︽ᠤᠯᠤᠰ ᠤᠨ ᠬᠡᠦᠬᠡᠳ︾᠄  ᠤᠷᠠᠯᠢᠭ ᠤᠨ ᠨᠦᠯᠦᠭᠡᠯᠡᠭᠦ ᠬᠦᠴᠦᠨ ᠢᠶᠠᠷ ᠨᠡᠶᠢᠭᠡᠮ ᠤᠨ ᠢᠳᠡᠪᠬᠢ ᠬᠦᠴᠦᠨ ᠢ ᠲᠠᠮᠵᠢᠭᠤᠯᠤᠨ᠎ᠠ
ᠨᠡᠶᠢᠲᠡᠯᠡᠭᠰᠡᠨ ᠴᠠᠭ᠄
2020/12/18
    20 ᠳ᠋ᠤᠭᠠᠷ ᠵᠠᠭᠤᠨ ᠤ ᠵᠢᠷᠠᠭᠠᠳ ᠤᠨ ᠤ ᠡᠬᠢᠨ ᠢᠶᠠᠷ᠂ ᠮᠠᠨ ᠤ ᠤᠯᠤᠰ ᠭᠤᠷᠪᠠᠨ ᠵᠢᠯ ᠲᠠᠷᠠᠭᠠᠯᠠᠨ ᠪᠠᠶᠢᠭᠠᠯᠢ ᠶᠢᠨ ᠭᠠᠮᠰᠢᠬ ᠲᠤᠬᠢᠶᠠᠯᠲᠤᠭᠰᠠᠨ ᠠᠴᠠ ᠠᠮᠤ ᠪᠤᠳᠠᠭᠠᠨ ᠤ ᠣᠨᠠᠯᠲᠠ ᠶᠡᠬᠡᠪᠡᠷ ᠬᠠᠰᠤᠬᠳᠠᠵᠤ᠂ ᠤᠯᠠᠨ ᠭᠠᠵᠠᠷ ᠲᠤ ᠮᠦᠬᠦᠯᠢᠭ ᠬᠤᠷᠢᠶᠠᠯᠲᠠ ᠴᠦ ᠦᠭᠡᠢ ᠦᠯᠦᠰᠬᠦᠯᠡᠩ ᠭᠠᠴᠢᠬ ᠲᠤ ᠲᠠᠭᠠᠷᠢᠭᠳᠠᠵᠠᠢ᠃ ᠦᠯᠦᠰᠭᠦᠯᠡᠩ ᠵᠤᠪᠠᠯᠠᠩ ᠬᠤᠲᠠ ᠬᠦᠳᠡᠭᠡ ᠶᠢ ᠴᠦᠯᠪᠡᠵᠦ᠂ ᠱᠠᠩᠬᠠᠢ ᠶᠢᠨ ᠬᠡᠦᠬᠡᠳ ᠤᠨ ᠠᠰᠠᠷᠠᠮᠵᠢ ᠶᠢᠨ ᠭᠠᠵᠠᠷ ᠲᠤ ᠤᠷᠤᠬᠤ ᠭᠡᠷ ᠤᠭᠤᠴᠢᠬᠤ ᠠᠶᠠᠭ᠎ᠠ ᠦᠭᠡᠢ ᠥᠨᠦᠴᠢᠨ ᠬᠡᠦᠬᠡᠳ ᠢᠶᠠᠷ ᠲᠦᠭᠦᠷᠴᠦ᠂ ᠬᠡᠯᠡ ᠳᠤ ᠤᠷᠤᠵᠦ ᠪᠠᠶᠢᠭ᠎ᠠ ᠨᠢᠯᠬ᠎ᠠ ᠠᠴᠠ ᠦᠰᠪᠦᠷᠢ ᠶᠢᠨ ᠬᠡᠦᠬᠡᠳ ᠲᠤ ᠬᠦᠷᠳᠡᠯ᠎ᠡ ᠡᠷᠡᠨ ᠤ ᠬᠤᠭᠤᠯᠠ ᠳᠠᠭᠠᠨ ᠴᠠᠳᠬᠤ ᠦᠬᠡᠢ ᠡᠴᠡᠩᠭᠡᠢ ᠲᠤᠷᠠᠩᠬᠠᠢ ᠪᠠᠶᠢᠵᠠᠢ ᠃ ᠵᠸᠦ ᠡᠸ᠋ᠨ ᠯᠠᠢ ᠶᠡᠷᠦᠩᠬᠡᠢ ᠰᠠᠶᠢᠳ ᠪᠠᠶᠢᠳᠠᠯ ᠢ ᠤᠢᠢᠯᠠᠭᠠᠬᠰᠠᠨ ᠤ ᠲᠠᠷᠠᠭ᠎ᠠ᠂ ᠲᠤᠬᠠᠢ ᠶᠢᠨ ᠦᠶ ᠎ᠡ ᠶᠢᠨ ᠥᠪᠦᠷ ᠮᠣᠩᠭᠤᠯ ᠤᠨ ᠥᠪᠡᠷᠳᠡᠬᠡᠨ ᠵᠠᠰᠠᠬᠤ ᠤᠷᠤᠨ ᠤ ᠲᠡᠷᠢᠭᠦᠯᠡᠭᠴᠢ ᠤᠯᠠᠭᠠᠨᠬᠦᠦ ᠨᠦᠬᠦᠷ ᠢ ᠡᠷᠢᠵᠥ᠂ ᠦᠪᠦᠷ ᠮᠣᠩᠭᠤᠯ ᠠᠴᠠ ᠰᠦᠨ ᠲᠠᠯᠬ ᠎ᠠ ᠠᠪᠴᠢᠷᠠᠵᠦ ᠡᠨᠡᠬᠦ ᠪᠠᠴᠢᠮ ᠪᠠᠶᠢᠳᠠᠯ ᠢ ᠠᠷᠭᠠᠴᠠᠬᠤ ᠭᠡᠵᠦ ᠵᠦᠪᠳᠡᠯᠴᠡᠭᠦ ᠳᠤ ᠤᠯᠠᠭᠠᠨᠬᠦᠦ ᠨᠦᠬᠦᠷ ᠲᠡᠷᠡ ᠲᠤᠤᠷ᠎ᠠ ᠨᠢ ᠶᠡᠷᠦᠩᠬᠡᠢ ᠰᠠᠶᠢᠳ ᠤᠨ ᠱᠠᠭᠠᠷᠲᠠᠯᠭ᠎ᠠ ᠶᠢ ᠬᠦᠯᠢᠶᠡᠭᠰᠡᠨ ᠮᠦᠷᠳᠡᠭᠡᠨ ᠱᠠᠩᠬᠠᠢ ᠶᠢᠨ ᠨᠢᠭᠡ ᠪᠦᠯᠦᠭ ᠦᠨᠦᠴᠢᠨ ᠬᠡᠦᠬᠡᠳ ᠢ ᠥᠪᠦᠷ ᠮᠣᠩᠭᠤᠯ ᠳᠤ ᠠᠪᠴᠢᠷᠠᠨ ᠲᠡᠵᠢᠭᠡᠵᠦ ᠠᠰᠠᠭᠤᠲᠠᠯ ᠢ ᠦᠨᠳᠦᠰᠦᠨ ᠠᠴᠠ ᠨᠢ ᠰᠢᠢᠳᠪᠦᠷᠢᠯᠡᠬᠦ ᠪᠠᠷ ᠪᠤᠯᠵᠠᠢ᠃ ᠢᠡᠭᠬᠢᠬᠡᠳ ᠯᠡ ᠦᠷᠭᠡᠨ ᠠᠭᠤᠳᠠᠮ ᠥᠪᠦᠷ ᠮᠣᠩᠭᠤᠯ ᠤᠨ ᠲᠠᠯ᠎ᠠ ᠨᠤᠲᠤᠭ 3 ᠵᠢᠯ ᠤᠨ ᠲᠤᠷᠰᠢ ᠱᠠᠩᠬᠠᠢ ᠶᠢᠨ 3000 ᠭᠠᠷᠤᠢ ᠥᠨᠦᠴᠢᠨ ᠭᠡᠦᠭᠡᠳ ᠢ ᠬᠠᠯᠠᠭᠤᠨ ᠡᠯᠢᠬᠡᠨ ᠳᠡᠭᠡᠨ ᠪᠠᠭᠲᠠᠭᠠᠭᠰᠠᠨ ᠪᠠᠶᠢᠨ᠎ᠠ᠃      ᠦᠯᠪᠡᠷᠡᠵᠦ ᠴᠠᠩᠭᠠᠬᠤ ᠠᠶᠤᠯ ᠳᠤ ᠲᠤᠯᠭᠠᠷᠠᠭᠠᠳ ᠪᠠᠶᠢᠬᠰᠠᠨ ᠡᠳᠡᠭᠡᠷ ᠪᠤᠯᠪᠠᠷᠠᠢ ᠵᠢᠭᠠᠬᠠᠨ ᠭᠡᠦᠭᠡᠳ ᠮᠣᠩᠭᠤᠯ ᠠᠪᠤ ᠡᠵᠢ ᠶᠢᠨ ᠠᠯᠠᠭ ᠦᠬᠡᠢ ᠬᠠᠶᠢᠷ᠎ᠠ ᠪᠠᠷ ᠦᠰᠦᠨ ᠲᠤᠷᠨᠢᠵᠦ ᠮᠣᠩᠭᠤᠯ ᠨᠤᠲᠤᠭ ᠤᠨ ᠲᠠᠩᠰᠤᠭ ᠪᠠᠶᠢᠭᠠᠯᠢ ᠳᠤ ᠢᠳᠡᠭᠡᠰᠢᠨ ᠲᠠᠰᠤᠭᠰᠠᠨ ᠪᠠᠶᠢᠨ᠎ᠠ᠃ ᠡᠳᠡᠭᠡᠷ ᠦᠨᠦᠴᠢᠨ ᠭᠡᠦᠭᠡᠳ ᠦᠰᠭᠡᠵᠦ ᠲᠦᠷᠦᠬᠦᠯᠦᠭᠰᠡᠨ ᠠᠪᠤ ᠡᠵᠢ ᠪᠠᠶᠢᠬᠤ ᠮᠦᠷᠳᠡᠭᠡᠨ᠂ ᠲᠠᠯ᠎ᠠ ᠨᠤᠲᠤᠭ ᠢᠶᠠᠨ ᠰᠢᠭ᠋ ᠠᠭᠤᠲᠠᠮᠴᠢ ᠡᠨᠡᠷᠢᠩᠬᠦᠢ ᠮᠤᠩᠭᠤᠯ ᠠᠪᠤ ᠡᠵᠢ ᠲᠠᠢ ᠪᠤᠯᠵᠠᠢ᠃ ᠲᠠᠳᠠ ᠦᠨᠳᠦᠰᠦᠳᠡᠨ ᠤ ᠪᠦᠯᠬᠦᠮᠳᠡᠯ ᠪᠠ ᠠᠭᠤᠤ ᠶᠡᠭᠡ ᠨᠦᠬᠦᠷᠯᠡᠯ ᠢ ᠭᠡᠷᠡᠴᠢᠯᠡᠵᠦ᠂ ᠡᠬᠡ ᠤᠯᠤᠰ ᠭᠡᠬᠦ ᠡᠨᠡᠬᠦ ᠲᠤᠮᠤ ᠭᠡᠷ ᠪᠦᠯᠢ ᠶᠢᠨ ᠦᠷᠦᠴᠡᠨ ᠳᠤᠨᠢ ᠡᠷᠭᠡᠯᠡᠭᠰᠡᠨ ︽ᠤᠯᠤᠰ ᠤᠨ ᠬᠡᠦᠬᠡᠳ︾ ᠪᠤᠯᠵᠠᠢ᠃     ᠰᠢᠨ᠎ᠡ ᠡᠷᠡᠨ ᠳᠤ ᠠᠯᠬᠤᠨ ᠤᠷᠤᠭᠰᠠᠨ ᠠᠴᠠ ᠨᠠᠰᠢ ᠡᠳᠡᠭᠡᠷ ︽ᠤᠯᠤᠰ ᠤᠨ ᠬᠡᠦᠬᠡᠳ︾ ᠪᠤᠯᠤᠨ ᠮᠣᠩᠭᠤᠯ ᠠᠪᠤ ᠡᠵᠢ ᠶᠢᠨ ᠬᠤᠭᠤᠷᠤᠨᠳᠤᠬᠢ ᠲᠠᠯ᠎ᠠ ᠨᠤᠲᠤᠭ ᠤᠨ ᠰᠠᠶᠢᠬᠠᠨ ᠦᠯᠢᠭᠡᠷ ᠨᠢᠬᠡ ᠠᠴᠠ ᠠᠷᠪᠠ ᠳᠤ᠂ ᠠᠷᠪᠠ ᠠᠴᠠ ᠵᠠᠭᠤ ᠳᠤ ᠲᠠᠮᠵᠢᠬᠲᠠᠨ ᠦᠷᠭᠡᠨ ᠢᠶᠠᠷ ᠲᠡᠯᠭᠡᠷᠡᠭᠰᠡᠨ ᠪᠠᠶᠢᠨ᠎ᠠ᠃ ᠡᠬᠦᠨ ᠤ ᠲᠤᠬᠠᠢ ᠤᠯᠠᠨ ᠮᠡᠳᠡᠭᠡ ᠴᠢᠮᠡᠭᠡᠯᠡᠯ ᠤᠨ ᠲᠤᠲᠤᠷ᠎ᠠ ᠮᠣᠩᠭᠤᠯ ᠡᠮᠡᠭᠲᠡᠢ ᠵᠤᠬᠢᠶᠠᠯᠴᠢ ᠰᠠᠷᠠᠨᠳᠤᠶᠠᠭ᠎ᠠ ᠶᠢᠨ ᠪᠢᠴᠢᠭᠰᠡᠨ ᠪᠦᠬᠦ ᠦᠵᠡᠭᠳᠡᠯᠲᠦ ᠪᠠᠷᠢᠮᠲᠠᠲᠦ ᠤᠷᠠᠨ ᠵᠤᠬᠢᠶᠠᠯ ︽ᠤᠯᠤᠰ ᠤᠨ ᠬᠡᠦᠬᠡᠳ︾ ᠤᠨ ᠨᠦᠯᠦᠭᠡ ᠬᠠᠮᠤᠭ ᠤᠨ ᠶᠡᠭᠡ ᠮᠦᠷᠳᠡᠭᠡᠨ ᠬᠤᠵᠢᠮ ᠨᠢ ᠲᠡᠬᠦᠨ ᠢ ᠦᠷᠬᠦᠯᠵᠢᠯᠡᠭᠰᠡᠨ ᠲᠧᠯᠸᠢᠰ ᠵᠦᠴᠦᠭᠡ ᠪᠤᠯᠭᠠᠨ ᠲᠤᠬᠯᠠᠵᠠᠢ᠃ ᠦᠪᠦᠷ ᠮᠣᠩᠭᠤᠯ ᠤᠨ ᠦᠨᠳᠦᠰᠦᠳᠡᠨ ᠤ ᠲᠠᠭᠤᠤ ᠪᠦᠵᠢᠭ ᠵᠦᠴᠦᠭᠡ ᠶᠢᠨ ᠬᠦᠷᠢᠶᠡᠯᠡᠩ ᠪᠠᠰᠠ ᠡᠭᠦᠨ ᠢᠶᠠᠷ ᠡᠬᠡ ᠨᠤᠤᠷᠠᠭ ᠪᠤᠯᠭᠠᠨ᠂ ᠦᠵᠡᠭᠴᠢᠳ ᠲᠤ ᠠᠳᠠᠯᠢ ᠨᠡᠷᠡᠲᠦ ᠶᠡᠷᠢᠶᠡᠳᠤ ᠵᠦᠴᠦᠭᠡ ᠶᠢ ᠵᠤᠬᠢᠶᠠᠨ ᠪᠦᠳᠦᠭᠡᠵᠦ ᠲᠤᠬᠯᠠᠬᠰᠠᠨ ᠪᠠᠶᠢᠨ᠎ᠠ᠃     ᠶᠡᠷᠢᠶᠡᠲᠦ ᠵᠦᠴᠦᠭᠡ ︽ᠤᠯᠤᠰ ᠤᠨ ᠭᠡᠤᠭᠡᠳ︾ ᠨᠢ ᠪᠠᠷᠢᠮᠲᠠᠲᠦ ᠤᠷᠠᠨ ᠵᠤᠬᠢᠶᠠᠯ ︽ᠤᠯᠤᠰ ᠤᠨ ᠬᠡᠦᠬᠡᠳ︾ ᠬᠢᠭᠡᠳ ᠦᠷᠬᠦᠯᠵᠢᠯᠡᠭᠰᠡᠨ ᠲᠧᠯᠸᠢᠰ ᠵᠦᠴᠦᠭᠡ ︽ᠠᠮᠢᠨ ᠭᠤᠤᠯ︾ ᠲᠠᠢ ᠠᠳᠠᠯᠢ ᠪᠠᠷ ᠮᠦᠨ ᠴᠦ ᠱᠠᠩᠬᠠᠢ ᠶᠢᠨ 3000 ᠦᠨᠦᠴᠢᠨ ᠬᠡᠦᠭᠡᠳ ᠢ ᠲᠠᠯ᠎ᠠ ᠨᠤᠲᠤᠭ ᠲᠤ ᠦᠷᠡᠴᠢᠯᠡᠨ ᠲᠡᠵᠢᠭᠡᠭᠰᠡᠨ ᠲᠡᠦᠭᠡᠨ ᠪᠤᠳᠠᠳᠤ ᠭᠡᠷᠡᠭ ᠲᠤ ᠰᠠᠭᠤᠷᠢᠯᠠᠵᠦ ᠵᠤᠬᠢᠶᠠᠨ ᠪᠦᠲᠦᠭᠡᠭᠰᠡᠨ ᠪᠠᠶᠢᠨ᠎ᠠ᠃ ᠬᠡᠪᠡᠴᠦ᠂ ᠪᠠᠷᠢᠮᠲᠠᠲᠦ ᠤᠷᠠᠨ ᠵᠤᠬᠢᠶᠠᠯ ᠬᠢᠭᠡᠳ ᠦᠷᠬᠦᠯᠵᠢᠯᠡᠭᠰᠡᠨ ᠲᠧᠯᠸᠢᠰ ᠵᠦᠴᠦᠭᠡ ᠨᠢᠬᠡᠨᠳᠡ ᠵᠤᠬᠢᠶᠠᠨ ᠪᠦᠲᠦᠭᠡᠭᠳᠡᠭᠰᠡᠨ ᠤ ᠲᠠᠷᠠᠭ᠎ᠠ ᠶᠠᠷᠢᠶᠠᠲᠤ ᠵᠦᠴᠦᠭᠡ ᠪᠤᠯᠭᠠᠨ ᠲᠤᠬᠯᠠᠬᠤ ᠳᠤ ᠬᠡᠷᠭᠢᠨ ᠦᠵᠡᠭᠴᠢᠳ ᠲᠤ ᠰᠢᠨ᠎ᠡ ᠰᠤᠷᠭᠤᠭ ᠲᠦᠷᠦᠭᠳᠡᠯ ᠦᠭᠬᠦ ᠪᠤᠢ ᠭᠡᠳᠡᠭ ᠨᠢ ᠴᠢᠬᠤᠯᠠ ᠠᠰᠠᠭᠤᠳᠠᠯ ᠪᠤᠯᠤᠬᠰᠠᠨ ᠪᠠᠶᠢᠨ᠎ᠠ᠃    ᠶᠠᠷᠢᠶᠠᠲᠤ ᠵᠦᠴᠦᠭᠡ ᠶᠢᠨ ᠨᠠᠶᠢᠷᠠᠭᠤᠯᠤᠬᠴᠢ ᠭᠡᠷᠡᠭ ᠶᠠᠪᠤᠳᠠᠯ ᠤᠨ ᠪᠦᠬᠦ ᠶᠠᠪᠤᠴᠠ ᠶᠢ ᠲᠡᠯᠭᠡᠨ ᠲᠤᠭᠠᠴᠢᠬᠰᠠᠨ ᠪᠢᠰᠢ ᠬᠠᠷᠢᠨ ᠦᠨᠦᠴᠢᠨ ᠭᠡᠤᠭᠡᠳ ᠢ ᠦᠷᠡᠴᠢᠯᠡᠨ ᠲᠡᠵᠢᠭᠡᠭᠰᠡᠨ ᠨᠢᠭᠡᠨ ᠭᠡᠷ ᠪᠦᠯᠢ ᠶᠢᠨ ᠦᠯᠢᠭᠡᠷ ᠢ ᠬᠠᠵᠠᠭᠤ ᠠᠴᠠ ᠨᠢ ᠲᠤᠭᠠᠴᠢᠵᠦ᠂ ᠤᠤᠭᠠᠨ ᠪᠠ ᠪᠠᠭᠠᠳᠦᠷ ᠡᠷ ᠎ᠡ ᠡᠮ ᠎ᠡ ᠬᠤᠶᠠᠷ ᠤᠨ ᠱᠠᠩᠬᠠᠢ ᠶᠢᠨ ᠦᠨᠦᠴᠢᠨ ᠭᠡᠦᠭᠡᠳ ᠦᠨᠳᠦᠰᠦ ᠶᠢ ᠦᠷᠡᠴᠢᠯᠡᠨ ᠲᠡᠵᠢᠭᠡᠭᠰᠡᠨ ᠪᠠ ᠦᠨᠳᠦᠰᠦ ᠶᠢᠨ ᠦᠰᠦᠨ ᠪᠤᠶᠢᠵᠢᠬᠰᠠᠨ ᠶᠠᠪᠤᠴᠠ ᠳᠠᠬᠢ ᠦᠯᠢᠭᠡᠷ ᠨᠦᠭᠦᠳ ᠢ ᠲᠤᠬᠯᠠᠨ ᠦᠵᠡᠬᠦᠯᠵᠦ᠂ ᠬᠡᠰᠡᠭ ᠲᠠᠯ ᠎ᠠ ᠪᠠᠷ ᠪᠦᠬᠦ ᠲᠠᠯ ᠎ᠠ ᠶᠢ ᠲᠤᠰᠬᠠᠬᠤ ᠠᠷᠭ᠎ᠠ ᠪᠠᠷᠢᠯ ᠢᠶᠠᠷ ᠨᠠᠮ ᠲᠦᠷᠦ ᠶᠢᠨ ᠬᠠᠶᠢᠷ᠎ᠠ ᠬᠠᠯᠠᠮᠵᠢ᠂ ᠦᠷᠦᠪᠴᠢ ᠵᠦᠬᠡᠯᠡᠨ ᠠᠭᠤᠲᠠᠮᠴᠢ ᠡᠨᠡᠷᠢᠩᠬᠦᠢ ᠮᠤᠩᠭᠤᠯ ᠬᠦᠮᠦᠨ ᠤ ᠲᠦᠷᠢ ᠶᠢ ᠱᠤᠭᠤᠵᠦ᠂ ᠤᠷᠠᠨ ᠨᠠᠷᠢᠨ ᠵᠤᠬᠢᠶᠠᠮᠵᠢ ᠪᠠ ᠵᠦᠴᠦᠬᠡᠯᠢᠭ ᠦᠯᠢᠭᠡᠷᠯᠢᠭ ᠦᠢᠯᠡ ᠶᠠᠪᠤᠲᠠᠯ ᠢᠶᠠᠷ ᠪᠦᠬᠦ ᠵᠦᠴᠦᠭᠡ ᠪᠠᠨ ᠭᠡᠯᠭᠢᠭᠰᠡᠨ ᠠᠴᠠ ᠦᠵᠡᠭᠴᠢᠳ ᠲᠤ ᠲᠤᠬᠠᠢ ᠶᠢᠨ ᠲᠠᠯᠠᠪᠤᠷ ᠲᠤ ᠬᠦᠷᠦᠭᠰᠡᠨ ᠶᠤᠮ ᠰᠢᠭ᠋ ᠰᠠᠶᠢᠬᠠᠨ ᠲᠦᠷᠦᠭᠳᠡᠯ ᠦᠭᠬᠦᠭᠰᠡᠨ ᠪᠠᠶᠢᠨ᠎ᠠ᠃    ᠪᠠᠷᠢᠮᠲᠠᠲᠦ ᠤᠷᠠᠨ ᠵᠤᠬᠢᠶᠠᠯ ᠪᠤᠯ ᠦᠰᠦᠭ ᠪᠢᠴᠢᠭ ᠢᠶᠠᠷ ᠭᠤᠤᠯ ᠪᠠᠭᠠᠲᠤᠷ ᠤᠨ ᠢᠶᠠᠨ ᠲᠤᠳᠤᠭᠠᠳᠤ ᠰᠡᠳᠬᠢᠯ ᠢ ᠴᠢᠯᠦᠭᠡᠲᠠᠢ ᠲᠤᠰᠬᠠᠲᠠᠭ᠂ ᠦᠷᠬᠦᠯᠵᠢᠯᠡᠭᠰᠡᠨ ᠲᠧᠯᠸᠢᠰ ᠵᠦᠴᠦᠭᠡ ᠨᠢ ᠰᠡᠳᠬᠢᠯ ᠬᠦᠳᠡᠯᠭᠡᠮ᠎ᠡ ᠵᠢᠷᠤᠭ ᠰᠡᠬᠦᠳᠡᠷ ᠢᠶᠠᠷ ᠬᠦᠮᠦᠰ ᠤᠨ ᠡᠳᠦᠷ ᠲᠤᠳᠤᠮ ᠤᠨ ᠠᠮᠢᠳᠤᠷᠠᠯ ᠢ ᠬᠠᠷᠠᠭᠤᠯᠵᠤ ᠴᠢᠳᠠᠳᠠᠭ᠃ ᠡᠬᠦᠨ ᠲᠠᠢ ᠬᠠᠷᠢᠴᠠᠭᠤᠯᠪᠠᠯ ᠶᠠᠷᠢᠶᠠᠲᠤ ᠵᠦᠴᠦᠭᠡ ᠶᠢᠨ ᠬᠢᠵᠠᠭᠠᠷᠳᠠᠮᠠᠯ ᠴᠢᠨᠠᠷ ᠲᠤᠪᠤᠶᠢᠵᠦ ᠭᠠᠷᠴᠦ ᠢᠷᠡᠳᠡᠭ᠄ ᠵᠦᠪᠬᠡᠨ ᠬᠤᠶᠠᠷ ᠴᠠᠭ ᠭᠠᠷᠤᠢ ᠶᠢᠨ ᠬᠤᠭᠤᠴᠠᠭᠠᠨ ᠳᠠᠬᠢ ᠬᠤᠶᠠᠷ ᠭᠤᠷᠪᠠᠭ᠋ᠠᠨ ᠦᠵᠡᠭᠳᠡᠯ ᠢᠶᠠᠷ ᠭᠤᠤᠯ ᠪᠠᠭᠠᠲᠤᠷ ᠤᠨ ᠢᠶᠠᠨ ᠪᠡᠶᠡᠴᠢ ᠲᠦᠷᠦᠭᠳᠡᠯ ᠢ ᠢᠯᠡᠳᠭᠡᠬᠦ ᠭᠡᠭᠴᠢ ᠨᠢ ᠬᠢᠯᠪᠠᠷ ᠪᠤᠰᠤ᠃ ᠡᠳᠡᠭᠡᠷ ᠬᠢᠵᠠᠭᠠᠷᠳᠠᠮᠠᠯ ᠴᠢᠨᠠᠷ ᠢ ᠶᠠᠭᠠᠬᠢᠵᠦ ᠢᠯᠠᠬᠤ ᠪᠤᠢ ᠭᠡᠳᠡᠭ ᠨᠢ ᠤᠳᠤᠷᠢᠳᠤᠭᠠᠴᠢ ᠪᠠ ᠲᠤᠬᠯᠠᠬᠴᠢ ᠶᠢᠨ ᠤᠷ᠎ᠠ ᠴᠢᠲᠠᠯ ᠢ ᠰᠢᠯᠭᠠᠭᠰᠠᠨ ᠠᠵᠦ ᠪᠠᠶᠢᠵᠠᠢ᠃    ᠵᠠᠩ ᠵᠦᠷᠢᠭᠦᠳ ᠪᠤᠯᠪᠠᠴᠤ ᠰᠡᠳᠬᠢᠯ ᠴᠠᠶᠢᠯᠭᠠᠨ ᠪᠠᠭᠠᠳᠤᠷ ᠠᠪᠤ᠂ ᠦᠨᠡᠨᠴᠢ ᠰᠢᠲᠤᠷᠭᠤ ᠬᠤᠸᠠᠷᠠᠭ ᠲᠡᠯᠭᠡᠷ᠂ ᠠᠰᠠᠷᠠᠮᠵᠢ ᠶᠢᠨ ᠬᠦᠷᠢᠶᠡᠯᠡᠩ ᠤᠨ ᠡᠷᠡᠰ ᠵᠤᠷᠢᠮᠠᠭ ᠵᠠᠩ ᠲᠠᠢ ᠲᠡᠳ᠋ ᠲᠠᠷᠤᠭ᠎ᠠ ᠮᠧᠩ ᠬᠤᠸᠠ ᠪᠠ ᠠᠰᠪᠤᠷᠢ ᠴᠠᠶᠢᠯᠭᠠᠨ ᠵᠠᠩ ᠲᠠᠢ ᠠᠰᠠᠷᠠᠬᠴᠢ ᠬᠤᠩ ᠶᠠᠨ᠂ ᠠᠯᠢᠶ ᠎ᠠ ᠲᠡᠭᠵᠢᠨ ᠪᠤᠯᠪᠠᠴᠦ ᠤᠴᠢᠷ ᠶᠠᠪᠤᠲᠠᠯ ᠢ ᠲᠤᠩᠭᠠᠵᠦ ᠪᠤᠲᠤᠲᠠᠭ ᠲᠠᠯᠠᠬᠠᠨ ᠁ ᠶᠠᠷᠢᠶᠠᠳᠤ ᠵᠦᠴᠦᠭᠡ ᠶᠢᠨ ᠲᠤᠬᠯᠠᠬᠴᠢᠳ ᠶᠡᠷᠦ ᠪᠤᠰᠤ ᠶᠢᠨ ᠤᠷ᠎ᠠ ᠠᠪᠢᠶᠠᠰ ᠢᠶᠠᠷ ᠢᠶᠠᠨ ᠠᠳᠠᠯᠢ ᠪᠤᠰᠤ ᠶᠢᠨ ᠲᠦᠷᠢ ᠨᠦᠭᠦᠳ ᠢ ᠠᠮᠢᠳᠤᠯᠢᠭ ᠰᠠᠶᠢᠬᠠᠨ ᠲᠤᠭᠯᠠᠵᠤ ᠪᠠᠶᠢᠯ᠎ᠠ᠃ ᠢᠯᠠᠩᠭᠤᠶ᠎ᠠ᠂ ᠦᠨᠲᠦᠰᠦ ᠶᠢ ᠦᠷᠡᠴᠢᠯᠡᠨ ᠲᠡᠵᠢᠬᠡᠭᠰᠡᠨ ᠮᠤᠩᠭᠤᠯ ᠡᠵᠢ ᠶᠢᠨ ᠠᠵᠢᠯᠴᠢ ᠪᠤᠷᠤᠬᠵᠢᠭᠤᠨ᠂ ᠡᠶᠡᠪᠡᠷᠬᠦ ᠵᠦᠭᠡᠯᠡᠨ ᠵᠠᠩ ᠴᠢᠨᠠᠷ ᠢ ᠠᠮᠢᠳᠤᠯᠢᠭ ᠪᠦᠳᠦᠭᠡᠨ᠂ ᠦᠷ᠎ᠡ ᠪᠠᠨ ᠭᠡᠰᠡᠨ ᠡᠬᠡ ᠬᠦᠮᠦᠨ ᠤ ᠰᠡᠳᠬᠢᠯ ᠤᠨ ᠬᠦᠳᠡᠯᠭᠡᠭᠡᠨ ᠢ ᠨᠠᠷᠢᠯᠢᠭ ᠰᠠᠶᠢᠬᠠᠨ ᠢᠯᠡᠷᠡᠬᠦᠯᠦᠭᠰᠡᠨ ᠪᠠᠶᠢᠨ᠎ᠠ᠃ ᠪᠠᠰᠠ᠂ ᠦᠰᠭᠡᠵᠦ ᠲᠦᠷᠦᠬᠦᠯᠦᠭᠰᠡᠨ ᠠᠪᠤ ᠡᠵᠢ ᠪᠠᠨ ᠰᠠᠨᠠᠵᠤ ᠮᠦᠷᠦᠭᠡᠳᠴᠦ ᠪᠠᠶᠢᠬᠰᠠᠨ ᠠᠴᠠ ᠪᠠᠨ ᠦᠷᠡᠴᠢᠯᠡᠨ ᠲᠡᠵᠢᠭᠡᠵᠦ᠂ ᠦᠷ᠎ᠡ ᠪᠠᠨ ᠭᠡᠵᠦ ᠠᠯᠠᠭ ᠦᠬᠡᠢ ᠬᠠᠶᠢᠷᠠᠯᠠᠲᠠᠭ ᠮᠤᠩᠭᠤᠯ ᠠᠪᠤ ᠡᠵᠢ ᠪᠠᠨ ᠨᠡᠩ ᠬᠠᠶᠢᠷᠠᠯᠠᠨ ᠬᠦᠨᠲᠦᠳᠭᠡᠬᠦ ᠪᠤᠯᠤᠬᠰᠠᠨ ᠦᠨᠳᠦᠰᠦ ᠶᠢᠨ ᠰᠡᠳᠬᠢᠯ ᠤᠨ ᠬᠤᠪᠢᠷᠠᠯᠲᠠ ᠶᠢ ᠠᠮᠵᠢᠯᠲᠠᠲᠠᠢ ᠲᠤᠬᠯᠠᠵᠤ᠂ ᠭᠤᠤᠯ ᠪᠠᠭᠠᠲᠤᠷ ᠤᠨ ᠢᠶᠠᠨ ᠤᠶᠠᠨ ᠬᠠᠲᠠᠨ ᠵᠠᠩ ᠴᠢᠨᠠᠷ ᠪᠠ ᠠᠴᠢᠯᠠᠯ ᠡᠯᠪᠠᠷᠢᠯᠲᠦ ᠵᠠᠩ ᠴᠢᠨᠠᠷ ᠤᠨ ᠤᠨᠴᠠᠯᠢᠭ ᠢ ᠰᠠᠶᠢᠬᠠᠨ ᠢᠯᠡᠷᠡᠬᠦᠯᠪᠡ᠃ ᠡᠳᠡᠭᠡᠷ ᠠᠮᠢᠲᠤᠯᠢᠭ ᠪᠤᠲᠠᠲᠠᠢ ᠲᠦᠷᠢ ᠲᠠᠶᠢᠰᠠᠨ ᠤ ᠤᠷᠠᠯᠢᠭ ᠢᠶᠠᠷ ᠲᠠᠮᠵᠢᠨ᠂ ᠯᠤᠲᠤ ᠶᠡᠭᠡ ᠤᠷᠠᠯᠢᠬ ᠤᠨ ᠨᠦᠯᠦᠭᠡᠯᠡᠬᠦ ᠬᠦᠴᠦᠨ ᠪᠤᠯᠵᠤ ᠦᠷᠭᠡᠨ ᠤᠯᠠᠨ ᠦᠵᠡᠭᠴᠢᠳ ᠤᠨ ᠲᠠᠭᠠᠰᠢᠶᠠᠯ ᠬᠦᠷᠢᠶᠡᠯᠡᠯ ᠢ ᠤᠯᠤᠬᠰᠠᠨ ᠪᠠᠶᠢᠨ᠎ᠠ᠃     ︽ᠨᠠᠷᠠ ᠦᠭᠡᠢ ᠡᠳᠦᠷ ᠪᠦᠷᠭᠦᠭ᠂ ᠰᠠᠷᠠ ᠦᠭᠡᠢ ᠰᠦᠨᠢ ᠬᠠᠷᠠᠩᠭᠤᠢ᠃ ᠠᠪᠤ ᠡᠵᠢ ᠬᠤᠶᠠᠷ ᠪᠤᠯ ᠦᠷ ᠎ᠡ ᠬᠡᠦᠬᠡᠳ ᠤᠨ ᠢᠶᠠᠨ ᠨᠠᠷᠠᠨ ᠰᠠᠷᠠᠨ ᠪᠢᠯᠡ︕ ᠠᠪᠤ ᠡᠵᠢ ᠮᠢᠨᠢ ᠨᠡᠮ᠎ᠡ ᠶᠢ ᠡᠷᠢᠵᠦ ᠦᠩᠭᠡᠷᠡᠭᠰᠡᠨ ᠤᠤ︖ ᠡᠮᠦᠨᠡᠲᠦ ᠤᠷᠤᠨ ᠳᠤ ᠢᠷᠡᠬᠦ ᠵᠠᠮ ᠳᠠᠭᠠᠨ ᠪᠢ ᠮᠦᠨ ᠲᠠ ᠨᠠᠷ ᠲᠤ ᠭᠤᠮᠤᠳᠠᠵᠤ ᠪᠠᠶᠢᠬᠰᠠᠨ᠂ ᠭᠡᠳᠡᠯ ᠎ᠡ ᠤᠳᠤ ᠡᠨᠡ ᠠᠰᠠᠭᠤᠳᠠᠯ ᠨᠢᠭᠡᠨᠲᠡ ᠴᠢᠬᠤᠯᠠ ᠪᠢᠰᠢ ᠪᠤᠯᠤᠬᠰᠠᠨ᠂ ᠪᠢ ᠮᠤᠩᠭᠤᠯ ᠠᠪᠤ ᠡᠵᠢ ᠲᠠᠢ᠃ ᠮᠢᠨᠦ ᠲᠦᠷᠦᠭᠰᠡᠨ ᠠᠪᠤ ᠡᠵᠢ ᠬᠦᠦ ᠪᠠᠨ ᠯᠠᠪᠲᠠᠢ ᠰᠠᠨᠠᠵᠦ ᠪᠠᠶᠢᠨ᠎ᠠ ᠭᠡᠳᠡᠭ ᠲᠤ ᠪᠢ ᠢᠳᠡᠭᠡᠵᠦ ᠪᠠᠶᠢᠨ᠎ᠠ︾ ᠭᠡᠵᠦ ᠦᠨᠲᠦᠰᠦ ᠶᠢᠨ ᠲᠤᠲᠤᠭᠠᠲᠦ ᠰᠡᠳᠬᠢᠯ ᠤᠨ ᠰᠢᠪᠡᠨᠡᠯ ᠢ ᠲᠠᠶᠢᠯᠪᠦᠷᠢᠯᠠᠬᠰᠠᠨ ᠪᠠᠶᠢᠨ᠎ᠠ᠃ ᠡᠶᠢᠨᠬᠦ ᠲᠠᠯ᠎ᠠ ᠨᠤᠲᠤᠭ ᠤᠨ ᠠᠪᠤ ᠡᠵᠢ ᠶᠢᠨ ᠬᠠᠶᠢᠷ᠎ᠠ ᠭᠠᠵᠠᠷ ᠵᠦᠢ ᠪᠠ ᠦᠨᠲᠦᠰᠦᠳᠡᠨ ᠶᠠᠰᠤᠲᠠᠨ ᠤ ᠢᠯᠭᠠᠭ᠎ᠠ ᠶᠢ ᠲᠠᠪᠠᠲᠠᠭ ᠭᠡᠳᠡᠭ ᠢ ᠲᠡᠷᠡ ᠮᠡᠳᠡᠷᠡᠭᠰᠡᠨ ᠪᠠᠶᠢᠨ᠎ᠠ᠃ ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2