︽ᠬᠡᠰᠡᠷ︾ ᠪᠤᠯ ᠲᠠᠶᠠᠩ ᠲᠡᠯᠡᠬᠡᠢ ᠳᠤ ᠠᠯᠳᠠᠷᠰᠢᠭᠰᠠᠨ ︽ᠳᠤᠮᠳᠠᠳᠤ ᠤᠯᠤᠰ ᠤᠨ ᠭᠤᠷᠪᠠᠨ ᠶᠡᠭᠡ ᠳᠤᠤᠯᠢ | ︾ ᠶᠢᠨ ᠨᠢᠬᠡ ᠪᠤᠯᠤᠨ᠎ᠠ᠃ ︽ᠬᠡᠰᠡᠷ︾ ᠤᠨ ᠳᠤᠤᠯᠢ ᠶᠢᠨ ᠳᠠᠷᠬᠠᠭᠰᠠᠨ ᠤᠷᠤᠨ ᠨᠢ ᠲᠤᠩ ᠦᠷᠬᠡᠨ ᠪᠠᠶᠢᠳᠠᠭ᠃ ︽ | ᠵᠠᠩᠭᠠᠷ︾ ᠪᠤᠯ ᠭᠠᠭᠴᠠᠬᠦ ᠤᠢᠢᠷᠠᠳ ᠮᠤᠩᠭᠤᠯ ᠤᠨ ᠳᠤᠮᠳᠠ ᠳᠠᠷᠬᠠᠭᠰᠠᠨ ᠪᠤᠯ ︽ᠬᠡᠰᠡᠷ ︾ ᠨᠢ ᠤᠯᠠᠨ ᠤᠯᠤᠰ | ᠦᠨᠳᠦᠰᠦᠳᠡᠨ ᠤ ᠳᠤᠮᠳᠠ ᠳᠠᠷᠬᠠᠭᠳᠠᠨ ᠤᠯᠠᠨ ᠤᠯᠤᠰ ᠤᠨ ᠬᠡᠯᠡ ᠳᠤ ᠦᠷᠬᠡᠨ ᠤᠷᠴᠢᠭᠤᠯᠤᠭᠳᠠᠨ᠂ ᠨᠢᠬᠡᠨ ᠤᠯᠠᠨ | ᠦᠨᠳᠦᠰᠦᠳᠡᠨ ᠤ ᠰᠢᠨᠵᠢ ᠲᠠᠢ ᠳᠤᠤᠯᠢ ᠪᠤᠯᠵᠠᠢ᠃ ᠳᠡᠷᠡ ᠨᠢ ᠮᠠᠨ ᠤ ᠤᠯᠤᠰ ᠤᠨ ᠠᠩᠬᠠᠳᠤᠭᠠᠷ ᠤᠳᠠᠭ᠎ᠠ | ᠨᠡᠶᠢᠳᠡᠯᠡᠭᠰᠡᠨ ᠤᠯᠤᠰ ᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠯᠦᠬᠡᠯᠡᠬᠦ ᠪᠦᠳᠦᠬᠡᠯ ᠤᠨ | ᠨᠡᠷᠡᠰ ᠤᠨ ᠵᠢᠭᠰᠠᠭᠠᠯᠳᠠ︾ ᠳᠤ ᠤᠷᠤᠭᠰᠠᠨ ᠪᠦᠬᠡᠳ 2009 ᠤᠨ ᠳᠤ ᠪᠠᠰᠠ ᠤᠯᠠᠨ ᠤᠯᠤᠰ ᠤᠨ ᠬᠤᠯᠪᠤᠭᠠᠳᠤ | ᠪᠠᠶᠢᠭᠤᠯᠤᠯᠭ᠎ᠠ ᠶᠢᠨ ᠰᠤᠷᠭᠠᠨ ᠬᠦᠮᠦᠵᠢᠯ᠂ ᠰᠢᠨᠵᠢᠯᠡᠬᠦ ᠤᠬᠠᠭ᠎ᠠ᠂ ᠰᠤᠶᠤᠯ ᠤᠨ ᠵᠤᠬᠢᠶᠠᠨ ᠪᠠᠶᠢᠭᠤᠯᠤᠯᠳᠠ ᠶᠢᠨ | ᠨᠡᠶᠢᠳᠡᠯᠡᠭᠰᠡᠨ ︽ᠬᠦᠮᠦᠨ ᠲᠦᠷᠦᠯᠬᠢᠳᠡᠨ ᠤ ᠪᠤᠳᠠᠰ ᠤᠨ ᠪᠤᠰᠤ ᠰᠤᠶᠤᠯ ᠤᠨ ᠦᠪ ᠤᠨ ᠲᠦᠯᠦᠬᠡᠯᠡᠬᠦ ᠪᠦᠳᠦᠬᠡᠯ ᠤᠨ | ᠨᠡᠷᠡᠰ ᠤᠨ ᠵᠢᠭᠰᠠᠭᠠᠯᠳᠠ︾ ᠳᠤ ᠤᠷᠤᠭᠰᠠᠨ ᠪᠠᠶᠢᠨ᠎ᠠ᠃ ︽ᠬᠡᠰᠡᠷ︾ ᠨᠢ ᠦᠨᠳᠦᠰᠦᠳᠡᠨ ᠤ ᠬᠢᠵᠠᠭᠠᠷ ᠪᠠ | ᠤᠯᠤᠰ ᠤᠨ ᠬᠢᠯᠢ ᠳᠤ ᠪᠠᠷᠢᠭᠳᠠᠯ ᠦᠬᠡᠢ ᠪᠠᠷ ᠦᠷᠬᠡᠨ ᠳᠡᠯᠬᠡᠷᠡᠭᠰᠡᠨ ᠠᠮᠢᠳᠤ ᠳᠤᠤᠯᠢ ᠪᠠᠶᠢᠵᠤ᠂ ᠮᠠᠨ ᠤ ᠤᠯᠤᠰ ᠤᠨ | ᠮᠤᠩᠭᠤᠯ᠂ ᠲᠦᠪᠡᠳ ᠪᠠ ᠶᠤᠭᠤᠷ ᠦᠨᠳᠦᠰᠦᠳᠡᠨ ᠤ ᠤᠷᠤᠰᠢᠨ ᠰᠠᠭᠤᠭ᠎ᠠ ᠭᠠᠵᠠᠷ ᠤᠷᠤᠨ ᠢᠶᠠᠷ ᠦᠯᠦ ᠪᠠᠷᠠᠮ | ᠤᠷᠤᠰ᠂ ᠮᠤᠩᠭᠤᠯ᠂ ᠫᠠᠺᠢᠰᠲ᠋ᠠᠨ᠂ ᠨᠧᠫᠠᠯ᠂ ᠪᠦᠲ᠋ᠠᠨ ᠵᠡᠷᠬᠡ ᠤᠯᠤᠰ ᠤᠷᠤᠨ ᠢᠶᠠᠷ ᠳᠡᠯᠬᠡᠷᠡᠨ ᠤᠯᠠᠮᠵᠢᠯᠠᠭᠳᠠᠵᠤ᠂ | ᠳᠠᠷᠬᠠᠯᠳᠠ ᠶᠢᠨ ᠪᠦᠰᠡ ᠨᠢ ᠶᠠᠭ ᠰᠠᠶᠢᠬᠠᠨ ᠳᠤᠷᠭᠠᠨ ᠵᠠᠮ ᠤᠨ ᠬᠦᠢᠰᠤ ᠤᠷᠤᠨ ᠳᠠᠭᠠᠤ ᠪᠠᠶᠢᠷᠢᠯᠠᠵᠤ ᠪᠠᠶᠢᠳᠠᠭ ᠪᠢᠯᠡ | ᠃ | ᠳᠤᠤᠯᠢ ᠶᠢᠨ ᠪᠠᠭᠠᠳᠤᠷ ︽ᠬᠡᠰᠡᠷ︾ ᠤᠨ ᠳᠡᠬᠡᠷᠡᠩᠬᠦᠢ ᠬᠦᠴᠦᠳᠡᠨ ᠢ ᠰᠦᠬᠦᠳᠬᠡᠵᠦ᠂ ᠳᠡᠯᠡᠬᠡᠢ ᠳᠠᠬᠢᠨ ᠢ | ᠠᠮᠤᠷᠯᠢᠭᠤᠯᠵᠤ᠂ ᠡᠵᠡᠷᠬᠡᠭ ᠬᠠᠷᠬᠢᠰ ᠢ ᠮᠦᠬᠦᠬᠡᠵᠦ᠂ ᠡᠬᠡᠯ ᠢᠷᠬᠡᠳ ᠢ ᠵᠤᠪᠠᠭᠠᠳᠠᠭ ᠠᠷᠵᠠᠭᠠᠷ ᠮᠠᠩᠭᠤᠰ ᠢ | ᠠᠷᠢᠯᠭᠠᠵᠤ᠂ ᠠᠷᠠᠳ ᠲᠦᠮᠡᠨ ᠢᠶᠠᠨ ᠵᠢᠷᠭᠠᠭᠤᠯᠵᠤ᠂ ᠦᠵᠡᠰᠬᠦᠯᠡᠩᠳᠤ ᠰᠠᠶᠢᠬᠠᠨ ᠨᠤᠳᠤᠭ ᠢᠶᠠᠨ ᠬᠢᠮᠠᠭᠠᠳᠠᠨ | ᠬᠠᠮᠠᠭᠠᠯᠬᠠᠤ ᠪᠤᠯ ᠳᠤᠤᠯᠢ ᠳᠤ ᠳᠤᠰᠬᠠᠭᠰᠠᠨ ᠭᠤᠤᠯ ᠠᠭᠤᠯᠭ᠎ᠠ ᠪᠤᠶᠤ ᠤᠳᠬ᠎ᠠ ᠶᠢᠨ ᠳᠤᠯᠳᠤ ᠪᠤᠯᠤᠨ᠎ᠠ᠃ ᠡᠨᠡ | ᠤᠳᠬ᠎ᠠ ᠠᠴᠠ ᠪᠠᠨ ︽ᠬᠡᠰᠡᠷ︾ ᠨᠢ ᠦᠨᠳᠦᠰᠦᠳᠡᠨ ᠤ ᠪᠤᠶᠤ ᠤᠯᠤᠰ ᠤᠨ ᠬᠤᠭᠤᠷᠤᠨᠳᠤᠬᠢ ᠬᠠᠷᠢᠯᠴᠠᠭ᠎ᠠ ᠬᠢᠬᠡᠳ | ᠬᠦᠮᠦᠨ ᠲᠦᠷᠦᠯᠬᠢᠳᠡᠨ ᠤ ᠰᠤᠶᠤᠯ ᠤᠨ ᠤᠯᠠᠨ ᠶᠠᠩᠵᠤᠳᠤ ᠰᠢᠨᠵᠢ ᠶᠢᠨ ᠨᠢᠬᠡᠨ ᠪᠤᠳᠠᠳᠤ ᠪᠡᠶᠡᠯᠡᠯ ᠪᠤᠯᠤᠭᠰᠠᠨ ᠠᠵᠢ | ᠃ | ︽ᠬᠡᠰᠡᠷ︾ ᠤᠨ ᠠᠵᠢᠯ ᠤᠨ ᠳᠤᠬᠠᠢ ᠨᠠᠮ ᠵᠠᠰᠠᠭ ᠤᠨ ᠬᠠᠯᠠᠮᠵᠢᠯᠠᠯ | ᠨᠠᠮ ᠪᠠ ᠲᠦᠷᠦ ᠵᠠᠰᠠᠭ ᠠᠴᠠ ︽ᠬᠡᠰᠡᠷ︾ ᠤᠨ ᠠᠵᠢᠯ ᠢ ᠤᠯᠠᠨ ᠵᠢᠯ ᠤᠨ ᠳᠤᠷᠰᠢᠳᠠ ᠬᠠᠯᠠᠮᠵᠢᠯᠠᠨ᠂ | ᠳᠡᠮᠵᠢᠭᠰᠡᠬᠡᠷ ᠢᠷᠡᠪᠡ᠃ 1959 ᠤᠨ ᠳᠤ ︽ᠬᠡᠰᠡᠷ︾ ᠤᠨ ᠪᠦᠳᠦᠬᠡᠯ ᠢ ᠤᠯᠤᠰ ᠪᠠᠶᠢᠭᠤᠯᠤᠭᠳᠠᠭᠰᠠᠨ 10 | ᠵᠢᠯ ᠤᠨ ᠤᠢ ᠶᠢ ᠪᠡᠯᠬᠡᠯᠡᠬᠦ ᠪᠠᠶᠠᠷ ᠤᠨ ᠪᠡᠯᠡᠭ ᠪᠤᠯᠭᠠᠭᠰᠠᠨ ᠢᠶᠠᠷ ᠪᠠᠷᠠᠬᠤ ᠦᠬᠡᠢ ᠮᠠᠤ ᠽᠧ ᠳ᠋ᠦᠩ | ᠳᠡᠷᠢᠬᠦᠯᠡᠭᠴᠢ ᠠᠴᠠ ᠮᠤᠩᠭᠤᠯ ᠬᠡᠰᠡᠷᠴᠢ ᠫᠠᠵᠠᠢ ᠶᠢ ᠬᠦᠯᠢᠶᠡᠨ ᠠᠪᠴᠤ ᠠᠭᠤᠯᠵᠠᠪᠠ᠃ ᠦᠬᠡᠷᠡᠴᠢᠯᠡᠯᠳᠡ | ᠨᠡᠬᠡᠬᠡᠯᠳᠡ ᠠᠴᠠ ᠨᠠᠰᠢ᠂ ᠨᠠᠮ ᠤᠨ ᠲᠦᠪ ᠬᠤᠷᠢᠶ᠎ᠠ ᠶᠢᠨ ᠤᠬᠠᠭᠤᠯᠬᠤ ᠬᠡᠯᠳᠡᠰ ᠤᠨ 1983 ᠤᠨ ᠤ 7 ᠳᠤᠭᠠᠳᠤ | ᠠᠯᠪᠠᠨ ᠪᠢᠴᠢᠭ ᠲᠤ ᠵᠢᠭᠠᠪᠤᠷᠢᠯᠠᠭᠰᠠᠨ ᠶᠤᠰᠤᠭᠠᠷ ᠳᠤᠮᠳᠠᠳᠤ ᠤᠯᠤᠰ ᠤᠨ ᠨᠡᠶᠢᠬᠡᠮ ᠤᠨ ᠰᠢᠨᠵᠢᠯᠡᠬᠦ ᠤᠬᠠᠭᠠᠨ ᠤ | ᠠᠺᠠᠳᠧᠮᠢ᠂ ᠤᠯᠤᠰ ᠤᠨ ᠰᠤᠶᠤᠯ ᠤᠨ ᠶᠠᠮᠤᠨ᠂ ᠤᠯᠤᠰ ᠤᠨ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ᠂ | ᠳᠤᠮᠳᠠᠳᠤ ᠤᠯᠤᠰ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠵᠡᠷᠬᠡ ᠲᠦᠷᠪᠡᠨ ᠶᠠᠮᠤᠨ ᠤ | ᠤᠳᠤᠷᠢᠳᠤᠯᠭ᠎ᠠ ᠲᠠᠢ ᠪᠠᠷ ︽ᠬᠡᠰᠡᠷ︾ ᠤᠯᠠᠮᠵᠢᠯᠠᠭᠳᠠᠵᠤ ᠪᠦᠬᠦᠢ ᠲᠦᠪᠡᠳ᠂ ᠦᠪᠦᠷ ᠮᠤᠩᠭᠤᠯ᠂ ᠬᠦᠬᠡᠨᠠᠭᠤᠷ᠂ | ᠰᠧᠴᠤᠸᠠᠨ᠂ ᠭᠠᠨᠰᠤ᠂ ᠰᠢᠨᠵᠢᠶᠠᠩ᠂ ᠯᠢᠶᠤᠤᠨᠢᠩ ᠵᠡᠷᠬᠡ ᠳᠤᠯᠤᠭᠠᠨ ᠮᠤᠵᠢ ᠪᠤᠶᠤ ᠦᠪᠡᠷᠳᠡᠬᠡᠨ ᠵᠠᠰᠠᠬᠤ ᠤᠷᠤᠨ ᠤ | ᠬᠠᠮᠵᠢᠯᠴᠠᠭ᠎ᠠ ᠲᠠᠢ ᠪᠠᠷ ︽ᠪᠦᠬᠦ ᠤᠯᠤᠰ ᠤᠨ ︿ᠬᠡᠰᠡᠷ﹀ ᠤᠨ ᠠᠵᠢᠯ ᠤᠨ ᠳᠤᠭᠤᠢᠢᠯᠠᠩ ᠢ ᠵᠤᠬᠢᠶᠠᠨ ᠪᠠᠶᠢᠭᠤᠯᠵᠤ᠂ | ᠪᠠᠰᠠ ᠳᠤᠮᠳᠠᠳᠤ ᠤᠯᠤᠰ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠦᠨᠳᠦᠰᠦᠳᠡᠨ ᠤ ᠤᠳᠬ᠎ᠠ | ᠵᠤᠬᠢᠶᠠᠯ ᠰᠤᠳᠤᠯᠬᠤ ᠬᠦᠷᠢᠶᠡᠯᠡᠩ ᠳᠤ ︽ᠪᠦᠬᠦ ᠤᠯᠤᠰ ᠤᠨ ︿ᠬᠡᠰᠡᠷ﹀ ᠤᠨ ᠠᠵᠢᠯ ᠤᠨ ᠤᠳᠤᠷᠢᠳᠬᠤ | ᠳᠤᠭᠤᠢᠢᠯᠠᠩ ᠤᠨ ᠠᠯᠪᠠᠨ ᠬᠡᠷ︾ ᠢ ᠪᠠᠶᠢᠭᠤᠯᠤᠭᠠᠳ᠂ ᠪᠦᠬᠦ ᠤᠯᠤᠰ ᠤᠨ ︽ᠬᠡᠰᠡᠷ︾ ᠤᠨ ᠠᠵᠢᠯ ᠨᠢ ᠡᠷᠳᠡᠮ | ᠰᠢᠨᠵᠢᠯᠡᠬᠡᠨ ᠤ ᠡᠰᠨᠢᠯᠳᠤ ᠬᠠᠪᠤᠷ ᠢᠶᠠᠨ ᠤᠭᠳᠤᠵᠤ᠂ ᠳᠡᠬᠦᠨ ᠠᠴᠠ ᠨᠠᠰᠢ ᠮᠠᠨ ᠤ ᠤᠯᠤᠰ ᠤᠨ ᠳᠤᠯᠤᠳᠤᠭᠠᠷ᠂ | ᠨᠠᠢᠮᠠᠳᠤᠭᠠᠷ᠂ ᠶᠢᠰᠦᠳᠦᠬᠡᠷ ᠳᠠᠪᠤᠨ ᠵᠢᠯ ᠤᠨ ᠲᠦᠯᠦᠪᠵᠢᠬᠦᠯᠬᠡ ᠶᠢᠨ ᠬᠤᠭᠤᠴᠠᠭᠠᠨ ᠳᠤ ᠤᠯᠤᠰ ᠤᠨ ᠳᠡᠰ ᠤᠨ | ᠡᠷᠳᠡᠮ ᠰᠢᠨᠵᠢᠯᠡᠬᠡᠨ ᠤ ᠭᠤᠤᠯᠳᠠᠯᠭᠠᠳᠤ ᠲᠦᠰᠦᠯ ᠳᠤ ᠪᠠᠭᠳᠠᠭᠰᠠᠨ ᠪᠦᠬᠡᠳ ᠬᠤᠵᠢᠮ ᠨᠢ ᠤᠯᠤᠰ ᠤᠨ ᠬᠦᠨ | ᠤᠬᠠᠭᠠᠨ ᠨᠡᠶᠢᠬᠡᠮ ᠤᠨ ᠰᠢᠨᠵᠢᠯᠡᠬᠦ ᠤᠬᠠᠭᠠᠨ ᠤ ᠰᠠᠭᠤᠷᠢ ᠮᠦᠩᠬᠦ ᠶᠢᠨ ᠳᠡᠳᠬᠦᠮᠵᠢᠳᠤ ᠡᠷᠳᠡᠮ ᠰᠢᠨᠵᠢᠯᠡᠬᠡᠨ ᠤ | ᠴᠢᠬᠤᠯᠠ ᠶᠡᠭᠡ ᠲᠦᠰᠦᠯ ᠳᠤ ᠤᠷᠤᠭᠰᠠᠨ ᠪᠠᠶᠢᠨ᠎ᠠ᠃ 20 ᠳ᠋ᠤᠭᠠᠷ ᠵᠠᠭᠤᠨ ᠤ ᠶᠡᠷᠡᠬᠡᠳ ᠤᠨ ᠠᠴᠠ ᠨᠠᠰᠢ᠂ ᠨᠠᠮ | ᠲᠦᠷᠦ ᠶᠢᠨ ᠤᠳᠤᠷᠢᠳᠬᠤ ᠬᠦᠮᠦᠰ ᠠᠴᠠ ︽ᠬᠡᠰᠡᠷ︾ ᠤᠨ ᠠᠵᠢᠯ ᠢ ᠬᠠᠯᠠᠮᠵᠢᠯᠠᠵᠤ᠂ ᠠᠯᠢ ᠤᠯᠠᠨ ᠠᠷᠭ᠎ᠠ | ᠬᠡᠮᠵᠢᠶ᠎ᠠ ᠳᠤᠨᠢ ᠳᠤᠰᠠ ᠳᠡᠮᠵᠢᠯᠬᠡ ᠦᠵᠡᠬᠦᠯᠵᠦ᠂ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢ᠂ | ᠤᠨᠴᠠᠭᠠᠢᠢᠯᠠᠨ 2014 ᠤᠨ ᠳᠤ ᠪᠤᠯᠤᠭᠰᠠᠨ ᠲᠦᠪ ᠤᠨ ᠦᠨᠳᠦᠰᠦᠳᠡᠨ ᠤ ᠠᠵᠢᠯ ᠤᠨ ᠬᠤᠷᠠᠯ ᠪᠠ ᠤᠳᠬ᠎ᠠ | ᠤᠷᠠᠯᠢᠭ ᠤᠨ ᠠᠵᠢᠯᠳᠠᠳ ᠤᠨ ᠰᠠᠭᠤᠳᠠᠯ ᠤᠨ ᠬᠤᠷᠠᠯ ᠳᠡᠬᠡᠷ᠎ᠡ ᠰᠢ ᠶᠢᠨ ᠫᠢᠩ ᠶᠡᠷᠦᠩᠬᠡᠢ ᠱᠦᠵᠢ ᠶᠢᠨ ︽ᠬᠡᠰᠡᠷ︾ | ᠤᠨ ᠤᠯᠤᠰ ᠲᠦᠷᠦ ᠶᠢᠨ ᠳᠠᠯ᠎ᠠ ᠪᠠᠷ ᠬᠢ ᠤᠳᠬ᠎ᠠ ᠴᠢᠨᠠᠷ ᠵᠢᠴᠢ ᠰᠤᠶᠤᠯ ᠪᠠ ᠡᠷᠳᠡᠮ ᠰᠢᠨᠵᠢᠯᠡᠬᠡᠨ ᠤ ᠦᠨ᠎ᠡ | ᠦᠷᠳᠡᠭ ᠢ ᠬᠤᠶᠠᠷ ᠤᠳᠠᠭ᠎ᠠ ᠴᠢᠬᠤᠯᠠᠴᠢᠯᠠᠨ ᠦᠨᠡᠯᠡᠭᠰᠡᠨ ᠠᠴᠠ ᠰᠡᠬᠦᠯᠡᠷ ᠠᠭᠤᠤ ᠳᠤᠤᠯᠢ ︽ᠬᠡᠰᠡᠷ︾ ᠨᠢ ᠨᠡᠶᠢᠬᠡᠮ | ᠨᠡᠶᠢᠳᠡ ᠶᠢᠨ ᠠᠩᠬᠠᠷᠤᠯ ᠢ ᠨᠡᠩ ᠳᠠᠳᠠᠬᠤ ᠪᠤᠯᠵᠠᠢ᠃ | ︽ᠬᠡᠰᠡᠷ︾ ᠤᠨ ᠰᠤᠳᠤᠯᠭᠠᠨ ᠤ ᠪᠠᠶᠢᠳᠠᠯ | ᠰᠡᠴᠡᠨᠮᠦ᠋ᠩᠬᠡ᠄ ︵ᠪᠦᠬᠦ ᠤᠯᠤᠰ ᠤᠨ ︽ᠬᠡᠰᠡᠷ︾ ᠤᠨ ᠠᠵᠢᠯ ᠤᠨ ᠤᠳᠤᠷᠢᠳᠬᠤ ᠲᠤᠭᠤᠶᠢᠯᠠᠩ ᠤᠨ | ᠨᠠᠷᠢᠨ ᠪᠢᠴᠢᠭ ᠤᠨ ᠳᠠᠷᠤᠭ᠎ᠠ ᠳ᠋ᠤᠺᠲ᠋ᠤᠷ᠂ ᠫᠷᠦᠹᠧᠰᠰᠤᠷ︶ ᠮᠤᠩᠭᠤᠯ ᠲᠥᠪᠡᠳ ᠤᠨ ᠭᠡᠰᠡᠷ ᠤᠨ ᠰᠤᠳᠤᠯᠭᠠᠨ | ᠡᠬᠢᠯᠡᠭᠡᠳ ᠬᠤᠶᠠᠷ ᠵᠠᠭᠤ ᠭᠠᠷᠤᠢ ᠵᠢᠯ ᠪᠤᠯᠵᠤ ᠪᠠᠶᠢᠨ᠎ᠠ᠃ ᠥᠷᠦᠨᠠᠳᠠᠬᠢᠨ ᠳᠤ ᠤᠷᠤᠰ ᠠᠴᠠ ᠡᠬᠢᠯᠡᠵᠦ᠂ ᠭᠧᠷᠮᠠᠨ᠂ | ᠠᠩᠭ᠍ᠯᠢ ᠬᠡᠮᠡᠨ ᠲᠦᠬᠡᠬᠡᠭᠳᠡᠵᠡᠢ᠃ ᠪᠡᠭᠡᠵᠢᠩ ᠳᠤ ᠭᠤᠷᠪᠠᠨ ᠵᠠᠭᠤᠨ ᠵᠢᠯ ᠤᠨ ᠡᠮᠦᠨ᠎ᠡ ᠠᠩᠬ᠎ᠠ ᠪᠠᠷᠯᠠᠭᠰᠠᠨ ᠭᠡᠰᠡᠷ ᠤᠨ | ᠲᠤᠭᠤᠵᠢ ᠪᠤᠯ ᠳᠡᠯᠡᠬᠡᠢ ᠳ᠋ᠡᠬᠢᠨ ᠳᠤ ᠮᠠᠰᠢ ᠶᠡᠭᠡ ᠨᠥᠯᠦᠭᠡ ᠦᠵᠡᠭᠦᠯᠦᠭᠰᠡᠨ ᠶᠤᠮ᠃ ᠤᠯᠤᠰ ᠤᠨ ᠭᠠᠳᠠᠭᠠᠳᠤ ᠶᠢᠨ | ᠰᠤᠳᠤᠯᠭᠠᠨ ᠪᠤᠯ ᠤᠤᠯ ᠨᠢ ᠪᠢᠳᠠᠨ ᠠᠴᠠ ᠳᠠᠪᠠᠵᠤ ᠪᠠᠶᠢᠵᠠᠢ᠂ ᠳᠡᠬᠡᠳᠤ ᠵᠠᠭᠤᠨ ᠤ ᠭᠤᠴᠢᠭᠠᠳ ᠤᠨ ᠠᠴᠠ | ᠵᠢᠷᠠᠭᠠᠳ ᠤᠨ ᠬᠦᠷᠲᠡᠯ᠎ᠡ ᠤᠯᠤᠰ ᠤᠨ ᠭᠠᠳᠠᠨᠠᠬᠢ ᠰᠤᠳᠤᠯᠭᠠᠨ ᠨᠡᠯᠢᠶᠡᠳ ᠪᠦᠳᠦᠬᠡᠯ ᠭᠠᠷᠭᠠᠭᠰᠠᠨ᠃ ᠳᠡᠬᠡᠳᠤ | ᠵᠠᠭᠤᠨ ᠤ ᠨᠠᠶᠠᠭᠠᠳ ᠤᠨ ᠠᠴᠠ ᠤᠳᠤ ᠪᠤᠯᠲᠠᠯ᠎ᠠ ᠭᠤᠴᠢ ᠭᠠᠷᠤᠢ ᠵᠢᠯ ᠪᠤᠯ ᠮᠠᠨ ᠤ ᠰᠤᠳᠤᠯᠭᠠᠨ ᠬᠦᠴᠦᠳᠡᠢ | ᠦᠷᠨᠢᠵᠦ᠂ ᠬᠤᠷᠠᠯ ᠴᠤᠭᠯᠠᠭᠠᠨ ᠬᠢᠬᠦ ᠪᠠᠷ ᠳᠠᠮᠵᠢᠨ ᠰᠤᠳᠤᠯᠭᠠᠨ ᠭᠦᠨᠵᠡᠭᠡᠶᠢᠷᠡᠵᠤ ᠪᠠᠶᠢᠨ᠎ᠠ᠃ ᠲᠥᠪᠡᠳ ᠭᠡᠰᠡᠷ ᠤᠨ | ᠰᠤᠳᠤᠯᠭᠠᠨ ᠳᠡᠬᠡᠳᠤ ᠵᠠᠭᠤᠨ ᠤ ᠲᠥᠴᠢᠭᠡᠳ ᠤᠨ ᠠᠴᠠ ᠡᠬᠢᠯᠡᠵᠡᠢ᠃ ᠭᠡᠰᠡᠷ ᠤᠨ ᠰᠤᠳᠤᠯᠭᠠᠨ ᠢ 30 ᠭᠠᠷᠤᠢ | ᠤᠯᠤᠰ ᠤᠷᠤᠨ ᠬᠢᠵᠦ ᠪᠠᠶᠢᠨ᠎ᠠ᠃ 2009 ᠤᠨ ᠳᠤ ᠮᠤᠩᠭᠤᠯ ᠲᠥᠪᠡᠳ ᠭᠡᠰᠡᠷ ᠳᠡᠯᠡᠬᠡᠢ ᠶᠢᠨ ᠪᠤᠳᠠᠰ ᠤᠨ ᠪᠤᠰᠤ | ᠰᠤᠶᠤᠯ ᠤᠨ ᠥᠪ ᠳᠤ ᠪᠦᠷᠢᠳᠬᠡᠬᠦᠯᠦᠭᠰᠡᠨ ᠠᠴᠠ ᠬᠡᠰᠡᠷ ᠤᠨ ᠰᠤᠳᠤᠯᠭᠠᠨ ᠰᠤᠶᠤᠯ ᠤᠨ ᠪᠦᠲᠦᠭᠡᠨ | ᠪᠠᠶᠢᠭᠤᠯᠤᠯᠲᠠ ᠳᠤ ᠮᠠᠰᠢ ᠶᠡᠭᠡ ᠦᠢᠯᠡᠳᠦᠯ ᠦᠵᠡᠭᠦᠯᠵᠤ ᠪᠠᠶᠢᠨ᠎ᠠ ᠬᠡᠯᠡ᠃ ᠮᠤᠩᠭᠤᠯ ᠲᠦᠪᠡᠳ ᠬᠡᠰᠡᠷ ᠤᠨ ᠳᠤᠬᠠᠢ | ᠳᠡᠯᠡᠬᠡᠢ ᠶᠢᠨ ᠰᠤᠳᠤᠯᠤᠯ ᠳᠤ 600 ᠢᠯᠡᠭᠦᠤ ᠦᠭᠦᠯᠡᠯ᠂ 20 ᠰᠢᠬᠠᠮ ᠰᠤᠳᠤᠯᠭᠠᠨ ᠤ ᠪᠦᠲᠦᠭᠡᠯ ᠭᠠᠷᠤᠭᠠᠳ | ᠪᠠᠶᠢᠨ᠎ᠠ᠃ | ᠬᠡᠰᠡᠷ ᠤᠨ ᠢᠷᠡᠯ ᠭᠠᠷᠤᠯ ᠤᠨ ᠳᠤᠬᠠᠢ ᠠᠰᠠᠭᠤᠳᠠᠯ ᠳᠤ ᠮᠠᠷᠭᠤᠭᠠᠨ ᠲᠠᠢ᠂ ᠮᠠᠷᠭᠤᠭᠠᠨ ᠤ ᠭᠤᠤᠯ | ᠴᠢᠭᠯᠡᠯ ᠨᠢ ᠪᠤᠯ ᠭᠡᠰᠡᠷ ᠨᠢ ᠮᠤᠩᠭᠤᠯ ᠠᠴᠠ ᠭᠠᠷᠤᠯ ᠲᠠᠢ ᠲᠥᠪᠡᠳ ᠲᠤ ᠳᠡᠯᠭᠡᠷᠡᠵᠤ᠂ ᠲᠥᠪᠡᠳ ᠠᠴᠠ ᠭᠠᠷᠤᠯ ᠲᠠᠢ | ᠮᠤᠩᠭᠤᠯ ᠳᠤ ᠳᠡᠯᠭᠡᠷᠡᠵᠤ ᠬᠡᠵᠦ ᠪᠤᠢ᠃ ᠬᠡᠰᠡᠷ ᠪᠤᠯ ᠪᠢᠴᠢᠭ ᠠᠴᠠ ᠭᠠᠷᠤᠯ ᠲᠠᠢ ᠠᠮᠠᠨ ᠤᠯᠠᠮᠵᠢᠯᠠᠯ ᠢᠶᠠᠷ ᠳᠡᠯᠭᠡᠷᠡᠵᠡᠢ | ᠃ ᠭᠡᠰᠡᠷ ᠪᠤᠯ ᠠᠮᠠᠨ ᠤᠯᠠᠮᠵᠢᠯᠠᠯ ᠠᠴᠠ ᠭᠠᠷᠤᠯ ᠲᠠᠢ ᠪᠢᠴᠢᠭ ᠲᠤ ᠰᠢᠯᠵᠢᠵᠠᠢ ᠭᠡᠬᠦ ᠮᠡᠲᠤ ᠶᠢᠨ ᠮᠠᠷᠭᠤᠭᠠᠨ ᠤᠳ | ᠡᠭᠦᠰᠴᠤ ᠪᠠᠶᠢᠳᠠᠭ᠃ ᠬᠡᠰᠡᠷ ᠤᠨ ᠢᠷᠡᠯ ᠭᠠᠷᠤᠯ ᠤᠨ ᠠᠰᠠᠭᠤᠳᠠᠯ ᠢ ᠰᠢᠢᠳᠪᠦᠷᠢᠯᠡᠬᠦ ᠨᠢ ᠴᠢᠬᠤᠯᠠ᠂ ᠡᠨᠡᠬᠦ | ᠠᠰᠠᠭᠤᠳᠠᠯ ᠢ ᠰᠢᠢᠳᠪᠦᠷᠢᠯᠡᠪᠡᠯ᠂ ᠴᠢᠨᠠᠭᠰᠢᠳᠠ ᠶᠢᠨ ᠰᠤᠳᠤᠯᠭᠠᠨ ᠰᠢᠯᠤᠭᠤᠬᠠᠨ ᠪᠤᠯᠤᠨ᠎ᠠ᠃ ᠬᠡᠪᠡᠴᠦ ᠡᠨᠡ | ᠠᠰᠠᠭᠤᠳᠠᠯ ᠢ ᠬᠦᠨᠳᠡᠵᠦ ᠪᠠᠶᠢᠭ᠎ᠠ ᠰᠤᠳᠤᠯᠭᠠᠳᠠᠳ ᠮᠠᠰᠢ ᠴᠦᠬᠡᠨ᠂ ᠤᠳᠤ ᠭᠤᠤᠯᠳᠠᠭᠤ ᠰᠤᠶᠤᠯ ᠠᠴᠠ ᠨᠢ | ᠰᠤᠳᠤᠯᠬᠤ ᠶᠤᠮ ᠤᠤ ᠵᠠᠩ ᠵᠠᠩᠰᠢᠯ ᠠᠴᠠ ᠨᠢ ᠰᠤᠳᠤᠯᠭᠠᠨ ᠬᠢᠵᠦ ᠪᠠᠶᠢᠬᠤ ᠬᠦᠮᠦᠰ ᠤᠯᠠᠨ ᠪᠤᠢ᠃ ᠡᠨᠡ | ᠤᠳᠠᠭ᠎ᠠ ᠶᠢᠨ ᠬᠤᠷᠠᠯ ᠳᠤ ᠪᠢ ︽ᠮᠤᠩᠭᠤᠯ ᠬᠡᠰᠡᠷ ᠤᠨ ᠭᠠᠷᠤᠯ ᠡᠬᠦᠰᠦᠯ ᠤᠨ ᠠᠰᠠᠭᠤᠳᠠᠯ︾ ᠬᠡᠬᠦ ᠦᠬᠦᠯᠡᠯ | ᠳᠡᠪᠰᠢᠬᠦᠯᠵᠦ᠂ ᠬᠡᠰᠡᠷ ᠤᠨ ᠳᠤᠬᠠᠢ ᠤᠯᠠᠨ ᠴᠤᠭᠯᠠᠭᠤᠯᠤᠭᠰᠠᠨ ᠮᠠᠲ᠋ᠧᠷᠢᠶᠠᠯ ᠢ ᠤᠯᠠᠨ ᠳᠠᠯ᠎ᠠ ᠠᠴᠠ ᠮᠦᠷᠳᠡᠨ | ᠮᠦᠰᠬᠢᠵᠦ᠂ ᠮᠤᠩᠭᠤᠯ ᠭᠡᠰᠡᠷ ᠪᠤᠯ ᠠᠩᠬᠠᠨ ᠳᠠᠭᠠᠨ ᠪᠢᠴᠢᠭ ᠤᠨ ᠭᠠᠷᠤᠯᠳᠠᠢ ᠵᠤᠬᠢᠶᠠᠯ ᠮᠦᠨ᠃ ᠲᠡᠷᠡ ᠮᠦᠷᠲᠡᠭᠡᠨ | ᠮᠤᠩᠭᠤᠯ ᠭᠡᠰᠡᠷ ᠤᠨ ᠲᠤᠤᠯᠢ ᠶᠢ ᠠᠩᠬ᠎ᠠ ᠨᠠᠶᠢᠷᠠᠭᠤᠯᠤᠨ ᠵᠤᠬᠢᠶᠠᠭᠰᠠᠨ ᠨᠢ ᠰᠢᠷ᠎ᠠ ᠶᠢᠨ ᠱᠠᠰᠢᠨ ᠤ ᠽᠦᠡᠭᠺᠠᠸᠠ | ᠪᠠᠭᠰᠢ ᠮᠦᠨ᠃ ᠠᠩᠬ᠎ᠠ ᠲᠦᠪᠡᠳ ᠬᠡᠯᠡ ᠪᠠᠷ ᠪᠢᠴᠢᠵᠦ᠂ ᠬᠤᠵᠢᠮ ᠨᠢ ᠮᠤᠩᠭᠤᠯ ᠬᠡᠯᠡᠨ ᠳᠤ ᠤᠷᠴᠢᠭᠤᠯᠤᠭᠰᠠᠨ | ᠭᠡᠬᠦ ᠰᠢᠨ᠎ᠠ ᠦᠵᠡᠯᠳᠡ ᠳᠡᠪᠰᠢᠬᠦᠯᠵᠦ᠂ ᠰᠤᠳᠤᠯᠭᠠᠨ ᠤ ᠪᠦᠲᠦᠭᠡᠯ᠂ ᠰᠤᠷᠪᠤᠯᠵᠢ ᠪᠢᠴᠢᠭ᠂ ᠨᠡᠶᠢᠭᠡᠮ ᠤᠨ | ᠪᠠᠶᠢᠭᠤᠯᠤᠮᠵᠢ ᠵᠡᠷᠬᠡ ᠤᠯᠠᠨ ᠲᠠᠯ᠎ᠠ ᠶᠢᠨ ᠬᠠᠷᠠᠭᠠᠰᠤ ᠠᠴᠠ ᠡᠨᠡᠬᠦ ᠦᠵᠡᠯᠳᠡ ᠪᠠᠨ ᠨᠤᠲᠠᠯᠠᠵᠠᠢ᠃ | ᠦ᠊ · ᠨᠠᠴᠢᠨ᠄ ︵ᠪᠦᠬᠦ ᠤᠯᠤᠰ ᠤᠨ ︽ᠬᠡᠰᠡᠷ︾ ᠤᠨ ᠠᠵᠢᠯ ᠤᠨ ᠤᠳᠤᠷᠢᠳᠬᠤ ᠲᠤᠭᠤᠶᠢᠯᠠᠩ ᠤᠨ ᠠᠯᠪᠠᠨ | ᠬᠡᠷ ᠤᠨ ᠳᠡᠳ᠋ ᠡᠷᠬᠢᠯᠡᠭᠴᠢ︶ ᠬᠡᠰᠡᠷ ᠤᠨ ᠰᠤᠳᠤᠯᠭᠠᠨ ᠨᠢ ᠶᠠᠭ ᠦᠨᠡᠨᠳᠡᠬᠡᠨ ᠡᠬᠢᠯᠡᠯᠲᠡ ᠶᠢᠨ ᠱᠠᠲᠤᠨ ᠳᠠᠭᠠᠨ | ᠪᠠᠶᠢᠨ᠎ᠠ ᠬᠡᠵᠦ ᠬᠡᠯᠡᠵᠦ ᠪᠤᠯᠤᠮᠠᠷ ᠶᠤᠮ᠃ ᠤᠳᠤᠬᠢ ᠮᠠᠨ ᠤ ᠤᠯᠤᠰ ᠤᠨ ᠡᠯ᠎ᠠ ᠭᠠᠵᠠᠷ ᠤᠨ ᠬᠢᠨ ᠬᠡᠰᠡᠷ ᠤᠨ ᠳᠤᠬᠠᠢ | ᠪᠤᠷᠤ ᠮᠠᠲ᠋ᠧᠷᠢᠶᠠᠯ ᠢ ᠡᠮᠬᠢᠳᠬᠡᠨ ᠴᠤᠭᠯᠠᠭᠤᠯᠬᠤ ᠠᠵᠢᠯ ᠨᠡᠯᠢᠶᠡᠳ ᠡᠷᠴᠢᠮ ᠲᠠᠢ ᠶᠠᠪᠤᠭᠳᠠᠵᠤ᠂ ᠠᠪᠤᠷᠠᠨ ᠬᠠᠮᠠᠭᠠᠯᠬᠤ | ᠠᠵᠢᠯ ᠨᠢ ᠬᠡᠳᠦᠨ ᠦᠶ᠎ᠡ ᠶᠢᠨ ᠬᠦᠮᠦᠰ ᠤᠨ ᠴᠢᠷᠮᠠᠶᠢᠯᠠᠭ᠎ᠠ ᠴᠤᠭᠯᠠᠭᠤᠯᠭ᠎ᠠ ᠪᠠᠷ ᠳᠠᠮᠵᠢᠨ ᠠᠩᠬ᠎ᠠ ᠠᠯᠬᠤᠮ ᠤᠨ | ᠦᠷ᠎ᠠ ᠪᠦᠳᠦᠬᠡᠯ ᠤᠯᠤᠭᠰᠠᠨ ᠪᠠᠶᠢᠨ᠎ᠠ᠃ ᠤᠯᠠᠨ ᠶᠠᠭᠤᠮ᠎ᠠ ᠪᠠᠨ ᠴᠤᠭᠯᠠᠭᠤᠯᠴᠢᠬᠠᠯᠠ ᠬᠦᠨᠵᠡᠬᠡᠶᠢᠷᠡᠬᠦᠯᠦᠨ | ᠰᠤᠳᠤᠯᠬᠤ ᠠᠵᠢᠯ ᠬᠡᠭᠴᠢ ᠦᠵᠦᠭᠦᠷ ᠬᠢᠵᠠᠭᠠᠷ ᠦᠭᠡᠢ ᠤᠯᠠᠨ᠃ ᠪᠢᠳᠡ ᠡᠬᠦᠨ ᠢ ᠪᠠᠨ ᠰᠢᠰᠲ᠋ᠧᠮ ᠲᠠᠢ ᠰᠤᠳᠤᠯᠬᠤ | ᠴᠢᠬᠤᠯᠠ ᠲᠠᠢ᠃ ᠬᠡᠰᠡᠷ ᠤᠨ ᠳᠤᠬᠠᠢ ᠬᠢᠭᠳᠡᠭᠡ ᠦᠬᠡᠢ ᠠᠵᠢᠯ ᠤᠯᠠᠨ ᠪᠠᠶᠢᠨ᠎ᠠ᠃ ᠵᠢᠱᠢᠶᠡᠯᠡᠪᠡᠯ᠂ ᠪᠢᠳᠡ ᠮᠤᠩᠭᠤᠯ | ︽ᠬᠡᠰᠡᠷ︾ ᠢᠶᠠᠨ ᠪᠤᠰᠤᠳ ᠭᠠᠵᠠᠷ ᠤᠷᠤᠨ ᠳᠤ ᠤᠯᠠᠮᠵᠢᠯᠠᠭᠳᠠᠵᠤ ᠪᠠᠶᠢᠬᠤ ᠬᠦᠬᠡᠨᠠᠭᠤᠷ ︽ᠬᠡᠰᠡᠷ︾᠂ ᠤᠢᠢᠷᠠᠳ | ︽ᠬᠡᠰᠡᠷ︾᠂ ᠬᠠᠯᠢᠮᠠᠭ ︽ᠬᠡᠰᠡᠷ︾᠂ ᠲᠤᠸᠠ ︽ᠬᠡᠰᠡᠷ︾ ᠬᠡᠬᠦ ᠮᠠᠳᠤ ᠶᠢᠨ ᠤᠯᠠᠨ ᠵᠦᠢᠯ ᠤᠨ ︽ᠬᠡᠰᠡᠷ︾ ᠲᠠᠢ | ᠬᠠᠷᠢᠴᠠᠭᠤᠯᠤᠨ ᠰᠤᠳᠤᠯᠬᠤ᠂ ᠭᠠᠳᠠᠭᠠᠳᠤ ᠳᠤ ᠤᠯᠠᠮᠵᠢᠯᠠᠭᠳᠠᠵᠤ ᠪᠠᠶᠢᠭ᠎ᠠ ᠮᠤᠩᠭᠤᠯ ︽ᠬᠡᠰᠡᠷ︾ ᠢᠶᠠᠨ ᠪᠦᠬᠦᠯᠢ | ᠴᠤᠭᠴᠠ ᠠᠴᠠ ᠨᠢ ᠰᠤᠳᠤᠯᠬᠤ᠂ ᠤᠳᠤᠬᠢ ︽ᠬᠡᠰᠡᠷ︾ ᠤᠨ ᠳᠤᠬᠠᠢ ᠤᠯᠠᠨ ᠨᠤᠮ ᠳᠡᠪᠳᠡᠷ ᠬᠡᠪᠯᠡᠭᠳᠡᠭᠰᠡᠨ ᠪᠤᠯᠪᠠᠴᠤ | ᠡᠮᠬᠢᠳᠬᠡᠨ ᠴᠤᠭᠯᠠᠭᠤᠯᠤᠭᠰᠠᠨ ᠮᠠᠲ᠋ᠧᠷᠢᠶᠠᠯ ᠢᠶᠠᠨ ᠬᠡᠪᠯᠡᠬᠦᠯᠦᠭᠰᠡᠨ ᠨᠢ ᠤᠯᠠᠨ ᠪᠠᠶᠢᠬᠤ ᠠᠴᠠ ᠪᠢᠰᠢ᠂ ᠬᠦᠨᠵᠡᠬᠡᠢ | ᠰᠤᠳᠤᠯᠭᠠᠨ ᠤ ᠦᠷ᠎ᠠ ᠪᠦᠳᠦᠬᠡᠯ ᠴᠦᠬᠡᠨ ᠬᠡᠵᠦ ᠦᠵᠡᠯᠳᠡ ᠪᠠᠨ ᠳᠡᠯᠬᠡᠨ᠎ᠡ᠃ | ᠳᠡᠷᠡ᠂ ᠪᠢ ᠥᠪᠡᠷ ᠢᠶᠠᠨ ᠪᠠᠭᠠᠷᠢᠨ ︽ᠭᠡᠰᠡᠷ ︾ ᠤᠨ ᠳᠠᠯ᠎ᠠ ᠪᠠᠷ ᠰᠤᠳᠤᠯᠭᠠᠨ ᠬᠢᠵᠦ ᠪᠠᠶᠢᠨ᠎ᠠ᠂ ︽ᠭᠡᠰᠡᠷ︾ | ᠪᠤᠯ ᠤᠯᠠᠨ ᠤᠯᠤᠰ ᠤᠨ ᠴᠢᠨᠠᠷᠲᠠᠢ᠂ ᠤᠯᠠᠨ ᠦᠨᠳᠦᠰᠦᠲᠡᠨ ᠤ ᠰᠢᠨᠵᠢᠳᠡᠢ ᠰᠤᠳᠤᠯᠭᠠᠨ᠂ ᠪᠢ ᠤᠤᠭᠠᠯ | ᠰᠤᠶᠤᠯ ᠤᠨ ᠲᠠᠯ᠎ᠠ ᠠᠴᠠ ᠰᠤᠳᠤᠯᠵᠤ ᠪᠠᠶᠢᠨ᠎ᠠ᠃ ︽ᠬᠡᠰᠡᠷ︾ ᠢ ᠬᠦᠮᠦᠰ ᠪᠠᠷ ᠬᠡᠪᠯᠡᠯ᠂ ᠤᠳᠬ᠎ᠠ ᠵᠤᠬᠢᠶᠠᠯ᠂ ᠬᠡᠯᠡ | ᠠᠶᠠᠯᠭᠤ᠂ ᠱᠠᠰᠢᠨ ᠰᠤᠷᠳᠠᠬᠤᠨ ᠵᠡᠷᠬᠡ ᠤᠯᠠᠨ ᠳᠠᠯ᠎ᠠ ᠠᠴᠠ ᠬᠦᠨᠳᠡᠵᠦ ᠤᠷᠤᠯᠳᠤᠵᠤ ᠪᠠᠶᠢᠨ᠎ᠠ᠃ ᠪᠢ ︽ᠭᠡᠰᠡᠷ︾ | ᠢ ᠤᠤᠭᠠᠯ ᠰᠤᠶᠤᠯ ᠤᠨ ᠲᠠᠯ᠎ᠠ ᠠᠴᠠ ᠨᠢ᠂ ᠨᠢᠬᠡ ᠠᠶᠢᠯ᠂ ᠨᠢᠭᠡ ᠬᠤᠰᠢᠭᠤ ᠠᠴᠠ ᠡᠬᠢᠯᠡᠭᠡᠳ ᠴᠢᠨᠠᠭᠰᠢ ᠨᠢᠭᠡ | ᠦᠨᠳᠦᠰᠦᠲᠡᠨ ᠤ ᠬᠢ ᠲᠡᠰᠢ ᠰᠤᠳᠤᠯᠵᠤ ᠪᠠᠶᠢᠨ᠎ᠠ᠃ | ᠭᠡᠰᠡᠷ ᠰᠤᠳᠤᠯᠭᠠᠨ ᠤ ᠠᠬᠤᠶᠢᠴᠢ ᠠᠴᠢ ᠬᠤᠯᠪᠤᠭᠳᠠᠯ | ᠰᠡᠴᠡᠨᠮᠦ᠋ᠩᠬᠡ᠄ ᠳᠡᠯᠡᠬᠡᠢ ᠶᠢᠨ ᠲᠤᠤᠯᠢ ᠭᠡᠴᠢᠨᠡᠨ ᠤᠯᠠᠨ ᠪᠠᠶᠢᠭᠰᠠᠨ ᠴᠤ ᠨᠢᠬᠡ ᠨᠢᠬᠡ ᠪᠠᠨ ᠡᠵᠡᠯᠡᠬᠦ | ᠳᠤᠤᠯᠢ ᠪᠤᠯᠤᠨ᠎ᠠ᠂ ᠭᠤᠤᠯᠳᠠᠭᠤ ᠥᠰᠢᠶ᠎ᠡ ᠠᠪᠬᠤ᠂ ᠡᠬᠡᠨᠠᠷ ᠪᠤᠯᠢᠶᠠᠯᠴᠠᠬᠤ᠂ ᠳᠥᠷᠪᠡᠨ ᠵᠦᠭ ᠤᠨ ᠠᠨᠳᠠ | ᠪᠤᠯᠤᠯᠴᠠᠬᠤ ᠳᠥᠷᠪᠡᠨ ᠲᠠᠯ᠎ᠠ ᠶᠢᠨ ᠠᠭᠤᠯᠭ᠎ᠠ ᠭᠤᠤᠯ ᠪᠤᠯᠵᠤ ᠪᠠᠶᠢᠳᠠᠭ᠃ ︽ᠭᠡᠰᠡᠷ︾ ᠤᠨ ᠭᠤᠤᠯ ᠦᠵᠡᠯ | ᠰᠠᠨᠠᠭ᠎ᠠ ᠨᠢ ᠪᠦᠯᠬᠦᠮᠳᠡᠯ ᠢ ᠡᠷᠬᠢᠮᠯᠡᠭᠰᠡᠨ ᠪᠠᠶᠢᠨ᠎ᠠ᠃ ᠶᠢᠷᠳᠢᠨᠴᠤ ᠶᠢᠨ ᠴᠠᠭ ᠰᠠᠮᠠᠭᠤᠨ ᠪᠤᠯᠬᠤ ᠳᠤ ᠭᠡᠰᠡᠷ ᠬᠠᠭᠠᠨ | ᠬᠤᠷᠮᠤᠰᠲᠠ ᠬᠦᠤ ᠪᠠᠨ ᠶᠠᠪᠤᠭᠤᠯᠵᠤ ᠠᠷᠠᠳ ᠢᠷᠭᠡᠳ ᠢ ᠠᠪᠤᠷᠠᠨ ᠬᠤᠤᠷᠲᠠᠨ ᠳᠠᠶᠢᠰᠤᠨ ᠢ ᠳᠠᠷᠤᠭᠤᠯᠳᠠᠭ᠃ ᠭᠡᠰᠡᠷ | ᠬᠠᠭᠠᠨ ᠬᠥᠮᠦᠨ ᠤ ᠶᠢᠷᠲᠢᠨᠴᠤ ᠳᠤ ᠪᠠᠭᠤᠭᠰᠠᠨ ᠤ ᠳᠠᠷᠠᠭ᠎ᠠ ᠪᠤᠯ ᠬᠤᠤᠷᠲᠠᠨ ᠳᠠᠶᠢᠰᠤᠨ ᠢ ᠲᠠᠷᠤᠵᠤ ᠤᠯᠤᠰ | ᠠᠷᠠᠳ ᠢ ᠠᠮᠤᠭᠤᠯᠠᠩ ᠠᠮᠢᠳᠤᠷᠠᠭᠤᠯᠵᠤ᠂ ᠡᠷᠲᠡᠨ ᠤ ᠤᠪᠤᠭ ᠠᠶᠢᠮᠠᠭ᠂ ᠦᠨᠳᠦᠰᠦᠲᠡᠨ ᠤ ᠬᠠᠮᠲᠤᠪᠠᠷ ᠡᠶ᠎ᠡ | ᠨᠠᠶᠢᠷᠠᠮᠳᠠᠭᠤ ᠤᠷᠤᠰᠢᠨ᠂ ᠤᠯᠤᠰ ᠤᠷᠤᠨ ᠨᠤᠲᠤᠭ ᠤᠰᠤ ᠪᠠᠨ ᠪᠦᠲᠦᠭᠡᠨ ᠪᠠᠶᠢᠭᠤᠯᠬᠤ ᠵᠤᠷᠢᠯᠭ᠎ᠠ ᠲᠠᠢ᠃ | ᠢᠩᠬᠢᠬᠦᠯᠡᠷ ᠡᠨᠡᠬᠦ ᠦᠵᠡᠯ ᠰᠠᠨᠠᠭ᠎ᠠ ᠨᠢ ᠠᠭᠤᠤ ᠶᠡᠭᠡ᠂ ᠪᠥᠯᠬᠦᠮᠳᠡᠯ ᠢ ᠡᠷᠬᠢᠮᠯᠡᠭᠰᠡᠨ ᠪᠠᠶᠢᠳᠠᠭ᠃ ᠥᠨᠥᠳᠦᠷ | ᠮᠤᠩᠭᠤᠯ ᠲᠥᠪᠡᠳ ᠤᠨ ᠬᠢᠯᠢ ᠬᠢᠵᠠᠭᠠᠷ ᠤᠷᠤᠨ ᠢ ᠪᠠᠬᠢᠵᠢᠭᠦᠯᠬᠦ ᠡᠯ᠎ᠡ ᠦᠨᠳᠦᠰᠦᠲᠡᠨ ᠤ ᠪᠥᠯᠬᠦᠮᠳᠡᠯ ᠢ ᠪᠠᠬᠢᠵᠢᠬᠦᠯᠬᠦ | ᠲᠠᠯ᠎ᠠ ᠪᠠᠷ ᠡᠷᠳᠡᠨ ᠲᠡᠭᠡᠨ ᠨᠥᠯᠦᠭᠡ ᠦᠵᠡᠭᠦᠯᠵᠤ ᠪᠠᠶᠢᠭᠰᠠᠨ ᠢᠶᠠᠷ ᠪᠠᠷᠠᠬᠤ ᠦᠭᠡᠢ ᠬᠤᠶᠢᠰᠢᠳᠠ ᠨᠥᠯᠦᠭᠡ | ᠦᠵᠡᠭᠦᠯᠬᠦ ᠠᠴᠢ ᠬᠤᠯᠪᠤᠭᠳᠠᠯ ᠲᠠᠢ᠃ | ᠳᠤᠷᠭᠠᠨ ᠵᠠᠮ ᠬᠢᠬᠡᠳ ᠬᠡᠰᠡᠷ ᠤᠨ ᠰᠤᠶᠤᠯ ᠤᠨ ᠰᠤᠯᠢᠯᠴᠠᠭ᠎ᠠ | ᠰᠡᠴᠡᠨᠮᠦ᠋ᠩᠬᠡ᠄ ᠶᠠᠭᠤᠮ᠎ᠠ ᠪᠤᠯᠭᠠᠨ ᠲᠤᠷᠭᠠᠨ ᠵᠠᠮ ᠲᠠᠢ ᠬᠤᠯᠪᠤᠨ ᠦᠵᠡᠵᠦ ᠪᠤᠯᠬᠤ ᠦᠬᠡᠢ᠃ ︽ᠭᠡᠰᠡᠷ︾ | ᠪᠤᠯ ᠳᠤᠷᠭᠠᠨ ᠵᠠᠮ ᠳᠠᠭᠠᠤ ᠦᠪᠦᠷ ᠮᠤᠩᠭᠤᠯ ᠠᠴᠠ ᠬᠠᠯᠢᠮᠠᠭ ᠲᠤ ᠬᠦᠷᠲᠡᠯ᠎ᠡ ᠲᠠᠷᠬᠠᠵᠤ᠂ ᠳᠤᠷᠭᠠᠨ ᠵᠠᠮ ᠳᠠᠭᠠᠤ | ᠤᠯᠤᠰ ᠤᠷᠤᠨ ᠢᠶᠠᠷ ᠳᠠᠷᠬᠠᠵᠠᠢ᠃ ᠢᠩᠬᠢᠬᠦᠯᠡᠷ ᠢᠶᠠᠨ ᠪᠢᠳᠡ ᠡᠨᠡ ᠤᠳᠠᠭ᠎ᠠ ᠲᠤᠷᠭᠠᠨ ᠵᠠᠮ ᠤᠨ ᠳᠠᠭᠠᠤ ᠠᠵᠤ | ᠠᠬᠤᠢ ᠪᠠ ᠰᠤᠶᠤᠯ ᠤᠨ ᠪᠥᠲᠦᠭᠡᠨ ᠪᠠᠶᠢᠭᠤᠯᠤᠯᠲᠠ ᠲᠠᠢ ᠬᠡᠷᠬᠢᠨ ᠬᠤᠯᠪᠤᠵᠤ ᠬᠢᠬᠦ ᠠᠰᠠᠭᠤᠳᠠᠯ ᠤᠨ ᠳᠤᠬᠠᠢ ᠪᠢᠳᠡ | ᠭᠠᠷᠳᠠᠨ ᠡᠬᠢᠯᠡᠵᠦ ᠬᠢᠵᠦ ᠪᠠᠶᠢᠨ᠎ᠠ᠃ ︽ᠬᠡᠰᠡᠷ︾ ᠨᠢ ᠳᠤᠷᠭᠠᠨ ᠵᠠᠮ ᠳᠠᠭᠠᠤ ᠤᠯᠠᠨ ᠤᠯᠤᠰ ᠦᠨᠳᠦᠰᠦᠳᠡᠨ ᠳᠤ | ᠳᠠᠷᠬᠠᠭᠰᠠᠨ ᠶᠤᠮ ᠴᠢᠨᠢ ᠶᠡᠭᠡ ᠠᠮᠵᠢᠯᠳᠠ ᠲᠠᠢ ᠶᠠᠪᠤᠭᠳᠠᠬᠤ ᠪᠠᠶᠢᠯᠬᠦᠢ ᠬᠡᠵᠦ ᠪᠤᠳᠤᠵᠤ ᠪᠠᠶᠢᠨ᠎ᠠ ᠬᠡᠯᠡ᠃ | ︽ᠬᠡᠰᠡᠷ︾ ᠤᠨ ᠮᠡᠳᠡᠭᠡ ᠵᠠᠩᠬᠢᠵᠢᠯᠳᠠ ᠶᠢᠨ ᠳᠠᠯ᠎ᠠ ᠪᠠᠷ ᠬᠢ ᠠᠵᠢᠯ | ᠰᠡᠴᠡᠨᠮᠦ᠋ᠩᠬᠡ᠄ ᠴᠠᠭ ᠦᠶ᠎ᠠ ᠶᠢᠨ ᠬᠦᠭᠵᠢᠯᠳᠡ ᠶᠢᠨ ᠠᠯᠬᠤᠭ᠎ᠠ ᠲᠠᠢ ᠮᠦᠷ ᠵᠡᠷᠬᠡᠴᠡᠬᠦᠯᠦᠨ ᠬᠦᠭᠵᠢᠬᠦᠯᠬᠦ ᠶᠢᠨ | ᠲᠦᠯᠦᠬᠡ ︽ᠬᠡᠰᠡᠷ︾ ᠰᠤᠳᠤᠯᠤᠭᠠᠴᠢ᠂ ᠠᠵᠢᠯᠳᠠᠨ ᠨᠠᠷ ᠪᠡᠬᠡᠵᠢᠩ᠂ ᠦᠪᠦᠷ ᠮᠤᠩᠭᠤᠯ ᠤᠨ ᠬᠢᠨ ᠬᠡᠰᠡᠷ ᠤᠨ | ᠰᠦᠯᠵᠢᠶ᠎ᠠ ᠭᠠᠷᠭᠠᠵᠤ᠂ ᠪᠠᠰᠠ ᠮᠠᠲ᠋ᠧᠷᠢᠶᠠᠯ ᠡᠷᠢᠬᠦ ᠳᠤ ᠲᠦᠬᠦᠮ ᠪᠤᠯᠭᠠᠬᠤ ᠳᠤ ᠵᠤᠷᠢᠭᠤᠯᠵᠤ ᠳ᠋ᠠᠶᠢᠲ᠋ᠠ ᠬᠦᠮᠦᠷᠬᠡ | ᠪᠠᠶᠢᠭᠤᠯᠵᠤ ᠪᠠᠶᠢᠭ᠎ᠠ ᠶᠤᠮ᠃ ᠡᠨᠡ ᠨᠢ ᠬᠡᠰᠡᠷ ᠤᠨ ᠳᠤᠬᠠᠢ ᠰᠤᠳᠤᠯᠭᠠᠨ ᠢ ᠳᠡᠯᠡᠬᠡᠢ ᠳᠤ ᠲᠦᠬᠡᠬᠡᠬᠦ᠂ ᠤᠯᠠᠨ ᠳᠤ | ᠤᠢᠢᠯᠠᠭᠠᠭᠤᠯᠬᠤ ᠶᠢᠨ ᠵᠡᠷᠬᠡᠪᠡᠷ ᠡᠷᠳᠡᠮ ᠰᠢᠨᠵᠢᠯᠡᠬᠡᠨ ᠤ ᠦᠷ᠎ᠡ ᠪᠦᠳᠦᠬᠡᠯ ᠢᠶᠠᠨ ᠬᠠᠮᠳᠤᠪᠡᠷ ᠬᠤᠪᠢᠶᠠᠯᠴᠠᠬᠤ ᠳᠤ | ᠲᠦᠬᠦᠮ ᠪᠦᠬᠡᠳ ᠠᠰᠢᠭᠯᠠᠬᠤ ᠳᠤ ᠲᠦᠬᠦᠮ ᠪᠤᠯᠤᠨ᠎ᠠ᠃ ᠡᠨᠡ ᠳᠠᠯ᠎ᠠ ᠪᠠᠷ ᠪᠦᠷ ᠨᠡᠯᠢᠶᠡᠳ ᠪᠡᠯᠡ ᠮᠦᠩᠬᠦ | ᠵᠠᠷᠤᠴᠠᠭᠤᠯᠵᠤ ᠪᠠᠶᠢᠨ᠎ᠠ ᠬᠡᠯᠡ᠃ ᠦᠨᠦ ᠮᠢᠨᠤ ᠬᠠᠳᠠᠭᠠᠯᠠᠵᠤ ᠪᠦᠬᠦᠢ ︽ᠭᠡᠰᠡᠷ︾ ᠤᠨ ᠮᠠᠲ᠋ᠧᠷᠢᠶᠠᠯ ᠳ᠋ᠦᠩᠰᠢᠭᠤᠷ | ᠦᠰᠦᠭ ᠲᠤ ᠬᠦᠷᠴᠤ᠂ ︽ᠭᠡᠰᠡᠷ︾ ᠤᠨ ᠰᠢᠩᠭᠡᠭᠡᠯᠲᠠ ᠬᠢᠵᠤ ᠶᠠᠪᠤᠭᠰᠠᠨ ᠪᠦᠰᠡ ᠪᠤᠯ ᠬᠤᠶᠠᠷ ᠮᠢᠩᠭᠠᠨ ᠴᠠᠭ ᠤᠨ | ᠪᠠᠶᠢᠨ᠎ᠠ᠃ ᠳᠡᠯᠡᠬᠡᠢ ᠶᠢᠨ ᠬᠢ ᠠᠴᠠ ᠮᠤᠩᠭᠤᠯ᠂ ᠪᠤᠷᠢᠶᠠᠳ᠂ ᠤᠷᠤᠰ ᠤᠨ ᠬᠢ ᠶᠢ ᠪᠦᠭᠦᠳᠡ ᠶᠢ ᠬᠤᠷᠢᠶᠠᠵᠤ | ᠴᠤᠭᠯᠠᠭᠤᠯᠤᠨ ᠠᠪᠴᠢᠷᠠᠵᠠᠢ᠃ ᠬᠡᠪᠡᠴᠦ ᠡᠬᠦᠨ ᠢ ᠪᠠᠨ ᠡᠮᠬᠢᠳᠬᠡᠬᠦ ᠰᠦᠯᠵᠢᠶᠡᠨ ᠳᠤ ᠤᠷᠤᠭᠤᠯᠬᠤ ᠳᠤ ᠮᠠᠰᠢ ᠶᠡᠭᠡ | ᠬᠦᠮᠦᠨ ᠤ ᠬᠦᠴᠦ ᠬᠡᠷᠡᠭᠰᠡᠨ᠎ᠡ᠂ ᠤᠳᠤ ᠳᠠᠭᠠᠨ ᠬᠦᠮᠦᠨ ᠤ ᠬᠦᠴᠦ ᠶᠡᠭᠡ ᠬᠦᠷᠦᠯᠴᠡᠬᠦ ᠦᠬᠡᠢ ᠪᠠᠶᠢᠨ᠎ᠠ᠃ | ︽ᠬᠡᠰᠡᠷ︾ ᠤᠨ ᠰᠤᠳᠤᠯᠭᠠᠨ ᠤ ᠪᠠᠴᠢᠮ ᠬᠢᠬᠦᠰᠢᠳᠡᠢ ᠠᠵᠢᠯ | ᠦ᠊ · ᠨᠠᠴᠢᠨ᠄ ︽ᠭᠡᠰᠡᠷ︾ ᠪᠤᠯ ᠭᠠᠭᠴᠠᠬᠠᠨ ᠮᠤᠩᠭᠤᠯ ᠦᠨᠳᠦᠰᠦᠲᠡᠨ ᠤ ᠬᠢ ᠪᠢᠰᠢ᠂ ᠤᠯᠠᠨ | ᠦᠨᠳᠦᠰᠦᠲᠡᠨ ᠤ ᠬᠢ ᠪᠤᠯᠤᠨ᠎ᠠ᠃ ᠤᠯᠠᠨ ᠤᠯᠤᠰ᠂ ᠦᠨᠳᠦᠰᠦᠳᠡᠨ᠂ ᠭᠠᠵᠠᠷ ᠤᠷᠤᠨ ᠳᠤ ᠲᠠᠷᠬᠠᠵᠤ ᠪᠠᠶᠢᠭ᠎ᠠ | ᠡᠨᠡᠬᠦ ᠠᠪᠤᠷᠭᠤ ᠪᠦᠳᠦᠬᠡᠯ ︽ᠬᠡᠰᠡᠷ︾ ᠢ ᠰᠤᠳᠤᠯᠬᠤ ᠨᠢ ᠨᠡᠩ ᠤᠯᠠᠨ ᠴᠢᠷᠮᠠᠶᠢᠯᠭ᠎ᠠ ᠱᠠᠭᠠᠷᠳᠠᠵᠤ᠂ ᠨᠡᠩ ᠶᠡᠭᠡ | ᠦᠷᠢᠰᠦᠯᠳᠦᠬᠡᠨᠳᠤ ᠴᠢᠨᠠᠷᠳᠠᠢ ᠪᠤᠯᠬᠤᠷ ᠨᠢ ᠲᠤᠮᠤ ᠰᠢᠭ ᠶᠠᠭᠤᠮ᠎ᠠ ᠬᠢᠶ᠎ᠡ ᠭᠡᠰᠡᠨ ᠰᠤᠳᠤᠯᠤᠭᠠᠴᠢᠳ ᠡᠶᠢᠮᠤ ᠠᠪᠤᠷᠭᠤ | ᠤᠯᠠᠮᠵᠢᠯᠠᠯ ᠢ ᠰᠤᠳᠤᠯᠬᠤ ᠶᠤᠰᠤᠲᠠᠢ᠃ ︽ᠭᠡᠰᠡᠷ︾ ᠤᠨ ᠰᠤᠳᠤᠯᠭᠠᠨ ᠤᠨ ᠲᠠᠯ᠎ᠠ ᠪᠠᠷ ᠤᠳᠤ ᠶᠢᠨ ᠬᠠᠮᠤᠭ ᠤᠨ | ᠲᠤᠯᠭᠠᠮ᠎ᠠ ᠬᠢᠬᠦ ᠴᠢᠬᠤᠯᠠᠲᠠᠢ ᠠᠵᠢᠯ ᠪᠤᠯ ᠤᠳᠤ ᠡᠩ ᠳᠡᠷᠢᠬᠦᠨ ᠳᠤ᠂ ᠡᠨᠡ ᠠᠮᠢᠳᠤ ᠪᠠᠶᠢᠭ᠎ᠠ ︽ᠭᠡᠰᠡᠷ︾ ᠤᠨ | ᠠᠮᠠᠨ ᠤᠯᠠᠮᠵᠢᠯᠠᠭᠴᠢ ᠶᠢᠨ ᠮᠡᠳᠡᠳᠡᠭ ᠭᠡᠰᠡᠷ ᠢ ᠰᠢᠩᠭᠡᠭᠡᠵᠤ ᠠᠪᠴᠤ ᠦᠯᠡᠳᠡᠬᠡᠬᠦ᠂ ᠤᠳᠤ ᠵᠠᠷᠢᠮ ᠤᠯᠤᠰ ᠤᠨ | ᠳᠤᠳᠤᠭᠠᠳᠤ ᠳᠤ ᠪᠠᠶᠢᠭ᠎ᠠ ᠦᠬᠡᠢ ᠪᠠᠷ ᠬᠡᠪᠯᠡᠯ ᠢ ᠤᠯᠤᠰ ᠤᠨ ᠳᠤᠳᠤᠭᠠᠳᠤ ᠳᠠᠭᠠᠨ ᠤᠷᠤᠭᠤᠯᠤᠨ ᠠᠪᠴᠢᠷᠠᠵᠤ | ᠰᠤᠳᠤᠯᠭᠠᠨ ᠤ ᠮᠠᠲ᠋ᠧᠷᠢᠶᠠᠯ ᠢᠶᠠᠨ ᠪᠤᠯᠭᠠᠨ ᠠᠰᠢᠬᠯᠠᠬᠤ ᠶᠠᠪᠤᠳᠠᠯ ᠪᠤᠯᠤᠨ᠎ᠠ ᠬᠡᠯ᠎ᠠ᠃ ᠳᠠᠷᠠᠭ᠎ᠠ ᠨᠢ᠂ ᠭᠠᠳᠠᠭᠠᠳᠤ ᠶᠢᠨ | ᠡᠷᠳᠡᠮᠲᠡᠨ 19 ᠳ᠋ᠤᠭᠡᠷ ᠵᠠᠭᠤᠨ ᠤ ᠦᠶ᠎ᠡ ᠪᠠᠷ ᠮᠠᠨ ᠤ ︽ᠮᠤᠩᠭᠤᠯ︾ ᠭᠡᠰᠡᠷ ᠤᠨ ᠵᠠᠷᠢᠮ ᠪᠠᠷ ᠬᠡᠪᠯᠡᠯ ᠢ ᠪᠦᠷ | ᠠᠪᠤᠭᠠᠳ ᠶᠠᠪᠤᠭᠰᠠᠨ᠃ ᠤᠷᠤᠰ ᠤᠨ ᠰᠡᠨᠳ᠋ᠹᠦ᠋ᠲ᠋ᠧᠷᠪᠦ᠋ᠷᠡᠭ ᠤᠨ ᠨᠤᠮ ᠤᠨ ᠰᠠᠩ᠂ ᠳᠤᠷᠤᠨᠠᠳᠡᠬᠢᠨ ᠤ ᠬᠦᠷᠢᠶᠡᠯᠡᠩ᠂ | ᠰᠡᠨᠳ᠋ᠹᠦ᠋ᠲ᠋ᠧᠷᠪᠦ᠋ᠷᠡᠭ ᠤᠨ ᠶᠡᠭᠡ ᠰᠤᠷᠭᠠᠭᠤᠯᠢ᠂ ᠤᠯᠤᠰ ᠤᠨ ᠨᠤᠮ ᠤᠨ ᠰᠠᠩ ᠳᠤ ᠪᠤᠯ ᠮᠠᠰᠢ ᠤᠯᠠᠨ ︽ᠬᠡᠰᠡᠷ︾ | ᠤᠨ ᠬᠠᠭᠤᠴᠢᠨ ᠪᠠᠷ ᠬᠡᠪᠯᠡᠯ ᠬᠠᠳᠠᠭᠠᠯᠠᠭᠳᠠᠵᠤ ᠪᠠᠶᠢᠨ᠎ᠠ᠃ ᠳᠡᠳᠡᠬᠡᠷ ᠤᠯᠤᠰ ᠤᠨ ᠲᠤᠳᠤᠭᠠᠳᠤ ᠳᠤ ᠦᠭᠡᠢ | ᠵᠦᠢᠯᠡᠰ ᠢ ᠠᠪᠴᠢᠷᠠᠨ ᠬᠡᠪᠯᠡᠭᠦᠯᠦᠨ ᠤᠯᠠᠨ ᠤ ᠬᠦᠷᠲᠡᠭᠡᠯ ᠪᠤᠯᠭᠠᠵᠤ ᠡᠷᠳᠡᠮ ᠰᠢᠨᠵᠢᠯᠡᠭᠡᠨ ᠤ ᠡᠷᠬᠢᠯᠲᠡ ᠳᠤ | ᠤᠷᠤᠭᠤᠯᠬᠤ ᠴᠢᠬᠤᠯᠠ ᠲᠠᠢ᠃ ᠭᠤᠷᠪᠠᠳᠤᠭᠠᠷ ᠲᠤ᠂ ︽ᠭᠡᠰᠡᠷ︾ ᠪᠤᠯ ᠨᠢᠭᠡᠨ ᠲᠤᠮᠤ ᠰᠤᠷᠢᠨᠵᠢᠨ ᠲᠡᠮᠦᠷ ᠰᠢᠭ᠂ | ᠮᠠᠰᠢ ᠤᠯᠠᠨ ᠡᠷᠳᠡᠮᠲᠡᠨ ᠢ ᠡᠨᠡᠬᠦ ᠬᠦᠷᠢᠶ᠎ᠡ ᠴᠠᠷ᠎ᠠ ᠥᠭᠡᠳᠡ ᠳᠡᠳᠡᠵᠤ ᠪᠠᠶᠢᠭ᠎ᠠ᠃ ᠵᠢᠱᠢᠶᠡᠯᠡᠪᠡᠯ ᠥᠨᠦᠳᠦᠷ ᠤᠨ | ᠬᠤᠷᠠᠯ ᠢ ᠡᠷᠬᠢᠯᠡᠵᠦ ᠪᠠᠶᠢᠭ᠎ᠠ ᠴᠢᠮᠡᠳᠳᠤᠷᠵᠢ ᠪᠠᠭᠰᠢ ᠪᠤᠯ ᠲᠡᠤᠬᠡ ᠰᠤᠳᠤᠯᠳᠠᠭ ᠬᠥᠮᠦᠨ᠃ ᠤᠳᠤ ᠪᠦᠷ ︽ᠬᠡᠰᠡᠷ︾ | ᠤᠨ ᠰᠤᠳᠤᠯᠭᠠᠨ ᠳᠡᠰᠢ ᠰᠢᠯᠵᠢᠵᠦ ᠪᠠᠶᠢᠨ᠎ᠠ᠂ ᠡᠬᠦᠨ ᠠᠴᠠ ᠭᠠᠳᠠᠨ᠎ᠠ ᠳᠤᠰ ᠤᠳᠠᠭ᠎ᠠ ᠶᠢᠨ ᠬᠤᠷᠠᠯ ᠳᠤ | ᠤᠷᠤᠯᠴᠠᠵᠤ ᠪᠠᠶᠢᠭ᠎ᠠ ᠢᠷᠠᠭᠤ ᠨᠠᠶᠢᠷᠠᠭᠴᠢᠳ ᠪᠦᠷ ︽ᠬᠡᠰᠡᠷ︾ ᠤᠨ ᠰᠤᠳᠤᠯᠭᠠᠨ ᠳᠡᠰᠢ ᠰᠢᠯᠵᠢᠵᠦ ᠪᠠᠶᠢᠭ᠎ᠠ ᠶᠤᠮ᠃ | ᠡᠶᠢᠮᠦ ᠠᠴᠠ ︽ᠭᠡᠰᠡᠷ︾ ᠪᠤᠯ ᠨᠢᠭᠡᠨ ᠮᠠᠰᠢ ᠶᠡᠭᠡ ᠰᠤᠷᠢᠨᠵᠢᠨ ᠬᠦ᠋ᠴᠦᠨ ᠲᠠᠢ ᠬᠡᠵᠦ ᠦᠵᠡᠵᠦ ᠪᠤᠯᠤᠮᠠᠷ ᠶᠤᠮ᠃ | ᠪᠢᠳᠠ ᠢᠯᠠᠩᠭᠤᠶ᠎ᠠ ᠵᠠᠯᠠᠭᠤ ᠰᠤᠳᠤᠯᠤᠭᠠᠴᠢ ᠶᠢ ᠬᠥᠮᠦᠵᠢᠭᠦᠯᠬᠦ ᠳᠠᠯ᠎ᠠ ᠪᠠᠷ ᠬᠦᠨᠳᠦᠳᠬᠡᠨ ᠦᠵᠡᠬᠦ ᠴᠢᠬᠤᠯᠠ ᠲᠠᠢ | ᠬᠡᠵᠦ ᠦᠵᠡᠯᠳᠡ ᠪᠠᠨ ᠳᠡᠯᠬᠡᠨ᠎ᠡ᠃ | ᠬᠠᠮᠢᠶ᠎ᠠ ᠪᠦᠬᠦᠢ ᠬᠤᠯᠪᠤᠭᠠᠰᠤ | ᠰᠡᠳᠦᠪ ᠤᠨ ᠢᠷᠡᠯᠳᠡ᠄ 8 ᠰᠠᠷ᠎ᠠ ᠶᠢᠨ 11 ᠠᠴᠠ 13 ᠤ ᠡᠳᠦᠷ ᠪᠤᠯᠳᠠᠯ᠎ᠠ᠂ ᠨᠠᠢᠮᠠᠳᠤᠭᠠᠷ | ᠬᠤᠭᠤᠴᠠᠭᠠᠨ ᠤ ︽ᠭᠡᠰᠡᠷ︾ ᠰᠤᠳᠤᠯᠤᠯ ᠤᠨ ᠤᠯᠠᠨ ᠤᠯᠤᠰ ᠤᠨ ᠡᠷᠳᠡᠮ ᠰᠢᠨᠵᠢᠯᠡᠭᠡᠨ ᠤ ᠬᠤᠷᠠᠯ ᠵᠢᠴᠢ | ᠪᠡᠭᠡᠵᠢᠩ ᠪᠠᠷ ᠤᠨ ︽ᠭᠡᠰᠡᠷ︾ ᠬᠡᠪᠯᠡᠭᠳᠡᠭᠰᠡᠨ 300 ᠵᠢᠯ ᠤᠨ ᠤᠢ ᠶᠢ ᠳᠡᠮᠳᠡᠭᠯᠡᠬᠦ ᠬᠤᠷᠠᠯ ᠬᠦᠬᠡᠬᠤᠳᠠ ᠳᠤ | ᠶᠠᠪᠤᠭᠳᠠᠪᠠ᠃ ᠪᠦᠬᠦ ᠤᠯᠤᠰ ᠤᠨ ︽ᠭᠡᠰᠡᠷ︾ ᠰᠤᠳᠤᠯᠤᠯ ᠤᠨ ᠠᠵᠢᠯ ᠤᠨ ᠤᠳᠤᠷᠢᠳᠬᠤ ᠳᠤᠭᠤᠢᠢᠯᠠᠩ᠂ | ᠦᠪᠡᠷᠳᠡᠭᠡᠨ ᠵᠠᠰᠠᠬᠤ ᠤᠷᠤᠨ ᠤ ︽ᠭᠡᠰᠡᠷ︾ ᠰᠤᠳᠤᠯᠤᠯ ᠤᠨ ᠠᠵᠢᠯ ᠤᠨ ᠤᠳᠤᠷᠢᠳᠬᠤ ᠳᠤᠭᠤᠢᠢᠯᠠᠩ ᠤᠨ | ᠬᠠᠮᠳᠤᠷᠠᠨ ᠡᠷᠬᠢᠯᠡᠭᠰᠡᠨ ᠲᠤᠰ ᠠᠵᠢᠯᠯᠠᠭ᠎ᠠ ᠨᠢ ᠪᠦᠬᠦ ᠤᠯᠤᠰ ᠤᠨ ︽ᠭᠡᠰᠡᠷ︾ ᠤᠯᠠᠮᠵᠢᠯᠠᠯ ᠤᠨ ᠠᠪᠤᠷᠠᠨ | ᠬᠠᠮᠠᠭᠠᠯᠠᠬᠤ ᠠᠵᠢᠯ ᠤᠨ ᠦᠷ᠎ᠠ ᠪᠦᠲᠦᠭᠡᠯ ᠢ ᠳᠡᠯᠭᠡᠨ ᠦᠵᠡᠬᠦᠯᠵᠦ᠂ ᠪᠡᠭᠡᠵᠢᠩ ᠪᠠᠷ ᠤᠨ ︽ᠭᠡᠰᠡᠷ︾ ᠬᠡᠪᠯᠡᠭᠳᠡᠭᠰᠡᠨ | 300 ᠵᠢᠯ ᠤᠨ ᠤᠢ ᠶᠢ ᠳᠤᠷᠠᠰᠬᠠᠨ ᠳᠡᠮᠳᠡᠭᠯᠡᠵᠡᠢ᠃ ᠳᠤᠰ ᠤᠳᠠᠭ᠎ᠠ ᠶᠢᠨ ᠬᠤᠷᠠᠯ ᠳᠤ ᠤᠷᠤᠰ ᠤᠨ ᠬᠤᠯᠪᠤᠭᠠᠨ ᠤ | ᠪᠦᠬᠦᠳᠡ ᠨᠠᠶᠢᠷᠠᠮᠳᠠᠬᠤ ᠪᠤᠷᠢᠶᠡᠳ ᠤᠯᠤᠰ᠂ ᠪᠦᠭᠦᠳᠡ ᠨᠠᠶᠢᠷᠠᠮᠳᠠᠬᠤ ᠠᠯᠳᠠᠢ ᠤᠯᠤᠰ᠂ ᠪᠦᠬᠦᠳᠡ ᠨᠠᠶᠢᠷᠠᠮᠳᠠᠬᠤ | ᠲᠤᠸᠠ ᠤᠯᠤᠰ᠂ ᠪᠦᠭᠦᠳᠡ ᠨᠠᠶᠢᠷᠠᠮᠳᠠᠬᠤ ᠶᠠᠺᠦ᠋ᠲ ᠤᠯᠤᠰ ᠵᠢᠴᠢ ᠬᠠᠨᠭ᠍ᠭᠠᠷᠢ᠂ ᠮᠤᠩᠭᠤᠯ᠂ ᠲᠦᠷᠺ᠂ ᠶᠠᠫᠦᠨ ᠵᠡᠷᠭᠡ | ᠤᠯᠤᠰ ᠤᠨ 10 ᠭᠠᠷᠤᠢ ᠡᠷᠳᠡᠮᠳᠡᠠ᠂ ᠤᠯᠤᠰ ᠤᠨ ᠳᠤᠳᠤᠭᠠᠳᠤ ᠶᠢᠨ ᠪᠡᠬᠡᠵᠢᠩ᠂ ᠲᠦᠪᠡᠳ᠂ ᠬᠦᠬᠡᠨᠠᠭᠤᠷ᠂ | ᠰᠧᠴᠤᠸᠠᠨ᠂ ᠰᠢᠨᠵᠢᠶᠠᠩ᠂ ᠭᠠᠨᠰᠤ᠂ ᠯᠢᠶᠤᠤᠨᠢᠩ ᠵᠡᠷᠭᠡ 8 ᠮᠤᠵᠢ ᠤᠷᠤᠨ ᠤ 100 ᠭᠠᠷᠤᠢ ᠡᠷᠳᠡᠮᠳᠡᠨ ᠮᠡᠷᠭᠡᠳ | ᠤᠷᠤᠯᠴᠠᠵᠤ᠂ ᠡᠷᠳᠡᠮ ᠰᠢᠨᠵᠢᠯᠡᠬᠡᠨ ᠤ ᠢᠯᠡᠳᠬᠡᠯ ᠬᠢᠵᠦ᠂ ᠦᠵᠡᠯᠳᠡ ᠪᠤᠳᠤᠯ ᠢᠶᠠᠨ ᠰᠤᠯᠢᠯᠴᠠᠵᠠᠢ᠃ ᠡᠷᠳᠡᠮ | ᠰᠢᠨᠵᠢᠯᠡᠬᠡᠨ ᠤ ᠬᠤᠷᠠᠯ ᠨᠢ ᠭᠤᠷᠪᠠᠨ ᠳᠤᠭᠤᠢᠢᠯᠠᠩ ᠬᠤᠪᠢᠶᠠᠵᠤ᠂ ᠪᠡᠭᠡᠵᠢᠩ ᠪᠠᠷ ᠤᠨ ᠭᠡᠰᠡᠷ ᠤᠨ ᠲᠤᠭᠤᠵᠢ ᠬᠢᠭᠡᠳ | ᠭᠡᠰᠡᠷ ᠤᠨ ᠲᠤᠭᠤᠵᠢ ᠶᠢ ᠡᠮᠬᠢᠳᠬᠡᠨ ᠴᠤᠭᠯᠠᠭᠤᠯᠬᠤ ᠲᠤᠰᠬᠠᠢ ᠲᠦᠰᠦᠪ᠂ ᠭᠡᠰᠡᠷ ᠤᠨ ᠠᠮᠠᠨ ᠵᠤᠬᠢᠶᠠᠯ ᠪᠤᠯᠤᠨ | ᠰᠤᠶᠤᠯ ᠱᠠᠰᠢᠨ ᠤ ᠲᠤᠰᠬᠠᠢ ᠰᠡᠳᠦᠪ᠂ ᠨᠢᠭᠡ ᠪᠦᠰᠡ ᠨᠢᠭᠡ ᠵᠠᠮ ᠬᠢᠭᠡᠳ ᠭᠡᠰᠡᠷ ᠰᠤᠶᠤᠯ ᠤᠨ ᠰᠤᠯᠢᠯᠴᠠᠭᠠᠨ ᠤ | ᠲᠤᠰᠬᠠᠢ ᠰᠡᠳᠦᠪ ᠵᠡᠷᠭᠡ ᠭᠤᠤᠯ ᠰᠡᠳᠦᠪ ᠤᠨ ᠲᠤᠭᠤᠷᠢᠨ ᠳᠤ ᠡᠷᠳᠡᠮᠳᠡᠳ ᠢᠯᠡᠳᠬᠡᠯ ᠬᠢᠵᠡᠢ᠃ | ᠦᠪᠦᠷ ᠮᠤᠩᠭᠤᠯ ᠤᠨ ᠬᠡᠰᠡᠷ ᠤᠨ ᠠᠵᠢᠯ ᠤᠨ ᠭᠤᠤᠯ ᠦᠷ᠎ᠠ ᠪᠦᠳᠦᠬᠡᠯ | ᠮᠤᠩᠭᠤᠯ ︽ᠬᠡᠰᠡᠷ︾ ᠤᠨ ᠳᠤᠤᠯᠢ ᠨᠢ ᠤᠯᠤᠰ ᠤᠨ ᠳᠤᠳᠤᠭᠠᠳᠤ ᠳᠤ ᠭᠤᠤᠯᠳᠠᠭᠤ ᠦᠪᠦᠷ ᠮᠤᠩᠭᠤᠯ᠂ | ᠬᠦᠬᠡᠨᠠᠭᠤᠷ᠂ ᠰᠢᠨᠵᠢᠶᠠᠩ᠂ ᠯᠢᠶᠤᠤᠨᠢᠩ ᠵᠡᠷᠬᠡ ᠭᠠᠵᠠᠷ ᠤᠳ ᠢᠶᠠᠷ ᠳᠠᠷᠬᠠᠵᠤ᠂ ᠭᠠᠳᠠᠭᠠᠳᠤ ᠳᠤ ᠭᠤᠤᠯᠳᠠᠭᠤ | ᠮᠤᠩᠭᠤᠯ ᠤᠯᠤᠰ ᠵᠢᠴᠢ ᠤᠷᠤᠰ ᠤᠨ ᠬᠤᠯᠪᠤᠭᠠᠨ ᠤ ᠪᠤᠷᠢᠶᠠᠳ ᠤᠯᠤᠰ᠂ ᠳᠤᠸᠠ᠂ ᠬᠠᠯᠢᠮᠠᠭ ᠵᠡᠷᠬᠡ ᠪᠦᠬᠦᠳᠡ | ᠨᠠᠶᠢᠷᠠᠮᠳᠠᠭᠤ ᠤᠯᠤᠰ ᠲᠤ ᠳᠠᠷᠬᠠᠵᠠᠢ᠃ ᠪᠦᠷᠢᠳᠬᠡᠯ ᠢᠶᠠᠷ᠂ ᠤᠳᠤᠬᠠᠨ ᠪᠤᠯᠳᠠᠯ᠎ᠠ᠂ ᠳᠤᠮᠳᠠᠤ ᠤᠯᠤᠰ᠂ ᠮᠤᠩᠭᠤᠯ᠂ | ᠤᠷᠤᠰ᠂ ᠭᠧᠷᠮᠠᠨ᠂ ᠬᠠᠩᠭᠠᠷᠢ᠂ ᠳ᠋ᠠᠨᠮᠠᠷᠺ᠂ ᠶᠠᠫᠤᠨ᠂ ᠠᠮᠧᠷᠢᠺᠠ ᠵᠡᠷᠬᠡ ᠤᠯᠤᠰ ᠤᠨ ᠨᠤᠮ ᠤᠨ ᠰᠠᠩ ᠪᠤᠶᠤ ᠡᠷᠳᠡᠮ | ᠰᠢᠨᠵᠢᠯᠡᠬᠡᠨ ᠤ ᠪᠠᠶᠢᠭᠤᠯᠤᠯᠭ᠎ᠠ ᠳᠤ 100 ᠭᠠᠷᠤᠢ ᠵᠦᠢᠯ ᠤᠨ ᠬᠡᠰᠡᠷ ᠤᠨ ᠪᠠᠷ ᠬᠡᠪᠯᠡᠯ ᠪᠤᠶᠤ ᠭᠠᠷ ᠪᠢᠴᠢᠮᠡᠯ ᠤᠨ | ᠵᠦᠢᠯ ᠵᠢᠴᠢ ᠬᠠᠮᠢᠶ᠎ᠠ ᠪᠦᠬᠦᠢ ᠮᠠᠲ᠋ᠧᠷᠢᠶᠠᠯ ᠬᠠᠳᠠᠭᠠᠯᠠᠭᠳᠠᠵᠤ ᠪᠠᠶᠢᠨ᠎ᠠ᠃ ᠤᠯᠤᠰ ᠤᠨ ᠳᠤᠳᠤᠭᠠᠳᠤ ᠳᠤ ︽ᠬᠡᠰᠡᠷ︾ | ᠤᠨ ᠳᠤᠬᠠᠢ ᠰᠤᠳᠤᠯᠭᠠᠨ ᠤ ᠦᠬᠦᠯᠡᠯ 1000 ᠭᠠᠷᠤᠢ ᠨᠡᠶᠢᠳᠡᠯᠡᠭᠳᠡᠬᠡᠳ ᠪᠠᠶᠢᠨ᠎ᠠ᠃ | ᠤᠳᠤᠬᠠᠨ ᠳᠤ ᠤᠯᠳᠠᠭᠰᠠᠨ ︽ᠬᠡᠰᠡᠷ ᠤᠨ ᠳᠤᠭᠤᠵᠢ︾ ᠶᠢᠨ ᠬᠠᠮᠤᠭ ᠤᠨ ᠠᠩᠬᠠᠨ ᠤ ᠪᠠᠷ ᠬᠡᠪᠯᠡᠯ ᠪᠤᠯ | 1716 ᠤᠨ ᠳᠤ ᠬᠡᠪᠯᠡᠭᠳᠡᠭᠰᠡᠨ ᠪᠡᠬᠡᠵᠢᠩ ᠤᠨ ᠮᠤᠳᠤᠨ ᠪᠠᠷ ᠤᠨ ︽ᠬᠡᠰᠡᠷ ᠤᠨ ᠳᠤᠭᠤᠵᠢ︾ ᠶᠤᠮ᠃ ᠡᠨᠡ ᠵᠢᠯ | ᠪᠤᠯ ︽ᠪᠡᠭᠡᠵᠢᠩ ᠪᠠᠷ ᠤᠨ ᠬᠡᠰᠡᠷ︾ ᠤᠨ ᠬᠡᠪᠯᠡᠭᠳᠡᠭᠰᠡᠨ 300 ᠵᠢᠯ ᠤᠨ ᠤᠢ ᠪᠤᠯᠵᠤ ᠪᠠᠶᠢᠭ᠎ᠠ ᠶᠤᠮ᠃ 20 | ᠳ᠋ᠤᠭᠠᠷ ᠵᠠᠭᠤᠨ ᠤ ᠳᠠᠪᠢᠭᠠᠳ ᠤᠨ ᠤ ᠦᠶ᠎ᠠ ᠳᠤ ᠪᠡᠬᠡᠵᠢᠩ ᠤᠨ ᠮᠤᠳᠤᠨ ᠪᠠᠷ ᠤᠨ ᠬᠡᠰᠡᠷ ᠪᠠ ᠯᠦᠩ ᠹᠦ᠋ ᠰᠧ | ᠬᠡᠰᠡᠷ ᠵᠡᠷᠬᠡ ᠴᠢᠬᠤᠯᠠ ᠪᠠᠷ ᠬᠡᠪᠯᠡᠯ ᠪᠠ ᠭᠠᠷ ᠪᠢᠴᠢᠮᠠᠯ ᠢ ︽ᠠᠷᠪᠠᠨ ᠵᠦᠭ ᠤᠨ ᠡᠵᠡᠨ ᠬᠡᠰᠡᠷ ᠬᠠᠭᠠᠨ ᠤ ᠳᠤᠭᠤᠵᠢ | ᠤᠷᠤᠰᠢᠪᠠ︾ ᠬᠡᠬᠦ ᠨᠡᠷ᠎ᠡ ᠪᠠᠷ ᠬᠡᠪᠯᠡᠬᠦᠯᠵᠡᠢ᠃ 1958 ᠤᠨ ᠠᠴᠠ 1959 ᠤᠨ ᠤ ᠬᠤᠭᠤᠷᠤᠨᠳᠤ ᠴᠢᠮᠡᠳᠳᠤᠷᠵᠢ | ᠠᠯᠳᠠᠷᠳᠤ ᠬᠡᠰᠡᠷ ᠫᠠᠵᠠᠢ ᠶᠢᠨ ᠬᠠᠶᠢᠯᠠᠭᠰᠠᠨ 80 ᠴᠠᠭ ᠤᠨ ᠬᠡᠰᠡᠷ ᠢ ᠰᠢᠩᠬᠡᠬᠡᠨ ᠠᠪᠴᠤ᠂ ᠡᠨᠡᠬᠦ 300 ᠲᠦᠮᠡᠨ | ᠦᠰᠦᠭ ᠪᠦᠬᠦᠢ ᠳᠡᠮᠳᠡᠭᠯᠡᠯ ᠢᠶᠠᠨ ︽ᠬᠡᠰᠡᠷ ᠪᠠᠭᠠᠳᠤᠷ ᠬᠠᠭᠠᠨ︾ ᠬᠡᠬᠦ ᠨᠤᠮ ᠬᠡᠪᠯᠡᠬᠦᠯᠵᠡᠢ᠃ 1959 ᠤᠨ ᠳᠤ | ᠠᠩᠴᠢᠨᠬᠦᠦ ᠬᠢᠳᠠᠳᠴᠢᠯᠠᠭᠰᠠᠨ ︽ᠬᠡᠰᠡᠷ ᠪᠠᠭᠠᠳᠤᠷ ᠬᠠᠭᠠᠨ︾ ᠬᠡᠬᠦ ᠨᠤᠮ ᠨᠢ ᠬᠠᠮᠤᠭ ᠠᠩᠬᠠᠨ ᠤ ᠬᠢᠳᠠᠳ | ᠤᠷᠴᠢᠭᠤᠯᠭ᠎ᠠ ᠪᠤᠯᠤᠨ᠎ᠠ᠃ ᠰᠡᠬᠦᠯᠡᠷ ᠨᠢ ᠰᠠᠩᠵᠠᠶᠢᠵᠠᠪ᠂ ᠴᠧᠨ ᠭᠠᠩ ᠯᠦᠩ ᠬᠠᠳᠠᠴᠢ ᠊ ᠭᠠᠩ ᠨᠠᠷ ᠬᠡᠪᠯᠡᠬᠦᠯᠵᠡᠢ᠃ | | 1984 ᠤᠨ ᠳᠤ ᠦᠪᠦᠷ ᠮᠤᠩᠭᠤᠯ ᠤᠨ ᠬᠡᠰᠡᠷ ᠤᠨ ᠠᠵᠢᠯ ᠤᠨ ᠤᠳᠤᠷᠢᠳᠬᠤ ᠳᠤᠭᠤᠢᠢᠯᠠᠩ ᠤᠨ ᠠᠯᠪᠠᠨ | ᠬᠡᠷ ᠠᠴᠠ 20 ᠪᠠᠭ᠎ᠠ ᠳᠤᠭᠤᠢᠢᠯᠠᠩ ᠳᠤᠮᠢᠯᠠᠵᠤ᠂ ᠪᠦᠬᠦ ᠤᠯᠤᠰ ᠤᠨ ᠬᠡᠪᠴᠢᠶᠡᠨ ᠳᠤ ᠬᠡᠰᠡᠷ ᠢ ᠡᠮᠬᠢᠳᠬᠡᠨ | ᠴᠤᠭᠯᠠᠭᠤᠯᠵᠤ᠂ 75 ᠬᠡᠰᠡᠷᠴᠢ ᠶᠢ ᠳᠠᠩᠰᠠᠯᠠᠵᠤ᠂ ᠬᠠᠷᠠᠴᠢᠨ ︽ᠬᠡᠰᠡᠷ︾᠂ ᠳᠤᠳᠤ ᠦᠰᠦᠭ ᠤᠨ ︽ᠬᠡᠰᠡᠷ︾᠂ | ︽ᠬᠡᠰᠡᠷ ᠤᠨ ᠰᠠᠩ︾ ᠵᠡᠷᠬᠡ ᠶᠢ ᠰᠢᠨ᠎ᠡ ᠪᠠᠷ ᠢᠯᠡᠷᠡᠬᠦᠯᠵᠡᠢ᠃ ᠬᠡᠰᠡᠷ ᠤᠨ ᠳᠤᠤᠯᠢ ᠶᠢ 400 ᠭᠠᠷᠤᠢ ᠴᠠᠭ | ᠰᠢᠩᠬᠡᠬᠡᠵᠦ᠂ ᠬᠡᠰᠡᠷ ᠤᠨ ᠳᠤᠮᠤᠭ ᠦᠯᠢᠬᠡᠷ ᠢ 130 ᠭᠠᠷᠤᠢ ᠵᠦᠢᠯ ᠡᠮᠬᠢᠳᠬᠡᠵᠦ᠂ ᠳᠤᠳᠤᠭᠠᠳᠤ ᠮᠠᠲ᠋ᠧᠷᠢᠶᠠᠯ ᠢ | 28 ᠳᠡᠪᠳᠡᠷ᠂ ᠬᠡᠰᠡᠷ ᠤᠨ ᠳᠤᠬᠠᠢ 17 ᠳᠡᠪᠳᠡᠷ ᠨᠤᠮ ᠢ ᠬᠡᠪᠯᠡᠬᠦᠯᠵᠡᠢ᠃ | 2013 ᠤᠨ ᠠᠴᠠ 2014 ᠤᠨ ᠤ ᠬᠤᠭᠤᠷᠤᠨᠳᠤ ᠦᠪᠦᠷ ᠮᠤᠩᠭᠤᠯ ᠤᠨ ︽ᠬᠡᠰᠡᠷ︾ ᠤᠨ ᠠᠵᠢᠯ ᠤᠨ | ᠤᠳᠤᠷᠢᠳᠬᠤ ᠳᠤᠭᠤᠢᠢᠯᠠᠩ ᠤᠨ ᠠᠯᠪᠠᠨ ᠬᠡᠷ ᠤᠨ ᠬᠢ ᠬᠤᠶᠠᠷ ᠤᠳᠠᠭ᠎ᠠ ᠡᠷᠳᠡᠮ ᠰᠢᠨᠵᠢᠯᠡᠬᠡᠨ ᠤ ᠰᠡᠳᠦᠪ ᠬᠢᠨᠠᠬᠤ | ᠬᠤᠷᠠᠯ ᠬᠢᠵᠦ᠂ 35 ᠲᠦᠷᠦᠯ ᠤᠨ ᠡᠷᠳᠡᠮ ᠰᠢᠨᠵᠢᠯᠡᠬᠡᠨ ᠤ ᠰᠡᠳᠦᠪ ᠢ ᠪᠠᠳᠤᠯᠠᠭᠤᠯᠤᠨ ᠵᠦᠪᠰᠢᠶᠡᠷᠡᠬᠦᠯᠵᠡᠢ᠃ | ᠡᠳᠡᠬᠡᠷ ᠲᠦᠰᠦᠯ ᠳᠤ᠂ ᠮᠠᠨ ᠤ ᠤᠯᠤᠰ ᠤᠨ ᠦᠪᠦᠷ ᠮᠤᠩᠭᠤᠯ᠂ ᠪᠡᠬᠡᠵᠢᠩ᠂ ᠬᠦᠬᠡᠨᠠᠭᠤᠷ᠂ ᠭᠠᠨᠰᠤ᠂ ᠰᠢᠨᠵᠢᠶᠠᠩ | ᠵᠡᠷᠬᠡ ᠮᠤᠵᠢ ᠦᠪᠡᠷᠳᠡᠬᠡᠨ ᠵᠠᠰᠠᠬᠤ ᠤᠷᠤᠨ ᠵᠢᠴᠢ ᠮᠤᠩᠭᠤᠯ ᠤᠯᠤᠰ ᠲᠠᠬᠢ 100 ᠭᠠᠷᠤᠢ ᠡᠷᠳᠡᠮᠳᠡᠨ ᠤᠷᠤᠯᠴᠠᠵᠤ | ᠪᠠᠶᠢᠭ᠎ᠠ ᠶᠤᠮ᠃ 2016 ᠤᠨ 2018 ᠤᠨ ᠤ ᠬᠤᠭᠤᠷᠤᠨᠳᠤ ᠴᠤᠪᠤᠷᠠᠯ ᠪᠢᠴᠢᠭ ᠤᠨ ᠬᠡᠯᠪᠡᠷᠢ ᠪᠠᠷ 60 ᠨᠤᠮ | ᠬᠡᠪᠯᠡᠬᠦᠯᠬᠦ ᠪᠠᠷ ᠪᠠᠶᠢᠭ᠎ᠠ ᠶᠤᠮ᠃ ᠤᠳᠤᠬᠠᠨ ᠳᠤ 10 ᠭᠠᠷᠤᠢ ᠨᠤᠮ ᠬᠡᠪᠯᠡᠭᠳᠡᠨ᠂ ᠷᠠᠳᠢᠣ᠋ ᠬᠡᠦᠬᠡᠯᠳᠡᠢ ᠵᠦᠴᠦᠬᠡ᠂ | ᠰᠦᠯᠵᠢᠶ᠎ᠠ ᠪᠠᠶᠢᠭᠤᠯᠬᠤ ᠲᠦᠰᠦᠯ ᠢ ᠪᠡᠶᠡᠯᠡᠬᠦᠯᠦᠬᠡᠳ ᠪᠠᠶᠢᠭ᠎ᠠ ᠶᠤᠮ᠃ | ᠪᠡᠬᠡᠵᠢᠩ ᠪᠠᠷ ᠤᠨ ︽ᠬᠡᠰᠡᠷ︾ | ︽ᠭᠡᠰᠡᠷ ︾ ᠤᠨ ᠲᠤᠤᠯᠢ ᠪᠤᠯ ᠮᠤᠩᠭᠤᠯ ᠲᠦᠪᠡᠳ ᠠᠷᠠᠳ ᠲᠦᠮᠡᠨ ᠤ ᠳᠤᠮᠳᠠ ᠦᠷᠭᠡᠨ ᠳᠡᠯᠭᠡᠷ | ᠲᠠᠷᠬᠠᠭᠰᠠᠨ ᠪᠠᠭᠠᠲᠤᠷᠯᠢᠭ ᠲᠤᠤᠯᠢ ᠶᠤᠮ᠃ ᠠᠩᠬ᠎ᠠ ᠡᠬᠢᠨ ᠳᠡᠭᠡᠨ ᠠᠷᠠᠳ ᠤᠨ ᠠᠮᠠᠨ ᠵᠤᠬᠢᠶᠠᠯ ᠤᠨ ᠬᠡᠯᠪᠡᠷᠢ ᠪᠠᠷ | ᠬᠦᠮᠦᠰ ᠤᠨ ᠳᠤᠮᠳᠠ ᠤᠯᠠᠮᠵᠢᠯᠠᠭᠳᠠᠨ᠂ ᠭᠠᠷ ᠪᠢᠴᠢᠮᠡᠯ ᠪᠤᠶᠤ ᠬᠠᠭᠤᠯᠤᠮᠠᠯ ᠬᠡᠯᠪᠡᠷᠢ ᠪᠠᠷ ᠬᠠᠳᠠᠭᠠᠯᠠᠭᠳᠠᠨ | ᠬᠤᠷᠢᠶᠠᠭᠳᠠᠵᠤ ᠪᠠᠶᠢᠵᠠᠢ᠃ 1716 ᠤᠨ ᠳᠤ ᠮᠤᠩᠭᠤᠯ ᠭᠡᠰᠡᠷ ᠤᠨ ᠠᠩᠬᠠᠨ ᠤ ᠪᠠᠷ ᠬᠡᠪᠯᠡᠯ ᠪᠤᠯᠬᠤ | ᠮᠤᠳᠤᠨ ᠪᠠᠷ ᠤᠨ ︽ᠠᠷᠪᠠᠨ ᠵᠦᠭ ᠤᠨ ᠬᠡᠰᠡᠷ ᠬᠠᠭᠠᠨ ᠤ ᠳᠤᠭᠤᠵᠢ ᠤᠷᠤᠰᠢᠪᠠᠢ︾ ᠪᠡᠭᠡᠵᠢᠩ ᠳᠤ | ᠬᠡᠪᠯᠡᠭᠳᠡᠭᠰᠡᠨ ᠠᠴᠠ ︽ᠭᠡᠰᠡᠷ ᠤᠨ ᠲᠤᠭᠤᠵᠢ︾ ᠨᠢ ᠦᠪᠡᠷ ᠤᠨ ᠭᠡᠬᠦ ᠬᠡᠪᠯᠡᠯ ᠲᠠᠢ ᠪᠤᠯᠵᠤ᠂ ᠨᠡᠩ ᠦᠷᠭᠡᠨ | ᠬᠡᠪᠴᠢᠶᠡᠨ ᠳᠤ ᠲᠠᠷᠬᠠᠨ ᠤᠯᠠᠮᠵᠢᠯᠠᠭᠳᠠᠬᠤ ᠠᠰᠢᠭᠲᠠᠢ ᠨᠦᠬᠦᠴᠡᠯ ᠢ ᠪᠦᠷᠢᠯᠳᠦᠭᠦᠯᠵᠡᠢ᠃ ᠡᠨᠡᠬᠦ ︽ᠭᠡᠰᠡᠷ ᠤᠨ | ᠲᠤᠭᠤᠵᠢ︾ ᠶᠢ ᠡᠷᠲᠡᠮᠲᠡᠳ ︽ᠪᠡᠭᠡᠵᠢᠩ ᠮᠤᠳᠤᠨ ᠪᠠᠷ ᠤᠨ ᠭᠡᠰᠡᠷ ᠤᠨ ᠲᠤᠭᠤᠵᠢ︾ ᠪᠤᠶᠤ ︽ᠪᠡᠭᠡᠵᠢᠩ ᠪᠠᠷ ᠤᠨ | ᠭᠡᠰᠡᠷ︾ ᠭᠡᠳᠡᠭ ᠪᠠᠶᠢᠨ᠎ᠠ᠃ | ᠪᠡᠭᠡᠵᠢᠩ ᠪᠠᠷ ᠤᠨ ᠭᠡᠰᠡᠷ ᠨᠢ ᠲᠤᠯᠤᠭᠠᠨ ᠪᠦᠯᠦᠭ ᠪᠠᠶᠢᠵᠤ᠂ ᠤᠳᠤ ᠤᠯᠳᠠᠭᠠᠳ ᠪᠠᠶᠢᠭ᠎ᠠ ᠭᠡᠰᠡᠷ ᠤᠨ | ᠪᠦᠬᠦ᠋ᠢᠯᠡ ᠤᠯᠳᠠᠪᠤᠷᠢ ᠠᠴᠠ ᠨᠡᠯᠢᠶᠡᠳ ᠬᠡᠰᠡᠭ ᠳᠤᠳᠠᠭᠤ ᠪᠠᠶᠢᠵᠠᠢ᠃ ᠬᠤᠵᠢᠮ ᠨᠢ ᠪᠡᠭᠡᠵᠢᠩ ᠤᠨ ᠯᠦᠩ ᠹᠦ᠋ ᠰᠧ | ᠵᠡᠭᠡᠯᠢ ᠠᠴᠠ ᠤᠯᠳᠠᠭᠰᠠᠨ ︽ᠯᠦᠩ ᠹᠦ᠋ ᠰᠧ ᠬᠡᠶᠢᠳ ᠤᠨ ︿ᠭᠡᠰᠡᠷ﹀︾ ᠨᠢ ᠶᠠᠭ ᠪᠡᠭᠡᠵᠢᠩ ᠪᠠᠷ ᠤᠨ ᠭᠡᠰᠡᠷ ᠤᠨ | ᠳᠤᠳᠠᠭᠤ ᠬᠡᠰᠡᠭ ᠢ ᠨᠦᠬᠦᠵᠦ᠂ ᠨᠡᠶᠢᠲᠡ ᠠᠷᠪᠠᠨ ᠭᠤᠷᠪᠠᠨ ᠪᠦᠯᠦᠭ ᠪᠤᠯᠳᠠᠭ᠃ 2002 ᠤᠨ ᠳᠤ | ᠪᠡᠭᠡᠵᠢᠩ ᠪᠠᠷ ᠤᠨ ︽ᠭᠡᠰᠡᠷ︾ ᠪᠠ ᠯᠦᠩ ᠹᠦ᠋ ᠰᠧ ᠬᠡᠶᠢᠳ ᠤᠨ ︽ᠭᠡᠰᠡᠷ︾ ᠢ ᠬᠠᠮᠲᠤᠷᠠᠭᠤᠯᠵᠤ ︽ᠭᠡᠰᠡᠷ ᠤᠨ | ᠪᠦᠷᠢᠨ ᠪᠢᠴᠢᠭ︾ ︵ᠲᠡᠷᠢᠭᠦᠨ ᠪᠤᠲᠢ︶ ᠪᠤᠯᠭᠠᠨ ᠬᠡᠪᠯᠡᠭᠦᠯᠪᠡ᠃ ᠪᠡᠭᠡᠵᠢᠩ ᠪᠠᠷ ᠤᠨ ᠭᠡᠰᠡᠷ ᠨᠢ ᠬᠠᠮᠤᠭ | ᠠᠩᠬᠠᠨ ᠤ ᠪᠠᠷ ᠬᠡᠪᠯᠡᠯ ᠪᠠᠶᠢᠵᠤ᠂ ᠤᠯᠠᠨ ᠬᠤᠪᠢ ᠪᠠᠷ ᠳᠠᠷᠤᠮᠠᠯᠯᠠᠭᠳᠠᠨ ᠳᠠᠷᠬᠠᠭᠳᠠᠭᠰᠠᠨ ᠠᠴᠠ ᠤᠯᠠᠨ ᠭᠠᠵᠠᠷ ᠠᠴᠠ | ᠬᠠᠳᠠᠭᠠᠯᠠᠪᠤᠷᠢ ᠤᠯᠳᠠᠵᠤ᠂ ᠪᠡᠭᠡᠵᠢᠩ ᠪᠠᠷ ᠤᠨ ︽ᠭᠡᠰᠡᠷ︾ ᠨᠢ ᠦᠷᠦᠨᠡᠳᠠᠬᠢᠨ ᠬᠦᠷᠲᠡᠯ᠎ᠡ ᠲᠠᠷᠬᠠᠨ | ᠤᠷᠴᠢᠭᠤᠯᠤᠭᠳᠠᠵᠠᠢ᠃ | ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ | ᠲᠡᠪᠰᠢᠭᠦᠯᠦᠭᠰᠡᠨ ᠨᠢ᠄ ᠤᠶᠠᠬᠠᠨ | | |