ᠣᠷᠴᠢᠭᠤᠯᠭ᠎ᠠ ᠶᠢᠨ ᠵᠣᠬᠢᠶᠠᠯ ᠪᠠ ᠣᠯᠠᠨ ᠤ ᠬᠦᠷᠳᠡᠭᠡᠯ
ᠨᠡᠶᠢᠲᠡᠯᠡᠭᠰᠡᠨ ᠴᠠᠭ᠄
2020/12/18
    ᠲᠡᠭᠡᠷ᠎ᠠ ᠵᠠᠭᠤᠨ ᠤ ᠨᠠᠶᠠᠭᠠᠳ ᠤᠨ ᠳᠤ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠢᠷᠢᠨᠴᠢᠨ ᠫᠷᠹᠧᠰᠰᠤᠷ ᠬᠠᠰᠪᠤ ᠶᠢᠨ ︽ᠰᠢᠨ᠎ᠠ ᠤᠷᠴᠢᠭᠤᠯᠤᠬᠰᠡᠨ ︿ᠬᠤᠨᠭ᠌ ᠯᠸᠦ ᠮᠸᠡᠭ ᠪᠢᠴᠢᠭ﹀︾ ᠢ ᠬᠢᠳᠡᠳ ᠬᠡᠯᠡᠨ ᠲᠠᠶᠢᠯᠪᠦᠷᠢᠯᠡᠨ ᠤᠷᠴᠢᠭᠤᠯᠤᠨ ᠨᠡᠶᠢᠳᠡᠯᠡᠵᠦ᠂ ᠪᠦᠬᠦ ᠤᠯᠤᠰ ᠤᠨ ᠤᠷᠡᠨ ᠵᠤᠬᠢᠶᠠᠯ ᠤᠨ ᠡᠳᠡᠭᠡᠳ ᠢ ᠬᠦᠴᠤᠳᠠᠢ ᠲᠤᠷᠬᠢᠭᠤᠯᠤᠬᠰᠡᠨ ᠬᠡᠳᠡᠭ᠃      ᠪᠢᠳᠠ ᠮᠤᠩᠭᠤᠯ ᠬᠡᠯᠡᠨ ᠤ ᠰᠤᠷᠬᠤ ᠪᠢᠴᠢᠭ ᠳᠠᠬᠢ ︽ᠬᠠᠮᠤᠭ ᠤᠨ ᠰᠡᠬᠦᠯᠴᠢ ᠶᠢᠨ ᠬᠢᠴᠢᠶᠡᠯ︾᠂ ︽ᠮᠦᠡᠭᠭᠦᠨ ᠤ ᠬᠤᠷᠤᠬᠠᠢ︾᠂ ︽ᠬᠡᠨ ᠮᠠᠨ ᠤ ᠬᠠᠮᠤᠭ ᠤᠨ ᠬᠠᠶᠢᠷᠠᠳᠦ ᠬᠦᠮᠦᠨ ᠪᠤᠢ︖︾ ᠮᠡᠳᠦ ᠶᠢᠨ ᠨᠢᠭᠡ ᠪᠦᠯᠦᠭ ᠰᠢᠯᠢᠳᠡᠭ ᠤᠷᠴᠢᠭᠤᠯᠭ᠎ᠠ ᠶᠢᠨ ᠵᠤᠬᠢᠶᠠᠯ ᠢᠶᠠᠨ ᠮᠠᠷᠳᠠᠭ᠎ᠠ ᠦᠭᠡᠢ ᠪᠠᠶᠢᠬ᠎ᠠ᠃ ᠡᠳᠡᠭᠡᠷ ᠰᠢᠯᠢᠳᠡᠭ ᠤᠷᠴᠢᠭᠤᠯᠭ᠎ᠠ ᠶᠢᠨ ᠵᠤᠬᠢᠶᠠᠯ ᠨᠢ ᠬᠡᠳᠤᠨ ᠦᠶ᠎ᠠ ᠶᠢᠨ ᠬᠦᠮᠤᠰ ᠤᠨ ᠦᠵᠠᠯ ᠰᠠᠨᠠᠭ᠎ᠠ ᠶᠢ ᠨᠦᠯᠦᠭᠡᠯᠡᠨ ᠬᠦᠨ ᠰᠠᠭᠤᠬᠳᠠᠯ ᠦᠯᠡᠳᠡᠭᠡᠵᠦ ᠢᠷᠡᠭᠰᠡᠨ ᠨᠢ ᠦᠨᠠᠨ ᠶᠤᠮ᠃ ᠡᠬᠦᠨ ᠤ ᠡᠰᠡᠷᠬᠦ ᠪᠠᠷ᠂ ᠮᠤᠩᠭᠤᠯ ᠤᠷᠡᠨ ᠵᠤᠬᠢᠶᠠᠯ ᠤᠨ ᠰᠢᠯᠢᠳᠡᠭ ᠪᠦᠳᠦᠭᠡᠯ ᠪᠤᠰᠤᠳ ᠦᠨᠳᠤᠰᠤᠳᠡᠨ ᠤ ᠰᠤᠷᠬᠤ ᠪᠢᠴᠢᠭ ᠳᠤ ᠰᠤᠩᠭᠤᠳᠡᠨ ᠤᠷᠤᠵᠦ ᠬᠡᠳᠤᠨ ᠠᠷᠪᠠᠨ ᠵᠢᠯ ᠢᠶᠠᠷ ᠲᠡᠳᠡᠨ ᠤ ᠲᠤᠳᠤᠭᠠᠳᠦ ᠶᠢᠷᠳᠢᠨᠴᠦ ᠶᠢᠨ ᠤᠷᠤᠨ ᠵᠠᠢ ᠶᠢ ᠡᠵᠡᠯᠡᠵᠦ ᠪᠠᠶᠢᠬᠤ ᠨᠢ ᠬᠡᠳᠤᠢ ᠪᠠᠶᠢᠭ᠎ᠠ ᠪᠤᠯ⁈ ᠡᠨᠡ ᠨᠢ ᠰᠢᠯᠢᠳᠡᠭ ᠮᠤᠩᠭᠤᠯ ᠤᠷᠡᠨ ᠵᠤᠬᠢᠶᠠᠯ ᠢ ᠪᠤᠰᠤᠳ ᠦᠨᠳᠤᠰᠤᠳᠡᠨ ᠤ ᠬᠡᠯᠡᠨ ᠳᠤ ᠤᠷᠴᠢᠭᠤᠯᠬᠤ ᠶᠢᠨ ᠲᠤᠬᠠᠢ ᠪᠤᠳᠤᠯᠬᠢᠯᠡᠯ ᠲᠦᠷᠦᠭᠳᠡᠬᠦᠯᠵᠦ ᠮᠡᠳᠡᠨ᠎ᠠ᠃ ᠮᠤᠩᠭᠤᠯᠴᠤᠳ ᠤᠨ ᠡᠷᠳᠡᠨ ᠤ ᠰᠤᠩᠭᠤᠳᠠᠭ ᠰᠢᠯᠦᠭ ᠲᠠᠭᠤᠯᠠᠯ ᠬᠢᠭᠡᠳ ᠤᠯᠤᠰ ᠪᠠᠶᠢᠭᠤᠯᠤᠬᠳᠠᠬᠰᠡᠨ ᠠᠴᠠ ᠨᠠᠰᠢᠬᠢ 70 ᠭᠠᠷᠤᠢ ᠵᠢᠯ ᠤᠨ ᠬᠡᠳᠤᠨ ᠦᠶ᠎ᠠ ᠶᠢᠨ ᠮᠤᠩᠭᠤᠯ ᠵᠤᠬᠢᠶᠠᠯᠴᠢᠳ ᠤᠨ ᠰᠤᠩᠭᠤᠳᠠᠭ ᠪᠦᠳᠦᠭᠡᠯ ᠢ ᠪᠤᠰᠤᠳ ᠬᠡᠯᠡᠨ ᠳᠤ ᠤᠷᠴᠢᠭᠤᠯᠵᠦ᠂ ᠲᠡᠯᠡᠬᠡᠢ ᠶᠢᠨ ᠬᠦᠮᠤᠰ ᠲᠤ ᠲᠠᠨᠢᠯᠴᠠᠭᠤᠯᠬᠤ ᠨᠦᠰᠡᠷ ᠠᠵᠢᠯ ᠢ ᠭᠠᠷᠳᠠᠨ ᠬᠢᠬᠦ ᠲᠤᠮᠤ ᠡᠬᠦᠷᠭᠡ ᠲᠠᠯᠪᠢᠬᠳᠠᠵᠦ ᠪᠠᠶᠢᠨ᠎ᠠ᠃ ᠡᠨᠡᠬᠦ ᠲᠤᠮᠤ ᠢᠨᠵᠧᠨᠧᠷᠢᠩ ᠢ ᠪᠡᠶᠡᠯᠡᠬᠦᠯᠬᠦ ᠳᠤ ᠴᠢᠳᠡᠪᠦᠷᠳᠡᠨ ᠤ ᠡᠩᠨᠡᠭᠡᠨ ᠤ ᠪᠠᠶᠢᠭᠤᠯᠤᠯᠳᠠ ᠪᠤᠯ ᠰᠠᠭᠤᠷᠢ ᠠᠵᠢᠯ ᠪᠤᠯᠤᠨ᠎ᠠ᠃ ᠮᠠᠨ ᠤ ᠤᠷᠤᠨ 2011 ᠤᠨ ᠠᠴᠠ ᠡᠬᠢᠯᠡᠨ 5 ᠵᠢᠯ ᠤᠨ ᠬᠤᠭᠤᠴᠠᠭ᠎ᠠ ᠲᠠᠢ ︽ᠰᠢᠯᠢᠳᠡᠭ ᠮᠤᠩᠭᠤᠯ ᠤᠷᠡᠨ ᠵᠤᠬᠢᠶᠠᠯ ᠢ ᠤᠷᠴᠢᠭᠤᠯᠵᠦ ᠬᠡᠪᠯᠡᠬᠦᠯᠬᠦ ᠢᠨᠵᠧᠨᠧᠷᠢᠩ︾ ᠢ ᠬᠡᠷᠡᠭᠵᠢᠬᠦᠯᠦᠭᠰᠡᠨ ᠠᠴᠠ ᠭᠠᠳᠠᠨ᠎ᠠ ︽ᠮᠤᠩᠭᠤᠯ ᠢ ᠬᠢᠳᠡᠳᠴᠢᠯᠠᠬᠤ ᠴᠢᠳᠡᠪᠦᠷᠢᠳᠡᠨ ᠤ ᠪᠤᠯᠪᠠᠰᠤᠷᠡᠯ ᠤᠨ ᠠᠩᠬᠢ︾ ᠡᠷᠬᠢᠯᠡᠵᠦ ᠮᠤᠩᠭᠤᠯ ᠰᠢᠯᠢᠳᠡᠭ ᠤᠷᠡᠨ ᠵᠤᠬᠢᠶᠠᠯ ᠢ ᠬᠢᠳᠡᠳ ᠬᠡᠯᠡᠨ ᠳᠤ ᠤᠷᠴᠢᠭᠤᠯᠬᠤ ᠠᠵᠢᠯ ᠢ ᠠᠬᠢᠭᠤᠯᠵᠦ ᠪᠠᠶᠢᠭ᠎ᠠ ᠪᠤᠯᠪᠠᠴᠦ ᠲᠤᠰ ᠲᠠᠯ᠎ᠠ ᠶᠢᠨ ᠴᠤᠯᠭᠤᠷᠡᠬᠰᠡᠨ ᠴᠢᠳᠡᠪᠦᠷᠢᠳᠡᠨ ᠲᠤᠳᠠᠬᠳᠠᠬᠤ ᠪᠠᠶᠢᠳᠠᠯ ᠢ ᠦᠨᠳᠤᠰᠤᠨ ᠠᠴᠠ ᠨᠢ ᠬᠤᠪᠢᠷᠠᠭᠤᠯᠵᠦ ᠴᠢᠳᠠᠭᠠᠳᠤᠢ ᠪᠠᠶᠢᠬᠰᠠᠭᠠᠷ᠃     ᠤᠷᠡᠨ ᠵᠤᠬᠢᠶᠠᠯ ᠤᠨ ᠤᠷᠴᠢᠭᠤᠯᠭ᠎ᠠ ᠪᠤᠯ ᠦᠨᠳᠤᠰᠤᠳᠡᠨ ᠨᠦᠭᠦᠳ ᠤᠨ ᠬᠤᠭᠤᠷᠤᠨᠳᠤᠬᠢ ᠰᠤᠶᠤᠯ ᠤᠨ ᠰᠤᠯᠢᠯᠴᠠᠭ᠎ᠠ ᠬᠢᠭᠡᠳ ᠦᠵᠠᠯ ᠰᠠᠨᠠᠭᠠᠨ ᠤ ᠤᠢᠢᠯᠠᠭᠠᠴᠠᠯ ᠤᠨ ᠲᠤᠮᠤ ᠢᠨᠵᠧᠨᠧᠷᠢᠩ ᠪᠤᠯᠬᠤ ᠶᠤᠰᠤᠳᠠᠢ᠃ ᠮᠠᠨ ᠤ ᠤᠷᠤᠨ ᠮᠤᠩᠭᠤᠯ ᠢ ᠬᠢᠳᠡᠳ ᠬᠡᠯᠡᠨ ᠳᠤ ᠤᠷᠴᠢᠭᠤᠯᠬᠤ ᠴᠢᠳᠠᠪᠦᠷᠢᠳᠡᠨ ᠤ ᠬᠦᠮᠦᠵᠢᠬᠦᠯᠬᠦ ᠲᠤᠬᠳᠠᠴᠠ ᠶᠢ ᠪᠠᠶᠢᠭᠤᠯᠪᠠᠯ ᠵᠤᠬᠢᠨ᠎ᠠ᠃ ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2