ᠨᠢᠭᠡ᠂ ᠲᠤᠭᠤᠯ ︵ᠨᠢᠭᠡ ᠨᠠᠰᠤᠲᠠᠢ ᠦᠬᠡᠷ︶ | ᠲᠤᠰ ᠵᠢᠯ ᠤᠨ ᠬᠠᠪᠤᠷ ᠤᠨ ᠲᠦᠯ ᠳᠠᠷᠠᠭ᠎ᠠ ᠬᠠᠪᠤᠷ ᠤᠨ ᠰᠢᠨ᠎ᠡ ᠲᠦᠯ ᠲᠦᠯᠯᠡᠬᠦ ᠪᠣᠯᠲᠠᠯ᠎ᠠ ᠪᠦᠬᠦᠯᠢ ᠨᠢᠭᠡ ᠵᠢᠯ | ᠪᠣᠯᠬᠤ ᠲᠤᠯᠠ ᠡᠨᠡ ᠬᠤᠭᠤᠷᠤᠨᠳᠣᠬᠢ ᠶᠢ ᠲᠤᠭᠤᠯ ᠭᠡᠨ᠎ᠡ᠃ 1. ᠡᠷ᠎ᠡ ᠬᠦᠢᠰᠦ ᠶᠢᠨ ᠲᠤᠭᠤᠯ ᠢ ᠡᠷ᠎ᠡ ᠲᠤᠭᠤᠯ | ᠭᠡᠨ᠎ᠡ᠃ | 2. ᠡᠮ᠎ᠡ ᠬᠦᠢᠰᠦ ᠶᠢᠨ ᠲᠤᠭᠤᠯ ᠢ ᠦᠬᠢᠨ ᠲᠤᠭᠤᠯ ᠭᠡᠨ᠎ᠡ᠃ | 3. ᠪᠢᠯᠢᠭ ᠤᠨ ᠤᠯᠠᠷᠢᠯ ᠤᠨ ᠨᠠᠢᠮᠠᠨ ᠰᠠᠷ᠎ᠠ ᠠᠴᠠ ᠬᠤᠶᠢᠨ᠎ᠠ ᠭᠠᠷᠤᠭᠰᠠᠨ ᠲᠤᠭᠤᠯ ᠢ ᠬᠡᠨᠵᠡ ᠲᠤᠭᠤᠯ ᠭᠡᠨ᠎ᠡ᠃ | ᠬᠤᠶᠠᠷ᠂ ᠪᠢᠷᠠᠭᠤ ︵ᠬᠤᠶᠠᠷ ᠨᠠᠰᠤᠲᠠᠢ ᠦᠬᠡᠷ︶ | ᠮᠠᠯᠴᠢᠳ ᠪᠢᠷᠠᠭᠤ ᠪᠠᠨ ︽ᠨᠤᠭᠤᠭᠠᠨ ᠪᠢᠷᠠᠭᠤ︾ ᠭᠡᠵᠦ ᠳᠠᠭᠤᠳᠠᠬᠤ ᠵᠠᠩᠰᠢᠯ ᠲᠠᠢ ᠪᠠᠶᠢᠳᠠᠭ᠃ ᠨᠠᠮᠤᠷ ᠤᠨ | ᠰᠡᠭᠦᠯᠴᠢ ᠪᠣᠯᠬᠤ ᠳᠤ ᠨᠢᠭᠡ ᠪᠦᠯᠦᠭ ᠲᠤᠭᠤᠯ ᠡᠬᠡ ᠪᠠᠨ ᠣᠯᠵᠣ ᠬᠦᠬᠦᠬᠦ ᠦᠭᠡᠢ ᠪᠣᠯᠵᠣ ᠮᠠᠰᠢ ᠲᠦᠷᠭᠡᠨ ᠢᠶᠠᠷ | ᠡᠴᠡᠩᠬᠡᠢ ᠲᠤᠷᠠᠩᠬᠠᠢ ᠪᠣᠯᠳᠠᠭ᠃ ᠡᠶᠢᠮᠦ ᠠᠴᠠ ᠡᠪᠦᠯ ᠢ ᠦᠩᠭᠡᠷᠡᠨ ᠬᠠᠪᠤᠷ ᠤᠨ ᠰᠢᠨ᠎ᠡ ᠬᠦᠬᠡ ᠨᠤᠭᠤᠭᠠᠨ ᠳᠤ | ᠬᠦᠷᠲᠡᠯ᠎ᠡ᠂ ᠮᠠᠯᠴᠢᠳ ᠲᠤᠭᠤᠯ ᠠᠴᠠ ᠪᠠᠨ ᠪᠢᠷᠠᠭᠤ ᠪᠣᠯᠬᠤ ᠡᠨᠡ ᠨᠢᠭᠡ ᠪᠦᠯᠦᠭ ᠮᠠᠯ ᠳᠠᠭᠠᠨ ᠶᠡᠬᠡᠬᠡᠨ ᠬᠦᠴᠦ | ᠲᠠᠯᠪᠢᠵᠤ ᠪᠠᠶᠢᠭᠠᠳ ᠨᠤᠭᠤᠭᠠᠨ ᠳᠤ ᠣᠷᠣᠭᠤᠯᠳᠠᠭ ᠶᠣᠮ᠃ ᠡᠶᠢᠮᠦ ᠠᠴᠠ ︽ᠨᠤᠭᠤᠭᠠᠨ ᠪᠢᠷᠠᠭᠤ︾ ᠭᠡᠵᠦ ᠬᠡᠯᠡᠬᠦ | ᠵᠠᠩᠰᠢᠯ ᠲᠠᠢ ᠪᠣᠯᠵᠠᠢ᠃ ᠲᠤᠭᠤᠯ ᠨᠢ ᠰᠢᠨ᠎ᠡ ᠬᠦᠬᠡ ᠨᠤᠭᠤᠭ᠎ᠠ ᠣᠯᠵᠣ ᠢᠳᠡᠭᠡᠳ ᠰᠠᠶ᠋ᠢ ᠪᠢᠷᠠᠭᠤ ᠪᠣᠯᠣᠨ᠎ᠠ᠃ | ᠨᠤᠭᠤᠭᠠᠨ ᠳᠤ ᠤᠷᠤᠭᠠᠳ ᠨᠠᠰᠤ ᠨᠡᠮᠡᠭᠳᠡᠬᠦ ᠦᠵᠡᠭᠳᠡᠯ ᠵᠦᠪᠬᠡᠨ ᠪᠢᠷᠠᠭᠤ ᠮᠡᠲᠦ ᠶᠢᠨ ᠠᠳᠤᠭᠤᠰᠤᠨ ᠳᠤ ᠲᠤᠬᠢᠷᠠᠳᠠᠭ | ᠪᠢᠰᠢ᠂ ᠤᠮᠠᠷᠠᠲᠤ ᠶᠢᠨ ᠡᠷᠲᠡᠨ ᠤ ᠵᠠᠷᠢᠮ ᠴᠦᠬᠡᠨ ᠲᠤᠭᠠᠲᠤ ᠦᠨᠳᠦᠰᠦᠲᠡᠨ ᠪᠠᠰᠠ ᠬᠠᠪᠤᠷ ᠤᠨ ᠨᠤᠭᠤᠭᠠᠷᠠᠬᠤ ᠪᠠ | ᠨᠠᠮᠤᠷ ᠤᠨ ᠬᠤᠪᠠᠭ᠋ᠠᠶᠢᠷᠠᠬᠤ ᠪᠠᠷ ᠨᠠᠰᠤ ᠵᠢᠯ ᠢᠶᠠᠨ ᠪᠤᠳᠤᠵᠤ ᠪᠠᠶᠢᠭᠰᠠᠨ ᠲᠤᠬᠠᠢ ᠲᠡᠥᠬᠡ ᠶᠢᠨ ᠲᠡᠮᠳᠡᠭᠯᠡᠯ ᠲᠠᠢ᠃ | 1. ᠬᠤᠶᠠᠷ ᠨᠠᠰᠤᠲᠠᠢ ᠡᠷ᠎ᠡ ᠬᠦᠢᠰᠦ ᠶᠢᠨ ᠦᠬᠡᠷ ᠢ ᠡᠷ᠎ᠡ ᠪᠢᠷᠠᠭᠤ ᠭᠡᠨ᠎ᠡ᠃ ᠪᠤᠬ᠎ᠠ ᠲᠠᠯᠪᠢᠬᠤ ᠪᠠᠷ ᠰᠤᠩᠭᠤᠨ | ᠦᠯᠡᠳᠡᠭᠡᠵᠦ ᠬᠦᠩᠭᠡᠯᠡᠨ ᠵᠠᠰᠠᠭᠰᠠᠨ ᠦᠭᠡᠢ ᠶᠢ ᠪᠢᠷᠠᠭᠤᠨ ᠪᠤᠬ᠎ᠠ ᠭᠡᠨ᠎ᠡ᠃ | 2. ᠬᠤᠶᠠᠷ ᠨᠠᠰᠤᠲᠠᠢ ᠡᠮ᠎ᠡ ᠬᠦᠢᠰᠦ ᠶᠢᠨ ᠦᠬᠡᠷ ᠢ ᠦᠬᠢᠨ ᠪᠢᠷᠠᠭᠤ ᠭᠡᠳᠡᠭ᠃ | ᠭᠤᠷᠪᠠ᠂ ᠰᠢᠳᠦᠯᠡᠩ ︵ᠭᠤᠷᠪᠠᠨ ᠨᠠᠰᠤᠲᠠᠢ ᠦᠬᠡᠷ︶ | 1. ᠭᠤᠷᠪᠠᠨ ᠨᠠᠰᠤᠲᠠᠢ ᠡᠷ᠎ᠡ ᠬᠦᠢᠰᠦ ᠶᠢᠨ ᠦᠬᠡᠷ ᠢ ᠰᠢᠳᠦᠯᠡᠩ ᠭᠤᠨ᠎ᠠ ᠭᠡᠨ᠎ᠡ᠃ ᠪᠤᠬ᠎ᠠ ᠲᠠᠯᠪᠢᠬᠤ ᠪᠠᠷ | ᠦᠯᠡᠳᠡᠭᠡᠵᠦ ᠬᠦᠩᠭᠡᠯᠡᠨ ᠵᠠᠰᠠᠭᠰᠠᠨ ᠦᠭᠡᠢ ᠶᠢ ᠰᠢᠳᠦᠯᠡᠩ ᠪᠤᠬ᠎ᠠ ᠭᠡᠳᠡᠭ᠃ | 2. ᠭᠤᠷᠪᠠᠨ ᠨᠠᠰᠤᠲᠠᠢ ᠡᠮ᠎ᠡ ᠬᠦᠢᠰᠦ ᠶᠢᠨ ᠦᠬᠡᠷ ᠢ ᠰᠢᠳᠦᠯᠡᠩ ᠭᠤᠨᠵᠢ ᠭᠡᠨ᠎ᠡ᠃ | ᠳᠦᠷᠪᠡ᠂ ᠬᠢᠵᠠᠭᠠᠯᠠᠩ ︵ᠳᠦᠷᠪᠡᠨ ᠨᠠᠰᠤᠲᠠᠢ ᠦᠬᠡᠷ︶ | 1. ᠳᠦᠷᠪᠡᠨ ᠨᠠᠰᠤᠲᠠᠢ ᠡᠷ᠎ᠡ ᠬᠦᠢᠰᠦ ᠶᠢᠨ ᠦᠬᠡᠷ ᠢ ᠬᠢᠵᠠᠭᠠᠯᠠᠩ ᠭᠤᠨ᠎ᠠ ᠭᠡᠬᠦ ᠪᠣᠶᠣ ᠳᠦᠨ᠎ᠡ ᠭᠡᠳᠡᠭ᠃ | ᠤᠳᠤᠬᠠᠨ ᠳᠤ ᠵᠡᠭᠦᠨ ᠤᠷᠤᠨ ᠳᠤ ᠦᠬᠡᠷ ᠢ ᠳᠦᠨ᠎ᠡ᠂ ᠳᠦᠨᠵᠢ ᠭᠡᠵᠦ ᠨᠡᠷᠡᠶᠢᠳᠬᠦ ᠦᠭᠡᠢ ᠪᠣᠯᠵᠠᠢ᠃ ᠵᠦᠪᠬᠡᠨ | ᠪᠢᠴᠢᠭ ᠤᠨ ᠬᠡᠯᠡᠨ ᠳᠤ ᠬᠡᠷᠡᠭᠯᠡᠵᠦ ᠪᠠᠶᠢᠨ᠎ᠠ᠃ ᠳᠦᠷᠪᠡᠨ ᠨᠠᠰᠤᠲᠠᠢ ᠬᠦᠩᠭᠡᠯᠡᠭᠰᠡᠨ ᠦᠭᠡᠢ ᠡᠷ᠎ᠡ ᠦᠬᠡᠷ ᠢ | ᠬᠢᠵᠠᠭᠠᠯᠠᠩ ᠪᠤᠬ᠎ᠠ ᠭᠡᠨ᠎ᠡ᠃ | 2. ᠳᠦᠷᠪᠡᠨ ᠨᠠᠰᠤᠲᠠᠢ ᠡᠮ᠎ᠡ ᠬᠦᠢᠰᠦ ᠶᠢᠨ ᠦᠬᠡᠷ ᠢ ᠬᠢᠵᠠᠭᠠᠯᠠᠩ ᠭᠤᠨᠵᠢ ᠭᠡᠬᠦ ᠪᠤᠶᠤ ᠳᠦᠨᠵᠢ ᠭᠡᠳᠡᠭ᠃ | ᠲᠠᠪᠤ᠂ ᠰᠤᠶᠤᠭᠠᠯᠠᠩ ︵ᠲᠠᠪᠤᠨ ᠨᠠᠰᠤᠲᠠᠢ ᠦᠬᠡᠷ︶ | ᠦᠬᠡᠷ ᠤᠯᠠᠩᠬᠢ ᠳᠠᠭᠠᠨ ᠲᠠᠪᠤᠨ ᠨᠠᠰᠤᠨ ᠳᠡᠭᠡᠷ᠎ᠡ ᠪᠠᠨ ᠲᠦᠯ ᠲᠠᠢ ᠪᠣᠯᠴᠢᠬᠠᠨ᠎ᠠ᠃ | 1. ᠲᠠᠪᠤᠨ ᠨᠠᠰᠤᠲᠠᠢ ᠡᠷ᠎ᠡ ᠬᠦᠢᠰᠦ ᠶᠢᠨ ᠦᠬᠡᠷ ᠢ ᠰᠤᠶᠤᠭᠠᠯᠠᠩ ᠭᠤᠨ᠎ᠠ ᠭᠡᠨ᠎ᠡ᠂ ᠪᠠᠰᠠ ᠰᠤᠶᠤᠭᠠᠯᠠᠩ ᠡᠷ᠎ᠡ | ᠦᠬᠡᠷ ᠭᠡᠨ᠎ᠡ᠃ ᠲᠠᠪᠤᠨ ᠨᠠᠰᠤᠲᠠᠢ ᠪᠤᠬ᠎ᠠ ᠶᠢ ᠰᠤᠶᠤᠭᠠᠯᠠᠩ ᠪᠤᠬ᠎ᠠ ᠭᠡᠬᠦ ᠪᠣᠶᠣ ᠪᠦᠳᠦᠭᠦᠨ ᠪᠤᠬ᠎ᠠ ᠭᠡᠨ᠎ᠡ᠃ | 2. ᠲᠠᠪᠤᠨ ᠨᠠᠰᠤᠲᠠᠢ ᠡᠮ᠎ᠡ ᠬᠦᠢᠰᠦ ᠶᠢᠨ ᠦᠬᠡᠷ ᠨᠢ ᠬᠡᠷᠪᠡ ᠲᠦᠯ ᠲᠠᠢ ᠪᠣᠯ ᠰᠤᠶᠤᠭᠠᠯᠠᠩ ᠦᠨᠢᠶ᠎ᠡ ᠭᠡᠵᠦ᠂ | ᠲᠦᠯ ᠦᠭᠡᠢ ᠪᠣᠯ ᠮᠦᠨ ᠰᠤᠶᠤᠭᠠᠯᠠᠩ ᠭᠤᠨᠵᠢ ᠭᠡᠨ᠎ᠡ᠃ ᠵᠠᠷᠢᠮ ᠭᠠᠵᠠᠷ ᠲᠤ ᠪᠠᠰᠠ ᠭᠤᠨᠵᠢᠨ ᠦᠨᠢᠶ᠎ᠡ ᠭᠡᠳᠡᠭ᠃ | ᠵᠢᠷᠭᠤᠭ᠎ᠠ᠂ ᠰᠤᠩᠭᠤᠬᠤ ᠨᠠᠰᠤᠨ ᠤ ᠦᠬᠡᠷ ᠪᠠ ᠭᠦᠢᠴᠡᠭᠡᠬᠦ ᠨᠠᠰᠤᠨ ᠤ ᠦᠬᠡᠷ ᠮᠠᠨ ᠤ ᠤᠷᠤᠨ ᠤ ᠵᠡᠭᠦᠨ | ᠤᠷᠤᠨ ᠳᠤ ᠣᠣᠯ ᠳᠠᠭᠠᠨ ᠵᠢᠷᠭᠤᠭᠠᠨ ᠨᠠᠰᠤᠲᠠᠢ ᠦᠬᠡᠷ ᠢ ᠰᠤᠩᠭᠤᠬᠤ ᠦᠬᠡᠷ ᠭᠡᠵᠦ᠂ ᠳᠤᠯᠤᠭᠠᠨ ᠨᠠᠰᠤᠲᠠᠢ | ᠦᠬᠡᠷ ᠢ ᠭᠦᠢᠴᠡᠭᠡᠬᠦ ᠦᠬᠡᠷ ᠭᠡᠵᠦ ᠨᠡᠷᠡᠶᠢᠳᠦᠨ ᠳᠠᠭᠤᠳᠠᠳᠠᠭ᠃ ᠡᠭᠦᠨ ᠳᠤ᠄ 1. ᠡᠷ᠎ᠡ ᠬᠦᠢᠰᠦ ᠶᠢᠨ ᠵᠢᠷᠭᠤᠭᠠᠨ | ᠨᠠᠰᠤᠲᠠᠢ ᠦᠬᠡᠷ ᠢ ᠰᠤᠩᠭᠤᠬᠤ ᠨᠠᠰᠤᠨ ᠤ ᠡᠷ᠎ᠡ ᠦᠬᠡᠷ ᠭᠡᠬᠦ ᠪᠠ ᠳᠣᠯᠣᠭᠠᠨ ᠨᠠᠰᠤᠲᠠᠢ ᠶᠢ ᠨᠢ ᠭᠦᠢᠴᠡᠭᠡᠬᠦ | ᠨᠠᠰᠤᠨ ᠤ ᠡᠷ᠎ᠡ ᠦᠬᠡᠷ ᠭᠡᠳᠡᠭ᠃ 2. ᠡᠮ᠎ᠡ ᠬᠦᠢᠰᠦ ᠶᠢᠨ ᠵᠢᠷᠭᠤᠭᠠᠨ ᠨᠠᠰᠤᠲᠠᠢ ᠦᠬᠡᠷ ᠢ ᠰᠤᠩᠭᠤᠬᠤ ᠨᠠᠰᠤᠨ ᠤ | ᠦᠨᠢᠶ᠎ᠡ ᠭᠡᠬᠦ ᠪᠠ ᠳᠤᠯᠤᠭᠠᠨ ᠨᠠᠰᠤᠲᠠᠢ ᠶᠢ ᠨᠢ ᠭᠦᠢᠴᠡᠭᠡᠬᠦ ᠨᠠᠰᠤᠨ ᠤ ᠦᠨᠢᠶ᠎ᠡ ᠭᠡᠳᠡᠭ᠃ ᠵᠢᠷᠭᠤᠭᠠᠨ ᠨᠠᠰᠤᠨ ᠠᠴᠠ | ᠳᠡᠭᠡᠭᠰᠢᠬᠢ ᠪᠤᠬ᠎ᠠ ᠶᠢ ᠦᠩᠭᠡ ᠵᠢᠰᠦ ᠲᠠᠢ ᠨᠢ ᠬᠤᠯᠪᠤᠭᠳᠠᠭᠤᠯᠤᠨ ᠬᠦᠬᠡ ᠪᠤᠬ᠎ᠠ ᠪᠣᠶᠣ ᠤᠯᠠᠭᠠᠨ ᠪᠤᠬ᠎ᠠ ᠭᠡᠬᠦ ᠪᠠ | ᠪᠦᠳᠦᠭᠦᠨ ᠪᠤᠬ᠎ᠠ ᠭᠡᠨ᠎ᠡ᠃ ᠵᠢᠷᠭᠤᠭᠠᠨ ᠨᠠᠰᠤᠨ ᠠᠴᠠ ᠳᠡᠭᠡᠭᠰᠢᠬᠢ ᠡᠷ᠎ᠡ ᠦᠬᠡᠷ ᠪᠠ ᠲᠡᠷᠭᠡ ᠣᠨᠣᠭᠠᠨ ᠤ ᠬᠦᠯᠪᠦᠷᠢ | ᠦᠬᠡᠷ ᠢ ᠱᠠᠷ ᠭᠡᠨ᠎ᠡ᠃ | ᠳᠣᠯᠤᠭ᠎ᠠ᠂ ᠪᠣᠰᠣᠳ ᠨᠡᠷᠡᠶᠢᠳᠦᠯ | 1. ᠰᠤᠪᠠᠢ ᠦᠨᠢᠶ᠎ᠡ | ᠲᠦᠯᠯᠡᠬᠦ ᠨᠠᠰᠤᠨ ᠳᠤ ᠬᠦᠷᠦᠭᠡᠳ ᠲᠦᠯ ᠦᠭᠡᠢ ᠦᠨᠢᠶ᠎ᠡ ᠶᠢ ᠰᠤᠪᠠᠢ ᠭᠤᠨᠵᠢ ᠭᠡᠨ᠎ᠡ᠃ ᠲᠠᠪᠤᠨ ᠨᠠᠰᠤᠨ ᠠᠴᠠ | ᠳᠡᠭᠡᠭᠰᠢᠬᠢ ᠦᠨᠢᠶ᠎ᠡ ᠬᠡᠭᠡᠯᠳᠦᠬᠦ ᠴᠠᠭ ᠲᠠᠭᠠᠨ ᠬᠡᠭᠡᠯ ᠲᠤᠭᠲᠠᠭᠰᠠᠨ ᠦᠭᠡᠢ ᠶᠢ ᠪᠠᠰᠠ ᠰᠤᠪᠠᠢ ᠦᠨᠢᠶ᠎ᠡ ᠭᠡᠨ᠎ᠡ᠃ | 2. ᠬᠤᠰᠠᠷᠠᠩ ᠦᠨᠢᠶ᠎ᠡ | ᠲᠤᠰ ᠵᠢᠯ ᠳᠤ ᠲᠦᠯ ᠦᠭᠡᠢ᠂ ᠳᠡᠭᠡᠷ᠎ᠡ ᠵᠢᠯ ᠤᠨ ᠲᠤᠭᠤᠯ — ᠡᠨᠡ ᠬᠠᠪᠤᠷ ᠤᠨ ᠪᠢᠷᠠᠭᠤ ᠪᠠᠨ ᠦᠷᠭᠦᠯᠵᠢᠯᠡᠨ | ᠬᠦᠬᠦᠭᠦᠯᠵᠦ ᠪᠠᠶᠢᠭ᠎ᠠ ᠦᠨᠢᠶ᠎ᠡ ᠶᠢ ᠬᠤᠰᠠᠷᠠᠩ ᠦᠨᠢᠶ᠎ᠡ ᠭᠡᠨ᠎ᠡ᠃ ᠬᠡᠷᠪᠡ ᠬᠤᠰᠠᠷᠠᠩ ᠦᠨᠢᠶ᠎ᠡ ᠨᠢ ᠲᠠᠷᠭᠤ ᠰᠠᠶᠢᠲᠠᠢ | ᠪᠦᠭᠡᠳ ᠰᠦ ᠨᠢ ᠴᠤ ᠰᠠᠶᠢᠨ ᠪᠣᠯ ᠬᠤᠰᠠᠷᠠᠩ ᠦᠨᠢᠶᠡᠨ ᠤ ᠪᠢᠷᠠᠭᠤ ᠶᠢ ᠲᠤᠰ ᠵᠢᠯ ᠤᠨ ᠲᠤᠭᠤᠯ ᠲᠠᠢ ᠨᠢ ᠬᠠᠮᠲᠤ | ᠦᠯᠡᠳᠡᠭᠡᠵᠦ ᠪᠠᠶᠢᠭᠠᠳ ᠬᠤᠰᠠᠷᠠᠩ ᠦᠨᠢᠶ᠎ᠡ ᠶᠢ ᠪᠠᠰᠠ ᠰᠠᠭᠠᠯᠢ ᠶᠢᠨ ᠦᠨᠢᠶ᠎ᠡ ᠪᠣᠯᠭᠠᠵᠤ ᠪᠣᠯᠣᠨ᠎ᠠ᠃ | 3. ᠬᠠᠶᠢᠳᠠᠭ ᠦᠨᠢᠶ᠎ᠡ | ᠲᠦᠯᠯᠡᠭᠡᠳ ᠲᠤᠭᠤᠯ ᠨᠢ ᠦᠬᠦᠭᠰᠡᠨ ᠦᠨᠢᠶ᠎ᠡ ᠶᠢ ᠬᠠᠶᠢᠳᠠᠭ ᠦᠨᠢᠶ᠎ᠡ ᠭᠡᠨ᠎ᠡ᠃ ᠤᠨᠴᠠᠭᠠᠢ ᠪᠠᠶᠢᠳᠠᠯ ᠳᠤᠤᠷ᠎ᠠ | ᠲᠤᠭᠤᠯ ᠬᠠᠶᠠᠭᠰᠠᠨ ᠦᠨᠢᠶ᠎ᠡ ᠶᠢ ᠪᠠᠰᠠ ᠬᠠᠶᠢᠳᠠᠭ ᠦᠨᠢᠶ᠎ᠡ ᠭᠡᠳᠡᠭ᠃ | 4. ᠳᠡᠯᠡᠭᠡ ᠲᠤᠭᠤᠯ ᠲᠠᠢ ᠦᠨᠢᠶ᠎ᠡ | ᠳᠡᠯᠡᠭᠡ ᠲᠤᠭᠤᠯ ᠲᠠᠢ ᠦᠨᠢᠶ᠎ᠡ ᠭᠡᠳᠡᠭ ᠪᠣᠯ ᠳᠡᠭᠡᠷ᠎ᠡ ᠳᠤᠷᠠᠳᠤᠭᠰᠠᠨ ᠬᠠᠶᠢᠳᠠᠭ ᠦᠨᠢᠶ᠎ᠡ ᠳᠤ ᠪᠤᠰᠤᠳ ᠤᠨ ᠲᠤᠭᠤᠯ ᠢ | ᠬᠦᠬᠦᠭᠦᠯᠵᠦ ᠨᠢᠭᠡ ᠲᠤᠭᠤᠯ ᠳᠤ ᠬᠤᠶᠠᠷ ᠡᠬᠡ ᠲᠠᠢ ᠪᠤᠯᠭᠠᠭᠰᠠᠨ ᠦᠨᠢᠶ᠎ᠡ ᠶᠢ ᠬᠡᠯᠡᠵᠦ ᠪᠠᠶᠢᠨ᠎ᠠ᠃ ᠲᠠᠯ᠎ᠠ | ᠨᠤᠲᠤᠭ ᠤᠨ ᠬᠠᠰᠢᠷ ᠮᠠᠯᠴᠢᠳ ᠲᠤᠭᠤᠯ ᠨᠢ ᠦᠬᠦᠭᠰᠡᠡᠨ ᠦᠨᠢᠶᠡᠨ ᠳᠡᠭᠡᠨ ᠪᠤᠰᠤᠳ ᠦᠨᠢᠶᠡᠨ ᠤ ᠲᠤᠭᠤᠯ ᠢ | ᠬᠦᠬᠦᠭᠦᠯᠵᠦ ᠰᠤᠷᠭᠠᠳᠠᠭ᠃ ᠳᠡᠭᠡᠬᠦ ᠳᠤ ᠬᠦᠬᠦᠭᠦᠯᠬᠦ ᠲᠡᠷᠡ ᠲᠤᠭᠤᠯ ᠨᠢ ᠦᠩᠭᠡ ᠵᠢᠰᠦ ᠪᠠᠷ ᠦᠬᠦᠭᠰᠡᠨ ᠲᠤᠭᠤᠯ | ᠲᠠᠢ ᠨᠢ ᠤᠶᠢᠷᠠᠯᠴᠠᠭ᠎ᠠ ᠪᠠᠶᠢᠬᠤ ᠪᠠ ᠲᠦᠯᠯᠡᠭᠡᠳ ᠳᠡᠮᠡᠢ ᠤᠳᠠᠭᠠᠳᠤᠢ ᠪᠠᠶᠢᠬᠤ ᠲᠤᠭᠤᠯ ᠪᠣᠯ ᠬᠠᠮᠤᠭ ᠤᠨ ᠠᠮᠠᠷᠬᠠᠨ | ᠳᠡᠯᠡᠭᠡ ᠪᠣᠯᠳᠠᠭ ᠶᠣᠮ᠃ | 5. ᠡᠷᠡᠮᠳᠡᠭ ᠦᠬᠡᠷ ︵ᠦᠨᠢᠶ᠎ᠡ︶ | ᠲᠠᠯ᠎ᠠ ᠨᠤᠲᠤᠭ ᠤᠨ ᠦᠬᠡᠷ ᠤᠨ ᠰᠦᠷᠦᠭ ᠲᠤ ᠬᠠᠶᠠ ᠵᠠᠷᠢᠮ ᠳᠠᠭᠠᠨ ᠡᠷᠡᠮᠳᠡᠭ ᠦᠬᠡᠷ ︵ᠦᠨᠢᠶ᠎ᠡ︶ ᠭᠠᠷᠳᠠᠭ᠃ | ᠡᠷᠡᠮᠳᠡᠭ ᠦᠬᠡᠷ ᠢ ᠬᠦᠢᠰᠦ ᠢᠯᠭᠠᠯ ᠠᠴᠠ ᠨᠢ ᠦᠵᠡᠪᠡᠯ ᠡᠮ᠎ᠡ ᠬᠦᠢᠰᠦ ᠶᠢᠨ ᠪᠠᠶᠢᠵᠤ᠂ ᠭᠡᠲᠡᠯ᠎ᠡ ᠬᠡᠵᠢᠶᠡᠲᠡ | ᠲᠦᠯᠯᠡᠬᠦ ᠦᠭᠡᠢ ᠪᠠᠶᠢᠳᠠᠭ᠃ ᠡᠩ ᠤᠨ ᠴᠠᠭ ᠲᠤ ᠡᠷ᠎ᠡ ᠦᠬᠡᠷ ᠲᠠᠢ ᠬᠠᠮᠲᠤ ᠪᠡᠯᠴᠢᠭᠡᠷᠯᠡᠬᠦ ᠪᠦᠭᠡᠳ ᠦᠨᠢᠶ᠎ᠡ | ᠲᠤᠭᠤᠯ ᠲᠠᠢ ᠬᠦᠯ ᠨᠡᠶᠢᠯᠡᠳᠡᠭ ᠦᠭᠡᠢ᠃ ᠪᠡᠶ᠎ᠡ ᠪᠠᠶᠢᠳᠠᠯ᠂ ᠳᠦᠷᠪᠡᠨ ᠮᠦᠴᠢ᠂ ᠡᠪᠡᠷ ᠲᠤᠯᠤᠭᠠᠢ ᠠᠴᠠ ᠨᠢ | ᠦᠵᠡᠪᠡᠯ ᠡᠷ᠎ᠡ ᠦᠬᠡᠷ ᠤᠨ ᠰᠢᠨᠵᠢ ᠲᠠᠢ᠃ ᠮᠠᠯ ᠰᠦᠷᠦᠭ ᠣᠷᠣᠢ ᠳᠠᠭᠠᠨ ᠬᠤᠲᠠᠯᠠᠨ ᠢᠷᠡᠭᠰᠡᠨ ᠤ ᠳᠠᠷᠠᠭ᠎ᠠ ᠡᠷᠡᠮᠳᠡᠭ | ᠦᠬᠡᠷ ᠶᠡᠷᠦ ᠳᠡᠭᠡᠨ ᠡᠷ᠎ᠡ ᠦᠬᠡᠷ ᠲᠠᠢ ᠮᠦᠷᠭᠦᠯᠳᠦᠨ ᠪᠠᠶᠢᠵᠤ ᠡᠷ᠎ᠡ ᠦᠬᠡᠷ ᠲᠠᠢ ᠯᠡ ᠬᠠᠮᠲᠤ ᠪᠠᠶᠢᠳᠠᠭ᠃ | ᠨᠤᠲᠤᠭ ᠤᠨ ᠮᠠᠯᠴᠢᠳ ᠡᠶᠢᠮᠦ ᠡᠷᠡᠮᠳᠡᠭ ᠦᠬᠡᠷ ᠢ ᠲᠡᠷᠭᠡ ᠤᠨᠤᠭ᠎ᠠ ᠳᠤ ᠬᠦᠯᠪᠦᠷᠢ ᠪᠤᠯᠭᠠᠨ ᠬᠡᠷᠡᠭᠯᠡᠳᠡᠭ ᠦᠭᠡᠢ᠃ | ᠦᠲᠡᠯᠦᠭᠰᠡᠨ ᠤ ᠬᠢᠨᠢ ᠬᠤᠶᠢᠨ᠎ᠠ ᠠᠯᠠᠰᠢᠨ ᠦᠬᠡᠷ ᠢᠶᠠᠷ ᠵᠠᠷᠤᠳᠠᠭ᠃ | |