ᠠᠮᠤᠰᠦ
ᠨᠡᠶᠢᠲᠡᠯᠡᠭᠰᠡᠨ ᠴᠠᠭ᠄
2020/12/15
   ᠠᠮᠤᠰᠤ ᠶᠢ ᠰᠢᠰᠢ ᠪᠤᠳᠠᠭ᠎ᠠ᠂ ᠨᠠᠩᠭᠢ ᠪᠤᠳᠠᠭ᠎ᠠ᠂ ᠡᠷᠳᠡᠨᠢ ᠰᠢᠰᠢ᠂ ᠲᠤᠳᠤᠷᠭ᠎ᠠ ᠠᠮᠤ ᠪᠠᠷ ᠪᠦᠷ ᠬᠢᠵᠦ ᠪᠣᠯᠣᠨ᠎ᠠ᠃ ᠰᠢᠰᠢ ᠪᠤᠳᠠᠭ᠎ᠠ ᠪᠣᠶᠣ ᠡᠷᠳᠡᠨᠢ ᠰᠢᠰᠢ ᠶᠢᠨ ᠪᠤᠳᠠᠭ᠎ᠠ ᠪᠠᠷ ᠠᠮᠤᠰᠤ ᠬᠢᠬᠦ ᠳᠤ ᠡᠷᠬᠡᠪᠰᠢ ᠤᠷᠢᠳ ᠢᠶᠠᠷ ᠪᠤᠳᠠᠭ᠎ᠠ ᠪᠠᠨ ᠵᠤᠬᠢᠬᠤ ᠬᠡᠮᠵᠢᠶᠡᠨ ᠤ ᠳᠠᠪᠤᠰᠤ ᠲᠠᠢ ᠤᠰᠤᠨ ᠳᠤ ᠰᠢᠯᠵᠠᠷᠠᠲᠠᠯ᠎ᠠ ᠴᠢᠨᠠᠵᠤ ᠪᠣᠯᠭᠤᠭᠠᠳ ᠰᠢᠭᠦᠵᠦ ᠠᠪᠬᠤ ᠬᠡᠷᠡᠭᠲᠡᠢ᠃ ᠳᠠᠷᠠᠭ᠎ᠠ ᠨᠢ ᠦᠷᠦᠮ᠎ᠡ ᠪᠠᠨ ᠰᠢᠷᠠᠯᠠᠲᠠᠯ᠎ᠠ ᠪᠤᠴᠠᠯᠭᠠᠭᠠᠳ ᠰᠢᠭᠦᠵᠦ ᠠᠪᠤᠭᠰᠠᠨ ᠪᠤᠳᠠᠭ᠎ᠠ ᠪᠠᠨ ᠪᠤᠴᠠᠯᠭᠠᠭᠰᠠᠨ ᠦᠷᠦᠮ᠎ᠡ ᠳᠤᠲᠤᠷ᠎ᠠ ᠪᠠᠨ ᠬᠢᠵᠦ ᠰᠠᠶᠢᠲᠤᠷ ᠬᠦᠳᠡᠯᠭᠡᠭᠡᠳ ᠵᠦᠭᠡᠯᠡᠨ ᠭᠠᠯ ᠳᠡᠭᠡᠷ᠎ᠡ ᠵᠣᠬᠢᠬᠤ ᠬᠡᠮᠵᠢᠶ᠎ᠡ ᠪᠠᠷ ᠪᠤᠴᠠᠯᠭᠠᠨ᠎ᠠ᠃ ᠨᠠᠩᠭᠢ ᠪᠤᠳᠠᠭ᠎ᠠ ᠪᠣᠶᠣ ᠲᠤᠳᠤᠷᠭ᠎ᠠ ᠪᠠᠷ ᠠᠮᠤᠰᠤ ᠬᠢᠬᠦ ᠳᠤ ᠲᠤᠭᠤᠭᠠᠨ ᠳᠠᠭᠠᠨ ᠤᠰᠤ ᠪᠠ ᠦᠷᠦᠮ᠎ᠡ ᠪᠠᠨ ᠵᠤᠬᠢᠬᠤ ᠬᠠᠷᠢᠴᠠᠯ ᠢᠶᠠᠷ ᠬᠢᠵᠦ᠂ ᠮᠦᠨ ᠵᠤᠬᠢᠬᠤ ᠬᠡᠮᠵᠢᠶᠡᠨ ᠤ ᠳᠠᠪᠤᠰᠤ ᠬᠢᠵᠦ ᠪᠤᠴᠠᠯᠭᠠᠨ᠎ᠠ᠃ ᠦᠷᠦᠮ᠎ᠡ ᠲᠠᠢ ᠤᠰᠤ ᠪᠤᠴᠠᠯᠤᠭᠰᠠᠨ ᠬᠤᠶᠢᠨ᠎ᠠ ᠪᠤᠳᠠᠭ᠎ᠠ ᠪᠠᠨ ᠰᠠᠶᠢᠲᠤᠷ ᠣᠬᠢᠶᠠᠭᠠᠳ ᠦᠷᠦᠮ᠎ᠡ ᠲᠠᠢ ᠤᠰᠤᠨ ᠳᠠᠭᠠᠨ ᠬᠢᠵᠦ ᠠᠬᠢᠨ ᠳᠠᠬᠢᠨ ᠬᠦᠳᠡᠯᠭᠡᠵᠦ ᠠᠭᠰᠢᠷᠠᠲᠠᠯ᠎ᠠ ᠴᠢᠨᠠᠨ᠎ᠠ᠃ ᠭᠡᠬᠦ ᠳᠤ ᠤᠰᠤ ᠨᠢ ᠪᠦᠷᠢᠨ ᠰᠢᠷᠭᠢᠵᠦ ᠦᠷᠦᠮ᠎ᠡ ᠨᠢ ᠲᠤᠰᠤ ᠭᠠᠷᠬᠤ ᠬᠡᠮᠵᠢᠶ᠎ᠡ ᠬᠦᠷᠲᠡᠯ᠎ᠡ ᠴᠢᠨᠠᠪᠠᠯ ᠠᠮᠤᠰᠤ ᠪᠣᠯᠴᠢᠬᠠᠳᠠᠭ᠃ ᠠᠮᠤᠰᠤ ᠶᠢ ᠰᠢᠷ᠎ᠠ ᠲᠤᠰᠤ᠂ ᠴᠠᠭᠠᠨ ᠰᠢᠬᠢᠷ ᠲᠠᠢ ᠬᠢᠵᠦ ᠬᠤᠯᠢᠭᠠᠳ ᠢᠳᠡᠳᠡᠭ᠃ ᠵᠠᠷᠤᠳ ᠮᠣᠩᠭᠤᠯᠴᠣᠳ ᠠᠮᠤᠰᠤ ᠶᠢ ᠦᠲᠦᠷᠮ᠎ᠡ ᠲᠠᠬᠢᠬᠤ᠂ ᠳᠠᠯᠠᠯᠭ᠎ᠠ ᠠᠪᠬᠤ᠂ ᠢᠰᠢᠭᠡ ᠬᠤᠷᠠᠭ᠎ᠠ ᠴᠢᠮᠬᠢᠬᠦ ᠳᠤ ᠬᠢᠳᠡᠭ ᠪᠦᠭᠡᠳ ᠡᠨᠡ ᠬᠦ ᠠᠮᠲᠠᠲᠤ ᠢᠳᠡᠭᠡᠨ ᠤ ᠪᠠᠨ ᠳᠡᠭᠡᠵᠢ ᠶᠢ ᠲᠡᠭᠷᠢ ᠪᠤᠷᠬᠠᠨ ᠭᠠᠵᠠᠷ ᠤᠰᠤᠨ ᠳᠠᠭᠠᠨ ᠡᠷᠭᠦᠭᠡᠳ ᠰᠠᠶ᠋ᠢ ᠦᠪᠡᠷ ᠢᠶᠠᠨ ᠢᠳᠡᠳᠡᠭ᠃
 
ᠢᠷᠡᠯᠲᠡ᠄ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠠᠷᠢᠶᠠᠯᠠᠩ ᠮᠠᠯ ᠠᠵᠦ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠭᠢᠮ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2