ ᠴᠠᠭ ᠢᠶᠠᠨ ᠠᠰᠢᠭᠯᠠᠵᠦ᠂ 2017 ᠤᠨ ᠳᠤ ᠨᠠᠶᠢᠵᠠ ᠲᠠᠢ ᠪᠠᠨ ᠬᠠᠮᠳᠦ ᠬᠤᠰᠢᠭᠤᠨ ᠤ  ᠪᠠᠨ ᠬᠡᠪᠴᠢᠶᠠᠨ ᠳᠤ ᠠᠩᠬᠠᠳᠠᠭᠴᠢ ︽ᠰᠤᠤᠳᠦ ᠮᠤᠩᠭᠤᠯ ᠬᠡᠯᠡᠨ︾ ᠤ ᠪᠠᠷᠢᠮᠵᠢᠶ᠎ᠠ ᠠᠪᠢᠶᠠᠨ ᠤ ᠪᠤᠯᠪᠠᠰᠤᠷᠠᠯ ᠤᠨ ᠠᠩᠭᠢ ᠪᠠᠶᠢᠭᠤᠯᠵᠦ᠂ ᠭᠤᠤᠯᠳᠠᠭᠤ ᠬᠤᠳᠠ ᠶᠢᠨ ᠠᠮᠢᠳᠤᠷᠠᠯ ᠳᠤ ᠨᠦᠯᠦᠭᠡᠯᠡᠭᠳᠡᠨ ᠤᠯᠠᠮᠵᠢᠯᠠᠯᠳᠦ ᠮᠤᠩᠭᠤᠯ ᠠᠮᠢᠳᠤᠷᠠᠯ ᠠᠴᠠ ᠪᠠᠨ ᠬᠤᠯᠠᠳᠠᠵᠦ ᠪᠠᠶᠢᠭ᠎ᠠ ᠮᠤᠩᠭᠤᠯ ᠬᠡᠤᠬᠡᠳ ᠤᠳ ᠤᠨ ᠴᠤᠯ ᠮᠤᠩᠭᠤᠯ ᠢᠶᠠᠷ ᠢᠶᠠᠨ ᠶᠠᠷᠢᠬᠤ ᠳᠤ ᠬᠦᠴᠢᠷᠳᠠᠬᠦ ᠶᠤᠮ ᠤᠤ᠂ ᠬᠡᠯᠡ ᠪᠠᠨ ᠮᠡᠳᠡᠳᠡᠭ ᠪᠤᠯᠪᠠᠴᠦ ᠰᠠᠨᠠᠭ᠎ᠠ ᠪᠠᠨ ᠢᠯᠡᠳᠭᠡᠵᠦ ᠴᠢᠳᠠᠬᠤ ᠦᠭᠡᠢ ᠬᠢᠳᠡᠳ ᠰᠡᠳᠬᠢᠬᠦᠢ ᠲᠠᠢ ᠪᠤᠯᠵᠦ ᠪᠠᠶᠢᠭ᠎ᠠ ᠬᠡᠤᠬᠡᠳ ᠤᠳ ᠲᠤ ᠴᠢᠭᠯᠡᠬᠦᠯᠦᠭᠰᠡᠨ ᠪᠠᠶᠢᠵᠦ᠂ ᠬᠦᠬᠡᠬᠤᠳᠠ ᠠᠴᠠ ᠨᠠᠪᠳᠡᠷᠡᠭᠦᠯᠦᠭᠴᠢ᠂ ᠬᠦᠳᠦᠯᠦᠭᠴᠢ᠂ ᠲᠤᠰᠬᠠᠢ ᠮᠡᠷᠭᠡᠵᠢᠯ ᠤᠨ ᠪᠠᠭᠰᠢ ᠨᠠᠷ ᠢ ᠬᠤᠭᠤᠴᠠᠭ᠎ᠠ ᠲᠠᠷᠠᠭᠠᠯᠠᠨ ᠤᠷᠢᠵᠦ ᠬᠢᠴᠢᠶᠠᠯᠯᠡᠬᠦᠯᠦᠨ᠂ ᠪᠤᠯᠪᠠᠰᠤᠷᠠᠯ ᠤᠨ ᠠᠩᠭᠢ ᠳᠠᠬᠢ ᠬᠡᠤᠬᠡᠳ ᠤᠳ ᠤᠨ ᠪᠠᠷᠢᠮᠵᠢᠶ᠎ᠠ ᠠᠪᠢᠶ᠎ᠠ᠂ ᠬᠦᠳᠦᠯᠵᠦ ᠨᠠᠪᠳᠡᠷᠡᠬᠦᠯᠬᠦ ᠤᠷ᠎ᠠ ᠮᠡᠷᠬᠡᠵᠢᠯ᠂ ᠲᠠᠶᠢᠰᠠᠨ ᠳᠤ ᠭᠠᠷᠬᠤ ᠰᠦᠰᠦ ᠵᠤᠷᠢᠭ ᠵᠡᠷᠬᠡ ᠲᠠᠯ᠎ᠠ ᠪᠠᠷ ᠮᠡᠳᠡᠭᠳᠡᠮ᠎ᠠ ᠲᠡᠭᠡᠭᠰᠢᠯᠡᠯᠳᠠ ᠲᠠᠢ ᠪᠤᠯᠤᠭᠰᠠᠨ ᠠᠴᠠ ᠬᠡᠷ ᠤᠨ ᠠᠬᠠᠮᠠᠳ ᠵᠢᠴᠢ ᠨᠠᠶᠢᠬᠡᠮ ᠨᠠᠶᠢᠳᠠ ᠶᠢᠨ ᠡᠯ᠎ᠡ ᠡᠳᠡᠭᠡᠳ ᠤᠨ ᠬᠢᠨ  ᠤ ᠮᠠᠰᠢ ᠰᠠᠶᠢᠨ ᠦᠨᠡᠯᠡᠯᠳᠠ ᠶᠢ ᠤᠯᠤᠭᠰᠠᠨ ᠪᠠᠶᠢᠨ᠎ᠠ᠃    ᠬᠠᠷᠠᠬᠠᠨ ᠪᠠᠭ᠎ᠠ ᠠᠴᠠ ᠪᠠᠨ ᠰᠢᠯᠦᠭ ᠵᠤᠬᠢᠶᠠᠯ ᠳᠤ ᠲᠤᠷᠠᠳᠠᠢ ᠤᠷᠠᠨᠳᠤᠭᠤᠰ ᠰᠤᠷᠭᠠᠭᠤᠯᠢ ᠰᠤᠶᠤᠯ ᠤᠨ ᠮᠦᠷ ᠬᠦᠬᠡᠬᠡᠵᠦ ᠶᠠᠪᠤᠬᠤ ᠳᠠᠭᠠᠨ ᠰᠤᠷᠭᠠᠭᠤᠯᠢ ᠶᠢᠨ ᠢᠶᠠᠨ ᠤᠳᠬ᠎ᠠ ᠤᠷᠠᠯᠢᠭ ᠤᠨ ᠬᠡᠰᠢᠬᠦᠨ ᠢᠶᠠᠷ ᠠᠵᠢᠯᠯᠠᠵᠦ᠂ ᠰᠢᠯᠦᠭ ᠵᠤᠬᠢᠶᠠᠯ ᠪᠢᠴᠢᠨ᠂ ᠨᠤᠮ ᠰᠡᠳᠬᠦᠯ ᠳᠤ ᠤᠯᠠᠨ ᠤᠳᠠᠭ᠎ᠠ ᠬᠡᠪᠯᠡᠬᠦᠯᠵᠦ ᠪᠠᠶᠢᠯ᠎ᠠ᠃ ᠲᠠᠷᠠ ᠪᠠᠰᠠ ᠠᠶᠢᠮᠠᠭ ᠬᠤᠳᠠ  ᠪᠠᠨ ᠲᠦᠯᠦᠬᠡᠯᠡᠨ ᠨᠠᠢᠮᠠᠨ ᠮᠤᠵᠢ ᠤᠷᠤᠨ ᠤ ᠤᠷᠤᠯᠳᠤᠭᠠᠨ ᠲᠡᠮᠡᠴᠡᠬᠡᠨ ᠪᠤᠯᠤᠨ ᠪᠤᠯᠪᠠᠰᠤᠷᠠᠯ ᠰᠤᠷᠤᠯᠴᠠᠯᠭ᠎ᠠ ᠳᠤ ᠤᠷᠤᠯᠴᠠᠨ᠂ ᠦᠪᠡᠷ ᠤᠨ ᠠᠵᠢᠯ ᠮᠠᠷᠬᠡᠵᠢᠯ ᠤᠨ ᠬᠢᠷᠢ ᠲᠦᠪᠰᠢᠨ ᠢᠶᠠᠨ ᠲᠡᠭᠡᠭᠡᠭᠰᠢᠯᠡᠬᠦᠯᠦᠭᠰᠡᠭᠡᠷ ᠢᠷᠡᠵᠠᠢ᠃ ᠲᠡᠬᠦᠨ  ᠤ ᠪᠢᠴᠢᠭᠰᠡᠨ ︽ᠪᠤᠯᠤᠷ ᠡᠷᠳᠡᠨᠢ — ᠮᠤᠩᠭᠤᠯ ᠦᠬᠡ ᠬᠡᠯᠡ ᠦᠰᠦᠭ ᠪᠢᠴᠢᠭ ᠤᠨ ᠲᠦᠷᠢᠮ︾ ᠬᠡᠬᠦ ᠶᠠᠷᠢᠶ᠎ᠠ ᠢᠯᠡᠳᠬᠡᠯ ᠨᠢ ᠨᠠᠢᠮᠠᠨ ᠮᠤᠵᠢ ᠤᠷᠤᠨ ᠤ ᠶᠠᠷᠢᠶ᠎ᠠ ᠢᠯᠡᠳᠬᠡᠯ ᠤᠨ ᠤᠷᠤᠯᠳᠤᠭᠠᠨ ᠤ ᠭᠤᠷᠪᠠᠳᠤᠭᠠᠷ ᠲᠡᠰ ᠤᠨ ᠱᠠᠩᠨᠠᠯ  ᠢ ᠬᠦᠷᠳᠡᠭᠰᠡᠨ ᠪᠠᠶᠢᠨ᠎ᠠ᠃    — ︽ᠡᠨᠡ ᠪᠦᠬᠦᠨ ᠪᠤᠯ ᠨᠠᠳᠠ ᠳᠤ ᠮᠠᠰᠢ ᠶᠡᠭᠡ ᠵᠤᠷᠢᠭᠵᠢᠭᠤᠯᠤᠯ ᠪᠤᠯᠳᠠᠭ ᠶᠤᠮ᠂ ᠡᠨᠡ ᠪᠦᠬᠦᠨ ᠠᠴᠠ ᠪᠠᠨ ᠪᠢ ᠡᠷᠴᠢ ᠬᠦᠴᠦ ᠠᠪᠤᠭᠠᠳ ᠤᠯᠠᠮ ᠰᠠᠶᠢᠨ ᠠᠵᠢᠯᠯᠠᠶ᠎ᠠ᠂ ᠮᠢᠨᠦ ᠬᠢᠵᠦ ᠲᠠᠶᠢᠯᠬᠦ ᠠᠵᠢᠯ ᠪᠠᠶᠢᠭ᠎ᠠ ᠯᠠ ᠶᠤᠮ ᠪᠤᠯ ᠠᠯᠢ ᠪᠦᠬᠦᠳᠠ ᠶᠢ ᠴᠦ ᠬᠡᠰᠡᠨ ᠴᠢᠳᠠᠯ ᠤᠨ ᠢᠶᠠᠨ ᠬᠢᠷᠢ ᠲᠤᠳᠤᠷ᠎ᠠ ᠶᠠᠭ ᠬᠦᠮᠦᠨ ᠠᠴᠠ ᠪᠦᠷ ᠰᠠᠶᠢᠨ ᠨᠢ ᠪᠤᠯᠬᠤ ᠦᠭᠡᠢ ᠴᠦ ᠬᠡᠰᠡᠨ ᠬᠦᠮᠦᠨ ᠠᠴᠠ ᠲᠤᠳᠠᠭᠤ ᠦᠭᠡᠢ ᠪᠠᠶᠠᠯᠠᠬᠦᠯᠵᠦ ᠶᠠᠪᠤᠶ᠎ᠠ ᠬᠡᠵᠦ ᠪᠤᠳᠤᠳᠠᠭ ᠶᠤᠮ ᠳ᠋ᠠ︾ ᠬᠡᠵᠦ ᠤᠷᠠᠨᠳᠤᠭᠤᠰ ᠨᠠᠮᠤᠭᠤᠬᠠᠨ ᠶᠠᠷᠢᠨ᠎ᠠ᠃    ᠲᠠᠷᠠ ᠪᠠᠰᠠ ᠬᠤᠰᠢᠭᠤᠨ ᠤ ᠪᠠᠨ ᠰᠤᠶᠤᠯ ᠷᠠᠳᠢᠤ᠋ ᠲᠧᠯᠸᠢᠰ ᠤᠨ ᠲᠤᠪᠴᠢᠶᠠᠨ ᠳᠤ ᠮᠤᠩᠭᠤᠯ ᠬᠡᠯᠡᠨ ᠤ ᠨᠡᠪᠳᠡᠷᠡᠭᠦᠯᠦᠭᠴᠢ ᠬᠦᠳᠦᠯᠦᠭᠴᠢ ᠪᠠᠷ ᠠᠵᠢᠯᠯᠠᠵᠦ᠂ ᠲᠤᠭᠳᠠᠭᠰᠠᠨ ᠴᠠᠭ ᠲᠠᠭᠠᠨ ᠠᠵᠢᠯ ᠤᠨ ᠪᠠᠶᠢᠷᠢᠨ ᠲᠭᠠᠨ ᠬᠦᠷᠬᠦ  ᠨᠢ ᠲᠡᠬᠦᠨ ᠤ ᠠᠵᠢᠯ ᠤᠨ ᠴᠢᠩᠭ᠎ᠠ ᠱᠠᠭᠠᠷᠳᠠᠯᠭ᠎ᠠ ᠤᠴᠢᠷ ᠠᠴᠠ ᠬᠡᠷ ᠤᠨ ᠢᠶᠠᠨ ᠠᠵᠢᠯ ᠢᠶᠠᠨ ᠵᠤᠬᠢᠴᠠᠭᠤᠯᠵᠦ ᠪᠠᠷᠠᠮᠠᠭᠴᠠ ᠲᠧᠯᠸᠢᠰ ᠤᠨ ᠴᠡᠬᠡᠨ ᠬᠦᠰᠢᠬᠡᠨ ᠠᠴᠠ ᠮᠠᠯᠴᠢᠨ ᠲᠦᠮᠡᠨ ᠳᠡᠭᠡᠨ ᠰᠤᠨᠢᠨ ᠮᠡᠳᠡᠭᠡ ᠬᠦᠷᠬᠡᠵᠦ ᠲᠧᠯᠸᠢᠰ  ᠤᠨ ᠠᠵᠢᠯᠳᠠᠨ ᠤ ᠡᠬᠦᠷᠬᠡ ᠬᠠᠷᠢᠭᠤᠴᠠᠯᠭ᠎ᠠ ᠪᠠᠨ ᠬᠢᠨᠠᠮᠠᠭᠠᠢ ᠬᠦᠢᠴᠡᠳᠬᠡᠨ᠎ᠠ᠃ ᠢᠩᠭᠢᠬᠡᠳ ᠤᠷᠠᠨᠳᠤᠭᠤᠰ ᠦᠪᠡᠷ  ᠤᠨ ᠬᠦᠴᠦ ᠬᠦᠳᠡᠯᠮᠤᠷᠢ ᠤᠶᠢᠯᠡᠰᠴᠢ ᠬᠦᠮᠦᠨ ᠤ ᠦᠩᠭᠡ ᠬᠢᠯᠪᠠᠭ᠎ᠠ ᠪᠠᠷ ᠵᠠᠯᠠᠭᠤᠴᠤᠳ ᠤᠨ ᠢᠶᠠᠨ ᠲᠤᠮᠳᠠ ᠲᠠᠭᠤᠷᠢᠶᠠᠯ ᠪᠤᠯᠵᠦ ᠶᠠᠪᠤᠨ᠎ᠠ᠃
 
ᠢᠷᠡᠯᠲᠡ᠄ ᠦᠪᠦᠷ ᠮᠤᠩᠭᠤᠯ ᠤᠨ ᠮᠤᠩᠭᠤᠯ ᠤᠳᠤᠨ ᠲᠧᠯᠸᠢᠰ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2