1. ᠠᠮᠠᠨ ᠬᠦᠨᠳᠡᠢ ᠪᠤᠯ ᠢᠳᠡᠰᠢ ᠶᠢ ᠰᠢᠩᠭᠡᠭᠡᠬᠦ ︽ᠨᠢᠭᠡᠳᠦᠭᠡᠷ ᠦᠷᠳᠡᠭᠡ︾᠂ ᠡᠭᠦᠨ ᠳᠤ ︽ᠰᠢᠳᠦ︾ ᠨᠢ | ᠴᠢᠬᠤᠯᠠ ᠲᠦᠷᠢ ᠶᠢ ᠲᠤᠭᠯᠠᠵᠤ᠂ ᠬᠦᠮᠦᠰ ᠢ ᠬᠠᠪᠰᠤᠷᠴᠤ ᠢᠳᠡᠭᠡᠨ ᠢ ᠵᠠᠵᠢᠯᠬᠤ ᠪᠠ ᠬᠡᠮᠭᠡᠯᠡᠵᠦ ᠦᠭᠳᠡᠭ᠃ | 2. ᠬᠡᠷᠪᠡ ᠪᠢᠳᠡ ᠰᠢᠳᠦᠨ ᠤ ᠡᠷᠡᠭᠦᠯ ᠴᠢᠬᠢᠷᠠᠭ ᠢᠶᠠᠨ ᠬᠠᠮᠠᠭᠠᠯᠠᠬᠤ ᠶᠢ ᠠᠩᠬᠠᠷᠬᠤ ᠦᠭᠡᠢ ᠪᠤᠯ᠂ ᠲᠡᠷᠡ ᠨᠢ | ᠰᠢᠳᠦ ᠡᠪᠡᠳᠬᠦ ᠵᠡᠷᠭᠡ ᠲᠡᠶᠢᠮᠦ ᠯᠡ ᠲᠦᠭᠦᠮᠭᠡᠨ ᠶᠠᠪᠤᠳᠠᠯ ᠪᠢᠰᠢ᠂ ᠪᠠᠰᠠ ᠰᠢᠳᠦ ᠬᠤᠷᠤᠬᠠᠢᠢᠳᠤᠬᠤ᠂ ᠪᠤᠶᠢᠯᠠ | ᠬᠠᠪᠤᠳᠬᠤ᠂ ᠰᠢᠳᠦ ᠬᠦᠳᠡᠯᠬᠦ ᠪᠤᠶᠤ ᠰᠦᠢᠷᠡᠬᠦ ᠵᠡᠷᠭᠡ ᠠᠮᠠᠨ ᠬᠦᠨᠳᠡᠢ ᠶᠢᠨ ᠡᠪᠡᠳᠴᠢᠨ ᠤᠯᠵᠤ ᠮᠡᠳᠡᠨ᠎ᠠ᠂ ᠡᠨᠡ ᠨᠢ | ᠦᠵᠡᠮᠦᠷᠢ ᠶᠢ ᠬᠠᠷᠰᠢᠯᠠᠬᠤ ᠪᠠᠷ ᠪᠠᠷᠠᠬᠤ ᠦᠭᠡᠢ᠂ ᠲᠠᠨ ᠤ ᠠᠮᠳᠠᠳᠤ ᠢᠳᠡᠭᠡᠨ ᠢ ᠠᠮᠳᠠᠯᠠᠬᠤ ᠶᠢ ᠴᠢᠨᠢ ᠴᠦ | ᠨᠦᠯᠦᠭᠡᠯᠡᠨ᠎ᠠ᠃ | 3. ᠬᠦᠨᠳᠦ ᠨᠤᠴᠢᠳᠠᠢ ᠠᠮᠠᠨ ᠬᠦᠨᠳᠡᠢ ᠶᠢᠨ ᠠᠰᠠᠭᠤᠳᠠᠯ ᠨᠢ ᠪᠦᠬᠦ ᠪᠡᠶ᠎ᠠ ᠶᠢᠨ ᠡᠪᠡᠳᠴᠢᠨ ᠬᠢᠵᠢᠭ ᠵᠢᠱᠢᠶᠡᠯᠡᠪᠡᠯ | ᠵᠢᠷᠦᠭᠡ ᠴᠢᠰᠤᠨ ᠰᠤᠳᠠᠯ ᠤᠨ ᠡᠪᠡᠳᠴᠢᠨ᠂ ᠰᠢᠬᠢᠷ ᠰᠢᠵᠢᠩ ᠡᠪᠡᠳᠴᠢᠨ ᠵᠡᠷᠭᠡ ᠳᠤ ᠨᠡᠷᠪᠡᠭᠳᠡᠭᠦᠯᠬᠦ ᠪᠤᠶᠤ | ᠲᠡᠷᠡᠴᠢᠯᠡᠨ ᠬᠦᠨᠳᠦᠷᠡᠭᠦᠯᠳᠡᠭ᠃ ᠶᠡᠷᠦ ᠶᠢᠨ ᠦᠭᠡᠨ ᠳᠤ ᠰᠢᠳᠦ ᠰᠠᠶᠢᠨ ᠪᠤᠯ ᠬᠤᠭᠤᠯᠠᠨ ᠤ ᠲᠤᠷᠠᠰᠢᠯ ᠰᠠᠶᠢᠨ | ᠭᠡᠳᠡᠭ ᠪᠢᠰᠢᠦ᠂ ᠡᠶᠢᠮᠦ ᠠᠴᠠ ᠰᠢᠳᠦ ᠨᠢ ᠪᠡᠶ᠎ᠠ ᠮᠠᠬᠠᠪᠤᠳ ᠤᠨ ᠡᠷᠡᠭᠦᠯ ᠴᠢᠬᠢᠷᠠᠭ᠂ ᠠᠮᠢᠳᠤᠷᠠᠯ ᠤᠨ ᠶᠠᠰᠤ | ᠴᠢᠨᠠᠷ ᠲᠠᠢ ᠨᠢᠭᠳᠠ ᠬᠤᠯᠪᠤᠭᠳᠤᠵᠤ ᠪᠠᠶᠢᠳᠠᠭ᠂ ᠡᠶᠢᠮᠦ ᠠᠴᠠ ᠬᠢᠨᠠᠮᠠᠭᠠᠢ ᠬᠠᠨᠳᠤᠵᠤ ᠬᠠᠶᠢᠩᠭᠤᠳᠠᠵᠤ ᠪᠤᠯᠬᠤ ᠦᠭᠡᠢ᠃ | | 4. 1981 ᠤᠨ ᠳᠤ᠂ ᠲᠡᠯᠡᠭᠡᠢ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠠᠴᠠ ᠰᠢᠳᠦᠨ ᠤ | ᠡᠷᠡᠭᠦᠯ ᠴᠢᠬᠢᠷᠠᠭ ᠤᠨ ᠲᠤᠬᠠᠢ 5 ᠪᠠᠷᠢᠮᠵᠢᠶ᠎ᠠ ᠲᠤᠷᠠᠳᠴᠠᠢ᠄ ᠰᠢᠳᠦ ᠴᠡᠪᠡᠷ ᠪᠠᠶᠢᠬᠤ᠂ ᠰᠢᠳᠦ ᠨᠦᠭᠡ ᠦᠭᠡᠢ ᠪᠠᠶᠢᠬᠤ | ᠂ ᠰᠢᠳᠦ ᠡᠪᠡᠳᠬᠦ ᠦᠭᠡᠢ᠂ ᠪᠤᠶᠢᠯᠠ ᠶᠢᠨ ᠦᠩᠭᠡ ᠬᠡᠪ ᠤᠨ ᠪᠠᠶᠢᠬᠤ᠂ ᠴᠢᠰᠦ ᠭᠠᠷᠬᠤ ᠦᠭᠡᠢ ᠪᠠᠶᠢᠬᠤ ᠵᠡᠷᠭᠡ᠃ | 5. ᠲᠡᠭᠡᠪᠡᠯ ᠶᠠᠭᠤᠨ ᠠᠴᠠ ᠪᠤᠯᠵᠤ ᠠᠮᠠᠨ ᠬᠦᠨᠳᠡᠢ ᠶᠢᠨ ᠡᠪᠡᠳᠴᠢᠨ ᠤᠯᠳᠠᠭ ᠪᠤᠢ︖ ᠭᠤᠤᠯᠳᠠᠭᠤ ᠬᠡᠪ ᠤᠨ | ᠪᠤᠰᠤ ᠠᠮᠢᠳᠤᠷᠠᠯ ᠤᠨ ᠬᠡᠯᠪᠡᠷᠢ ᠠᠴᠠ ᠯᠡ ᠪᠤᠯᠳᠠᠭ᠂ ᠵᠢᠱᠢᠶᠡᠯᠡᠪᠡᠯ ᠠᠮᠠᠨ ᠬᠦᠨᠳᠡᠢ ᠶᠢᠨ ᠡᠷᠡᠭᠦᠯ ᠬᠠᠮᠠᠭᠠᠯᠠᠯ ᠢᠶᠠᠨ | ᠠᠩᠬᠠᠷᠬᠤ ᠦᠭᠡᠢ ᠵᠢᠴᠢ ᠲᠠᠮᠠᠬᠢ ᠲᠠᠳᠠᠳᠠᠭ ᠵᠡᠷᠭᠡ ᠵᠠᠷᠢᠮ ᠬᠦᠮᠦᠰ ᠤᠨ ᠦᠵᠡᠬᠦ ᠪᠠᠷ᠂ ᠴᠢᠱᠦ᠋ᠢ ᠤᠤᠭᠤᠬᠤ ᠨᠢ | ᠰᠢᠳᠦ ᠶᠢ ᠭᠡᠮᠳᠦᠭᠡᠳᠡᠭ ᠭᠡᠳᠡᠭ᠃ ᠡᠩ ᠤᠨ ᠪᠠᠶᠢᠳᠠᠯ ᠲᠤᠤᠷ᠎ᠠ᠂ ᠢᠰᠭᠡᠵᠦ ᠪᠤᠯᠬᠤ ᠨᠡᠭᠦᠷᠡᠰᠦ ᠤᠰᠤᠨ ᠤ | ᠨᠢᠭᠡᠳᠪᠤᠷᠢ ᠶᠢᠨ ᠢᠳᠡᠭᠡᠨ ᠨᠢ ᠠᠮᠠᠨ ᠬᠦᠨᠳᠡᠢ ᠲᠤᠳᠤᠷ᠎ᠠ ᠤᠷᠳᠤ ᠴᠠᠭ ᠢᠶᠠᠷ ᠪᠠᠶᠢᠬᠤ ᠨᠢ ᠰᠢᠳᠦ | ᠬᠤᠷᠤᠬᠠᠢᠢᠳᠤᠬᠤ ᠶᠢᠨ ᠴᠢᠬᠤᠯᠠ ᠰᠢᠯᠳᠠᠭᠠᠨ ᠪᠤᠯᠤᠨ᠎ᠠ᠃ ᠭᠡᠳᠡᠯ᠎ᠠ ᠴᠢᠱᠦ᠋ᠢ ᠨᠢ ᠡᠩ ᠤᠨ ᠪᠠᠶᠢᠳᠠᠯ ᠲᠤᠤᠷ᠎ᠠ ᠠᠮᠠᠨ | ᠬᠦᠨᠳᠡᠢ ᠳᠤ ᠤᠷᠤᠭᠰᠠᠨ ᠤ ᠲᠠᠷᠠᠭ᠎ᠠ ᠲᠠᠷᠤᠢ ᠳᠤᠨᠢ ᠠᠯᠠᠭ᠎ᠠ ᠪᠤᠯᠳᠠᠭ᠂ ᠠᠮᠠᠨ ᠬᠦᠨᠳᠡᠢ ᠲᠤᠳᠤᠷ᠎ᠠ | ᠵᠤᠭᠰᠤᠩᠭᠤᠢᠢᠷᠠᠬᠤ ᠴᠠᠭ ᠨᠢ ᠮᠠᠰᠢ ᠤᠬᠤᠷ ᠪᠠᠶᠢᠳᠠᠭ᠃ ᠡᠶᠢᠮᠦ ᠠᠴᠠ ᠰᠢᠯᠢᠳᠡᠭ ᠰᠠᠶᠢᠨ ᠠᠮᠠᠨ ᠬᠦᠨᠳᠡᠢ ᠶᠢᠨ | ᠠᠷᠢᠭᠤᠨ ᠴᠡᠪᠡᠷ ᠤᠨ ᠲᠠᠳᠬᠠᠯ ᠪᠤᠯᠤᠨ ᠵᠦᠢ ᠵᠤᠬᠢᠰᠳᠠᠢ ᠢᠳᠡᠭᠡᠨ ᠤᠮᠳᠠᠭᠠᠨ ᠤ ᠲᠠᠳᠬᠠᠯ ᠲᠠᠢ ᠪᠠᠶᠢᠬᠤ ᠤᠷᠢᠳᠠᠯ | ᠲᠤᠤᠷ᠎ᠠ᠂ ᠲᠤᠬᠢᠷᠠᠮᠵᠢᠳᠠᠢ ᠦᠶᠡᠰ ᠲᠤᠨᠢ ᠵᠤᠬᠢᠬᠤ ᠬᠡᠮᠵᠢᠶᠡᠨ ᠤ ᠴᠢᠱᠦ᠋ᠢ ᠤᠤᠭᠤᠬᠤ ᠨᠢ ᠰᠢᠭᠤᠳ ᠰᠢᠳᠦ ᠶᠢ | ᠬᠤᠷᠤᠬᠠᠢᠢᠳᠤᠭᠤᠯᠬᠤ ᠦᠭᠡᠢ ᠶᠤᠮ᠃ | 6. ᠬᠡᠷᠬᠢᠪᠡᠯ ᠰᠠᠶ᠋ᠢ ᠰᠢᠳᠦᠨ ᠤ ᠡᠷᠡᠭᠦᠯ ᠴᠢᠬᠢᠷᠠᠭ ᠢ ᠪᠠᠳᠤᠯᠠᠵᠤ ᠴᠢᠳᠠᠬᠤ ᠪᠤᠢ ︖ 2009 ᠤᠨ | ᠳᠤ ᠨᠡᠶᠢᠳᠡᠯᠡᠭᠰᠡᠨ ︽ᠲᠤᠮᠳᠠᠳᠤ ᠤᠯᠤᠰ ᠤᠨ ᠰᠠᠭᠤᠭᠠᠯᠢ ᠠᠷᠠᠳ ᠤᠨ ᠠᠮᠠᠨ ᠬᠦᠨᠳᠡᠢ ᠶᠢᠨ ᠡᠷᠡᠭᠦᠯ ᠴᠢᠬᠢᠷᠠᠭ ᠤᠨ | ᠵᠦᠭᠯᠡᠭᠦᠷ︾ ᠲᠤ ᠴᠢᠬᠤᠯᠠᠴᠢᠯᠠᠭᠰᠠᠨ ᠢᠶᠠᠷ᠄ ᠡᠷᠳᠡ ᠤᠷᠤᠢ ᠰᠢᠳᠦ ᠪᠠᠨ ᠱᠤᠸᠠᠵᠠᠳᠠᠵᠤ᠂ ᠬᠤᠭᠤᠯᠠᠨ ᠤ ᠲᠠᠷᠠᠭ᠎ᠠ | ᠠᠮᠠ ᠪᠠᠨ ᠵᠠᠶᠢᠯᠤᠨ᠎ᠠ︔ ᠨᠢᠭᠡ ᠬᠦᠮᠦᠨ ᠨᠢᠭᠡ ᠱᠤᠸᠠᠵᠠ ᠨᠢᠭᠡ ᠯᠤᠩᠬᠤ︔ ᠰᠢᠳᠦᠨ ᠰᠢᠬᠢᠴᠢᠯᠡᠭᠦᠷ ᠢᠶᠠᠷ | ᠰᠢᠳᠦ ᠪᠠᠨ ᠴᠡᠪᠡᠷᠯᠡᠬᠦ ᠬᠠᠪᠰᠤᠷᠤᠭᠴᠢ ᠪᠤᠯᠭᠠᠬᠤ︔ ᠹᠯᠤᠷ ᠠᠭᠤᠯᠤᠭᠰᠠᠨ ᠰᠢᠳᠦᠨ ᠤ ᠬᠠᠨᠳᠠ ᠶᠢ ᠬᠡᠷᠡᠭᠯᠡᠵᠦ ᠰᠢᠳᠦ | ᠬᠤᠷᠤᠬᠠᠢᠢᠳᠤᠬᠤ ᠶᠢ ᠰᠡᠷᠭᠡᠶᠢᠯᠡᠨ᠎ᠠ︔ ᠵᠢᠯ ᠪᠤᠯᠭᠠᠨ ᠠᠳᠠᠭ ᠲᠠᠭᠠᠨ ᠨᠢᠭᠡ ᠤᠳᠠᠭ᠎ᠠ ᠠᠮᠠᠨ ᠬᠦᠨᠳᠡᠢ ᠶᠢᠨ | ᠪᠠᠶᠢᠴᠠᠭᠠᠯᠳᠠ ᠬᠢᠯᠭᠡᠬᠦ︔ ᠵᠢᠯ ᠪᠤᠯᠭᠠᠨ ᠰᠢᠳᠦ ᠪᠠᠨ ᠨᠢᠭᠡ ᠤᠳᠠᠭ᠎ᠠ ᠤᠬᠢᠶᠠᠯᠭᠠᠬᠤ ᠵᠡᠷᠭᠡ᠃ | ᠢᠷᠡᠯᠳᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ | ᠨᠠᠶᠢᠷᠠᠭᠤᠯᠤᠭᠴᠢ᠄ ᠤᠯᠠᠭᠠᠨᠴᠡᠴᠡᠭ | ᠲᠡᠪᠰᠢᠭᠦᠯᠦᠭᠰᠡᠨ ᠨᠢ᠄ ᠤᠶᠠᠩᠭ᠎ᠠ |