ᠲᠡᠮᠡᠭᠡᠨ ᠤ ᠨᠠᠰᠤ᠂ ᠬᠦᠢᠰᠦ ᠢᠯᠭᠠᠯ ᠵᠢᠴᠢ ᠪᠣᠰᠣᠳ ᠨᠡᠷᠡᠶᠢᠳᠦᠯ
ᠨᠡᠶᠢᠲᠡᠯᠡᠭᠰᠡᠨ ᠴᠠᠭ᠄
2020/12/15
   ᠲᠡᠮᠡᠭᠡ ᠭᠡᠳᠡᠭ ᠠᠮᠢᠲᠠᠨ ᠤ ᠲᠦᠯᠯᠡᠬᠦ ᠬᠤᠭᠤᠴᠠᠭ᠎ᠠ ᠨᠢ ᠠᠷᠪᠠᠨ ᠭᠤᠷᠪᠠᠨ ᠰᠠᠷ᠎ᠠ ᠪᠣᠯᠬᠤᠷ ᠲᠡᠮᠡᠭᠡᠨ ᠤ ᠨᠠᠰᠤ ᠵᠢᠯ ᠢ ᠪᠤᠳᠤᠬᠤ ᠳᠤ ᠦᠭᠡᠷ᠎ᠡ ᠮᠠᠯ ᠲᠠᠢ ᠪᠠᠭ᠋ᠠᠨ ᠠᠳᠠᠯᠢ ᠦᠭᠡᠢ ᠪᠠᠶᠢᠳᠠᠭ᠃   ᠨᠢᠭᠡ᠂ ᠪᠤᠲᠤᠭᠤ ︵ᠨᠢᠭᠡ ᠨᠠᠰᠤᠲᠠᠢ ᠲᠡᠮᠡᠭᠡ︶   1. ᠡᠷ᠎ᠡ ᠬᠦᠢᠰᠦ ᠶᠢᠨ ᠪᠤᠲᠤᠭᠤ ᠶᠢ ᠡᠷ᠎ᠡ ᠪᠤᠲᠤᠭᠤ ᠭᠡᠨ᠎ᠡ᠃   2. ᠡᠮ᠎ᠡ ᠬᠦᠢᠰᠦ ᠶᠢᠨ ᠪᠤᠲᠤᠭᠤ ᠶᠢ ᠡᠮ᠎ᠡ ᠪᠤᠲᠤᠭᠤ ᠭᠡᠬᠦ ᠪᠣᠶᠣ ᠦᠬᠢᠨ ᠪᠤᠲᠤᠭᠤ ᠭᠡᠳᠡᠭ᠃   ᠬᠤᠶᠠᠷ᠂ ᠲᠤᠷᠤᠮ ︵ᠬᠤᠶᠠᠷ ᠨᠠᠰᠤᠲᠠᠢ ᠲᠡᠮᠡᠭᠡ︶   1. ᠡᠷ᠎ᠡ ᠬᠦᠢᠰᠦ ᠶᠢᠨ ᠲᠤᠷᠤᠮ ᠢ ᠡᠷ᠎ᠡ ᠲᠤᠷᠤᠮ ᠭᠡᠨ᠎ᠡ᠃   2. ᠡᠮ᠎ᠡ ᠬᠦᠢᠰᠦ ᠶᠢᠨ ᠲᠤᠷᠤᠮ ᠢ ᠡᠮ᠎ᠡ ᠲᠤᠷᠤᠮ ᠭᠡᠬᠦ ᠪᠣᠶᠣ ᠦᠬᠢᠨ ᠲᠤᠷᠤᠮ ᠭᠡᠳᠡᠭ᠃ ᠲᠤᠷᠤᠮ ᠤᠨ ᠨᠠᠰᠤ ᠶᠢ ᠪᠣᠰᠣᠳ ᠮᠠᠯ ᠲᠠᠢ ᠠᠳᠠᠯᠢᠳᠬᠠᠪᠠᠯ ᠢᠯᠡᠭᠦᠦ 1- 2 ᠰᠠᠷ᠎ᠠ ᠰᠢᠬᠠᠮ ᠪᠠᠶᠢᠳᠠᠭ᠃   ᠭᠤᠷᠪᠠ᠂ ᠰᠢᠳᠦᠯᠡᠩ ︵ᠭᠤᠷᠪᠠᠨ ᠨᠠᠰᠤᠲᠠᠢ ᠲᠡᠮᠡᠭᠡ︶   1. ᠭᠤᠷᠪᠠᠨ ᠨᠠᠰᠤᠲᠠᠢ ᠡᠷ᠎ᠡ ᠬᠦᠢᠰᠦ ᠶᠢᠨ ᠲᠡᠮᠡᠭᠡ ᠶᠢ ᠡᠷ᠎ᠡ ᠰᠢᠳᠦᠯᠡᠩ ᠭᠡᠬᠦ ᠪᠣᠶᠣ ᠭᠤᠨ᠎ᠠ ᠲᠡᠮᠡᠭᠡ ᠭᠡᠨ᠎ᠡ᠃   2. ᠭᠤᠷᠪᠠᠨ ᠨᠠᠰᠤᠲᠠᠢ ᠡᠮ᠎ᠡ ᠬᠦᠢᠰᠦ ᠶᠢᠨ ᠲᠡᠮᠡᠭᠡ ᠶᠢ ᠡᠮ᠎ᠡ ᠰᠢᠳᠦᠯᠡᠩ ᠭᠡᠬᠦ ᠪᠣᠶᠣ ᠭᠤᠨᠵᠢᠨ ᠲᠡᠮᠡᠭᠡ ᠭᠡᠨ᠎ᠡ᠃   ᠳᠦᠷᠪᠡ᠂ ᠬᠢᠵᠠᠭᠠᠯᠠᠩ ︵ᠳᠦᠷᠪᠡᠨ ᠨᠠᠰᠤᠲᠠᠢ ᠲᠡᠮᠡᠭᠡ︶   1. ᠳᠦᠷᠪᠡᠨ ᠨᠠᠰᠤᠲᠠᠢ ᠡᠷ᠎ᠡ ᠬᠦᠢᠰᠦ ᠶᠢᠨ ᠲᠡᠮᠡᠭᠡ ᠶᠢ ᠳᠦᠨᠡᠨ ᠲᠡᠮᠡᠭᠡ ᠭᠡᠬᠦ ᠪᠣᠶᠣ ᠬᠢᠵᠠᠭᠠᠯᠠᠩ ᠡᠷ᠎ᠡ ᠲᠡᠮᠡᠭᠡ ᠭᠡᠨ᠎ᠡ᠃ ᠬᠡᠷᠪᠡ ᠠᠭᠲᠠᠯᠠᠭᠰᠠᠨ ᠦᠭᠡᠢ ᠪᠣᠯ ᠪᠠᠰᠠ ᠲᠠᠶᠢᠯᠤᠭ ᠭᠡᠳᠡᠭ᠃ ᠵᠠᠷᠢᠮ ᠭᠠᠵᠠᠷ ᠲᠤ ᠬᠢᠵᠠᠭᠠᠯᠠᠩ ᠪᠤᠤᠷ᠎ᠠ ᠭᠡᠨ᠎ᠡ᠃   2. ᠳᠦᠷᠪᠡᠨ ᠨᠠᠰᠤᠲᠠᠢ ᠡᠮ᠎ᠡ ᠬᠦᠢᠰᠦ ᠶᠢᠨ ᠲᠡᠮᠡᠭᠡ ᠶᠢ ᠳᠦᠨᠵᠢᠨ ᠲᠡᠮᠡᠭᠡ ᠭᠡᠬᠦ ᠪᠣᠶᠣ ᠬᠢᠵᠠᠭᠠᠯᠠᠩ ᠲᠡᠮᠡᠭᠡ ᠭᠡᠨ᠎ᠡ᠃   ᠲᠠᠪᠤ᠂ ᠲᠠᠪᠤᠨ ᠨᠠᠰᠤᠨ ᠠᠴᠠ ᠳᠡᠭᠡᠭᠰᠢᠬᠢ ᠡᠮ᠎ᠡ ᠲᠡᠮᠡᠭᠡ ᠶᠢ ᠢᠩᠭᠡ ᠭᠡᠨ᠎ᠡ᠃ ᠠᠭᠲᠠᠯᠠᠭᠰᠠᠨ ᠡᠷ᠎ᠡ ᠲᠡᠮᠡᠭᠡ ᠶᠢ ᠠᠳᠠᠨ ᠲᠡᠮᠡᠭᠡ ᠪᠣᠶᠣ ᠡᠷ᠎ᠡ ᠲᠡᠮᠡᠭᠡ ᠭᠡᠨ᠎ᠡ᠃ ᠠᠭᠳᠠᠯᠠᠭᠰᠠᠨ ᠦᠭᠡᠢ ᠪᠣᠯ ᠪᠣᠣᠷ᠎ᠠ ᠭᠡᠬᠦ ᠪᠣᠶᠣ ᠲᠠᠶᠢᠯᠤᠭ ᠭᠡᠨ᠎ᠡ᠃   ᠵᠢᠷᠭᠤᠭ᠎ᠠ᠂ ᠵᠢᠷᠭᠤᠭᠠᠨ ᠨᠠᠰᠤᠨ ᠠᠴᠠ ᠳᠡᠭᠡᠭᠰᠢᠬᠢ ᠲᠡᠮᠡᠭᠡ ᠶᠢ ᠨᠠᠰᠤ ᠭᠦᠢᠴᠡᠭᠰᠡᠨ ᠲᠡᠮᠡᠭᠡ ᠭᠡᠬᠦ ᠪᠣᠶᠣ ᠪᠦᠳᠦᠭᠦᠨ ᠲᠡᠮᠡᠭᠡ ᠭᠡᠨ᠎ᠡ᠃   ᠳᠣᠯᠤᠭ᠎ᠠ᠂ ᠠᠷᠪᠠᠨ ᠲᠠᠪᠤᠨ ᠨᠠᠰᠤᠨ ᠠᠴᠠ ᠳᠡᠭᠡᠭᠰᠢᠬᠢ ᠲᠡᠮᠡᠭᠡ ᠶᠢ ᠬᠦᠭᠰᠢᠨ ᠲᠡᠮᠡᠭᠡ ᠭᠡᠨ᠎ᠡ᠃ ᠡᠮ᠎ᠡ ᠬᠦᠢᠰᠦ ᠶᠢᠨ ᠲᠡᠮᠡᠭᠡ ᠶᠢ ᠬᠦᠭᠰᠢᠨ ᠢᠩᠭᠡ ᠭᠡᠳᠡᠭ᠃ ᠲᠡᠮᠡᠭᠡ ᠪᠣᠯ ᠲᠠᠪᠤᠨ ᠬᠤᠰᠢᠭᠤ ᠮᠠᠯ ᠤᠨ ᠳᠤᠲᠤᠷ᠎ᠠ ᠬᠠᠮᠤᠭ ᠠᠴᠠ ᠣᠷᠲᠣ ᠨᠠᠰᠤᠯᠠᠳᠠᠭ ᠠᠮᠢᠲᠠᠨ ᠶᠣᠮ᠃ ᠠᠷᠠᠴᠢᠯᠠᠭ᠎ᠠ ᠮᠠᠯᠯᠠᠭ᠎ᠠ ᠰᠠᠶᠢᠲᠠᠢ ᠲᠡᠮᠡᠭᠡ ᠪᠠᠷᠤᠭ 35- 40 ᠨᠠᠰᠤ ᠬᠦᠷᠳᠡᠭ᠃ ᠲᠡᠮᠡᠭᠡᠲᠦ ᠨᠤᠲᠤᠭ ᠠᠯᠠᠱᠠ ᠳᠤ ᠪᠣᠯ ᠲᠡᠮᠡᠭᠡ ᠶᠢ ᠰᠢᠳᠦ ᠪᠠᠷ ᠨᠢ ᠨᠠᠰᠤ ᠵᠢᠯ ᠢ ᠨᠢ ᠦᠵᠡᠳᠡᠭ᠃ ᠮᠠᠨ ᠤ ᠤᠷᠤᠨ ᠤ ᠵᠡᠭᠦᠨ ᠬᠡᠰᠡᠭ ᠤᠨ ᠭᠠᠵᠠᠷ ᠤᠷᠤᠨ ᠳᠤ ᠲᠡᠮᠡᠭᠡ ᠴᠦᠬᠡᠨ ᠪᠠᠶᠢᠳᠠᠭ ᠲᠤᠯᠠ ᠰᠢᠳᠦ ᠪᠠᠷ ᠨᠢ ᠨᠠᠰᠤ ᠶᠢ ᠨᠢ ᠦᠵᠡᠬᠦ ᠦᠭᠡᠢ᠂ ᠬᠠᠷᠢᠨ ᠭᠡᠷ ᠤᠨ ᠡᠵᠡᠨ ᠤ ᠲᠡᠮᠳᠡᠭᠯᠡᠯ ᠢᠶᠠᠷ ᠨᠠᠰᠤ ᠵᠢᠯ ᠢ ᠨᠢ ᠲᠤᠭᠲᠠᠭᠠᠳᠠᠭ᠃   ᠨᠠᠢᠮᠠ᠂ ᠪᠣᠰᠣᠳ ᠨᠡᠷᠡᠶᠢᠳᠦᠯ   1. ᠰᠤᠪᠠᠢ ᠢᠩᠭᠡ ᠲᠦᠯᠯᠡᠬᠦ ᠨᠠᠰᠤᠨ ᠤ ᠬᠡᠭᠡᠯᠳᠦᠬᠦ ᠴᠠᠭ ᠬᠤᠭᠤᠴᠠᠭᠠᠨ ᠳᠠᠭᠠᠨ ᠬᠡᠭᠡᠯ ᠲᠤᠭᠲᠠᠭᠰᠠᠨ ᠦᠭᠡᠢ ᠶᠢ ᠰᠤᠪᠠᠢ ᠢᠩᠭᠡ᠂ ᠡᠰᠡᠭᠦᠯ᠎ᠡ ᠰᠤᠪᠠᠢ ᠲᠡᠮᠡᠭᠡ ᠭᠡᠨ᠎ᠡ᠃   2. ᠬᠤᠰᠠᠷᠠᠩ ᠲᠡᠮᠡᠭᠡ ᠣᠷᠤᠭ᠎ᠠ ᠶᠢᠨ ᠬᠤᠭᠤᠴᠠᠭᠠᠨ ᠳᠠᠭᠠᠨ ᠪᠠᠶᠢᠬᠤ ᠢᠩᠭᠡ ᠶᠢ ᠬᠤᠰᠠᠷᠠᠩ ᠢᠩᠭᠡ ᠭᠡᠨ᠎ᠡ᠃   3. ᠬᠠᠶᠢᠳᠠᠭ ᠢᠩᠭᠡ ᠪᠤᠲᠤᠭᠤ ᠨᠢ ᠦᠬᠦᠭᠰᠡᠨ᠂ ᠡᠰᠡᠭᠦᠯ᠎ᠡ ᠶᠠᠮᠠᠷ ᠨᠢᠭᠡᠨ ᠰᠢᠯᠲᠠᠭᠠᠨ ᠠᠴᠠ ᠪᠣᠯᠣᠭᠠᠳ ᠪᠣᠲᠣᠭᠤ ᠪᠠᠨ ᠬᠠᠶᠠᠭᠰᠠᠨ ︵ᠵᠠᠷᠢᠮ ᠭᠠᠵᠠᠷ ᠲᠤ ᠪᠤᠲᠤᠭᠤ ᠤᠷᠬᠢᠭᠰᠠᠨ ᠭᠡᠳᠡᠭ︶ ᠲᠡᠮᠡᠭᠡ ᠶᠢ ᠬᠠᠶᠢᠳᠠᠭ ᠲᠡᠮᠡᠭᠡ ᠪᠣᠶᠣ ᠬᠠᠶᠢᠳᠠᠭ ᠢᠩᠭᠡ ᠭᠡᠨ᠎ᠡ᠃   4. ᠡᠷᠡᠮᠳᠡᠭ ᠢᠩᠭᠡ ᠬᠡᠵᠢᠶᠡᠳᠡ ᠬᠡᠭᠡᠯᠳᠦᠵᠦ ᠪᠤᠲᠤᠭᠤᠯᠠᠳᠠᠭ ᠦᠭᠡᠢ ᠢᠩᠭᠡ ᠶᠢ ᠡᠷᠡᠮᠳᠡᠭ ᠢᠩᠭᠡ ᠭᠡᠨ᠎ᠡ᠃ ᠡᠶᠢᠮᠦ ᠲᠡᠮᠡᠭᠡ ᠲᠤᠩ ᠴᠦᠬᠡᠨ ᠪᠠᠶᠢᠳᠠᠭ᠃ ᠡᠷᠡᠮᠳᠡᠭ ᠢᠩᠭᠡ ᠶᠢ ᠣᠨᠣᠬᠤ ᠪᠣᠶᠣ ᠠᠴᠢᠶ᠎ᠠ ᠬᠦᠰᠭᠡ ᠳᠤ ᠵᠠᠷᠤᠳᠠᠭ᠃ ᠲᠡᠮᠡᠭᠡᠨ ᠤ ᠵᠠᠩ ᠪᠠᠶᠢᠳᠠᠯ ᠢᠶᠠᠷ ᠨᠢ ᠪᠠᠷᠬᠢᠷᠠᠭ᠎ᠠ ᠲᠡᠮᠡᠭᠡ᠂ ᠬᠠᠮᠤᠳᠠᠭ ᠲᠡᠮᠡᠭᠡ᠂ ᠲᠦᠢᠯᠠᠩᠬᠠᠢ ᠲᠡᠮᠡᠭᠡ᠂ ᠬᠠᠱᠠᠩ ᠲᠡᠮᠡᠭᠡ᠂ ᠨᠤᠮᠤᠬᠠᠨ ᠲᠡᠮᠡᠭᠡ᠂ ᠰᠠᠪᠠᠰᠤ ᠦᠯᠢᠶᠡᠳᠡᠭ ᠲᠡᠮᠡᠭᠡ ᠭᠡᠵᠦ ᠬᠤᠪᠢᠶᠠᠳᠠᠭ ᠪᠠ ᠤᠨᠤᠰᠢ ᠶᠢᠨ ᠪᠠᠶᠢᠳᠠᠯ ᠢᠶᠠᠷ ᠨᠢ ᠵᠢᠷᠤᠭ᠎ᠠ ᠲᠡᠮᠡᠭᠡ᠂ ᠲᠠᠰᠢᠳᠡᠭ ᠲᠡᠮᠡᠭᠡ ᠭᠡᠵᠦ ᠬᠤᠪᠢᠶᠠᠳᠠᠭ᠃
 
ᠢᠷᠡᠯᠲᠡ᠄ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠠᠷᠢᠶᠠᠯᠠᠩ ᠮᠠᠯ ᠠᠵᠦ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠭᠢᠮ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2