ᠨᠠᠷᠠ ᠡᠷᠳᠡᠯᠡᠳᠡᠭ ᠨᠤᠳᠤᠭ
ᠨᠡᠶᠢᠲᠡᠯᠡᠭᠰᠡᠨ ᠴᠠᠭ᠄
2020/12/18
ᠥᠰᠰᠦ᠋ᠷᠢ ᠮᠦᠷᠡᠨ ᠤ ᠤᠷᠤᠰᠬᠠᠯ ᠤᠷᠳᠦ ᠠᠴᠠ ᠤᠷᠳᠦ ᠨᠤᠮᠢᠨ ᠴᠡᠩᠭᠡᠷ ᠳᠠᠪᠠᠯᠭᠠᠨ ᠤᠶᠢᠯᠠᠭᠤᠯᠤᠨ᠎ᠠ ᠡᠾᠧᠵᠧ ᠵᠢᠭᠠᠰᠤᠴᠢᠨ ᠮᠢᠩᠭᠠᠨ ᠰᠢᠷᠭᠡᠭ ᠲᠤᠤᠷ ᠢᠶᠠᠨ ᠰᠠᠴᠤᠬᠤᠶ᠎ᠠ ᠮᠦᠷᠡᠨ ᠳᠦᠭᠦᠷᠡᠩ ᠤᠩᠭᠤᠴᠠ᠂ ᠤᠩᠭᠤᠴᠠ ᠳᠦᠭᠦᠷᠡᠩ ᠵᠢᠭᠠᠰᠤ ᠁       ᠡᠨᠡ ᠳᠠᠭᠤᠤ ᠶᠢ ᠪᠢ ᠬᠢᠳᠠᠳ ᠬᠡᠯᠡ ᠪᠠᠷ ᠪᠠᠭ᠎ᠠ ᠨᠠᠰᠤᠨ ᠳᠠᠭᠠᠨ ᠳᠠᠭᠤᠯᠠᠵᠤ ᠰᠤᠷᠤᠭᠰᠠᠨ ᠶᠤᠮ᠃ ᠳᠠᠭᠤᠯᠠᠵᠤ ᠰᠤᠷᠤᠭᠰᠠᠨ ᠴᠤ ᠴᠤᠬᠤᠮ ᠶᠠᠭᠤ ᠳᠠᠭᠤᠯᠠᠵᠤ ᠪᠠᠶᠢᠭ᠎ᠠ ᠶᠢ ᠨᠢ ᠥᠯᠤ ᠮᠡᠳᠡᠳᠡᠭ ᠠᠴᠠ ᠲᠠᠭᠤᠯᠠᠬᠤ ᠳᠤ ᠶᠡᠭᠡ ᠠᠮᠠᠷᠬᠠᠨ ᠪᠠᠶᠢᠵᠤ ᠯᠡ ᠳ᠋ᠡ᠃ ᠬᠢᠳᠠᠳ ᠦᠰᠦᠭ ᠢ ᠳᠠᠨᠢᠵᠤ ᠡᠭᠢᠯᠡᠭᠡᠳ ᠤᠳᠬ᠎ᠠ ᠶᠢ ᠨᠢ ᠮᠡᠳᠡᠭᠦ ᠳᠤ ᠡᠨᠡ ᠪᠤᠯ ᠡᠾᠧᠵᠧ ᠦᠨᠳᠦᠰᠦᠳᠡᠨ ᠤ ︽ᠥᠰᠰᠦ᠋ᠷᠢ ᠮᠦᠷᠡᠨ ᠤ ᠤᠩᠭᠤᠴᠠᠨ ᠳᠠᠭᠤᠤ︾ ᠭᠡᠳᠡᠭ ᠢ ᠮᠡᠳᠡᠭᠰᠡᠨ ᠶᠤᠮ᠃ ᠡᠨᠡ ᠳᠡᠯᠡᠭᠡᠢ ᠳᠤ ᠪᠠᠰᠠ ᠴᠦᠭᠡᠨ ᠠᠴᠠ ᠴᠦᠭᠡᠨ ᠳᠤᠭᠠᠨ ᠤ ᠦᠨᠳᠦᠰᠦᠳᠡᠨ ᠳᠤᠮᠳᠠᠳᠦ ᠤᠯᠤᠰ ᠤᠨ ᠵᠡᠭᠦᠨ ᠬᠤᠶᠢᠳᠦ ᠤᠷᠤᠨ ᠳᠤ ᠳᠠᠷᠬᠠᠨ ᠰᠠᠭᠤᠷᠢᠰᠢᠭ᠎ᠠ ᠨᠢ ᠡᠨᠡ ᠡᠾᠧᠵᠧ ᠦᠨᠳᠦᠰᠦᠳᠡᠨ ᠪᠠᠶᠢᠵᠤ ᠪᠢᠯᠠ᠃ ᠪᠠᠷᠤᠭ ᠳᠦᠷᠪᠡᠨ ᠮᠢᠩᠭ᠎ᠠ ᠢᠯᠡᠭᠦᠤ ᠬᠦᠮᠤᠨ ᠠᠮᠠ ᠲᠠᠢ ᠡᠾᠧᠵᠧ ᠦᠨᠳᠦᠰᠦᠳᠡᠨ ᠬᠠᠷᠠᠮᠦ᠋ᠷᠡᠨ ᠤ ᠲᠦᠩ ᠵᠢᠶᠠᠩ ᠰᠢᠶᠠᠨ᠂ ᠷᠤᠤ ᠡᠾᠧ ᠰᠢᠶᠠᠨ ᠂ ᠹᠦ᠋ ᠶᠤᠸᠠᠨ ᠰᠢᠶᠠᠨ ᠳᠤ ᠳᠠᠷᠬᠠᠵᠤ ᠪᠠᠶᠢᠬᠤ ᠪᠦᠭᠡᠳ ᠤᠷᠤᠰ ᠤᠨ ᠠᠯᠤᠰ ᠳᠤᠷᠤᠨᠠᠳᠦ ᠶᠢᠨ ᠤᠷᠤᠨ ᠳᠤ ᠪᠠᠰᠠ ᠴᠦᠭᠡᠨ ᠳᠤᠭ᠎ᠠ ᠪᠠᠷ ᠠᠵᠤ ᠲᠦᠷᠦᠨ ᠠᠮᠢᠳᠤᠷᠠᠵᠤ ᠪᠠᠶᠢᠭ᠎ᠠ ᠠᠵᠢ᠃ ᠡᠾᠧᠵᠧ ᠬᠡᠯᠡ ᠪᠤᠯ ᠠᠯᠳᠠᠢ ᠢᠵᠠᠭᠤᠷ ᠬᠡᠯᠡᠨ ᠤ ᠮᠠᠨᠵᠤ ᠳᠦᠩᠭᠦᠰ ᠬᠡᠯᠡᠨ ᠤ ᠰᠠᠯᠠᠭᠠᠨ ᠳᠤ ᠪᠠᠭᠳᠠᠳᠠᠭ ᠰᠠᠨ᠃ ᠪᠦᠭᠡ ᠶᠢᠨ ᠱᠠᠰᠢᠨ ᠢ ᠰᠢᠳᠦᠳᠡᠭ ᠡᠨᠡ ᠦᠨᠳᠦᠰᠦᠳᠡᠨ ᠵᠢᠯ ᠤᠨ ᠳᠤᠷᠰᠢ ᠵᠢᠭᠠᠰᠤᠨ ᠤ ᠠᠵᠤ ᠦᠢᠯᠡᠰ ᠡᠵᠡᠩᠨᠡᠨ ᠵᠢᠭᠠᠰᠤᠨ ᠠᠷᠠᠰᠤ ᠪᠠᠷ ᠭᠤᠶᠤ ᠰᠠᠶᠢᠬᠠᠨ ᠬᠤᠪᠴᠠᠰᠤ ᠭᠢᠵᠤ ᠡᠮᠤᠰᠳᠡᠭ ᠤᠯᠠᠮᠵᠢᠯᠠᠯᠳᠦ ᠰᠠᠶᠢᠬᠠᠨ ᠵᠠᠩ ᠵᠠᠩᠰᠢᠯ ᠲᠠᠢ ᠶᠤᠮᠰᠠᠨ᠃     ᠡᠨᠡ ᠡᠾᠧᠵᠧ ᠦᠨᠳᠦᠰᠦᠳᠡᠨ ᠤ ᠠᠵᠤ ᠳᠦᠷᠦᠳᠡᠭ ᠹᠦ᠋ ᠶᠤᠸᠠᠨ ᠰᠢᠶᠠᠨ ᠳᠤ ᠳᠤᠮᠳᠠᠳᠦ ᠤᠯᠤᠰ ᠤᠨ ᠪᠠᠭᠠᠴᠤᠳ ᠭᠡᠤᠭᠡᠳ ᠤᠨ ᠰᠤᠨᠢᠨ ᠰᠡᠳᠭᠦᠯ ᠤᠨ ᠠᠵᠢᠯᠳᠠᠳ ᠤᠨ ᠨᠡᠶᠢᠭᠡᠮᠯᠢᠭ ᠤᠨ ᠬᠤᠷᠠᠯ ᠬᠢᠬᠦ ᠠᠵᠠ ᠲᠤᠬᠢᠶᠠᠵᠤ ᠪᠤᠷᠤᠭᠠᠨ ᠰᠢᠪᠡᠷᠡᠭᠰᠡᠨ ᠨᠢᠬᠡ ᠡᠳᠦᠷ ᠪᠢ ᠡᠨᠡ ᠨᠤᠳᠤᠬ ᠲᠤ ᠬᠦᠯ ᠲᠠᠯᠪᠢᠬᠰᠠᠨ ᠶᠤᠮ᠃ ︽ᠳᠤᠷᠤᠨᠠᠳᠠᠭᠢᠨ ᠤ ᠨᠢᠭᠡᠳᠦᠭᠡᠷ ᠰᠢᠶᠠᠨ︾ ᠭᠡᠰᠡᠨ ᠠᠯᠳᠠᠷ ᠮᠠᠨᠳᠤᠭᠰᠠᠨ ᠡᠨᠡ ᠨᠤᠳᠤᠭ ᠲᠤ ᠬᠦᠯ ᠳᠠᠯᠪᠢᠨ᠎ᠠ ᠬᠡᠵᠦ ᠰᠠᠨᠠᠭ᠎ᠠ ᠵᠡᠬᠦᠳᠦᠨ ᠳᠤ ᠦᠬᠡᠢ ᠶᠠᠪᠤᠵᠠᠢ᠃ ᠳᠤᠮᠳᠠᠳᠦ ᠤᠯᠤᠰ ᠤᠨ ᠨᠤᠳᠤᠭ ᠳᠡᠪᠢᠰᠭᠡᠷ ᠤᠨ ᠭᠠᠵᠡᠷ ᠤᠨ ᠵᠢᠷᠤᠭ ᠢ ᠵᠢᠭᠦᠷ ᠢᠶᠠᠨ ᠳᠡᠯᠭᠡᠨ ᠳᠡᠪᠢᠭᠰᠡᠨ ᠡᠷᠡᠭᠴᠢᠨ ᠳᠠᠬᠢᠶ᠎ᠠ ᠪᠠᠷ ᠵᠦᠢᠷᠯᠡᠪᠡᠯ ᠡᠨᠡ ᠹᠦ᠋ ᠶᠤᠸᠠᠨ ᠰᠢᠶᠠᠨ ᠪᠤᠯ ᠳᠠᠬᠢᠶᠠᠨ ᠤ ᠬᠤᠩᠰᠢᠶᠠᠷ ᠲᠤ ᠤᠷᠤᠰᠢᠬᠤ ᠡᠳᠡᠭᠡᠳ ᠤᠨᠴᠠᠯᠢᠭ ᠲᠠᠢ ᠰᠠᠶᠢᠬᠠᠨ ᠨᠤᠳᠤᠭ ᠪᠠᠶᠢᠵᠤ ᠡᠬᠡ ᠤᠯᠤᠰ ᠤᠨ ᠮᠢᠨᠢ ᠬᠠᠮᠤᠭ ᠤᠨ ᠵᠡᠭᠦᠨ ᠳᠠᠯ᠎ᠠ ᠪᠤᠯᠬᠤ ᠠᠵᠢ᠃ ᠡᠨᠡ ᠨᠤᠳᠤᠬ ᠨᠢ ᠭᠠᠭᠴᠠ ᠡᠭᠦᠨ ᠢᠶᠠᠷ ᠤᠨᠴᠠᠯᠢᠭᠳᠠᠭᠠᠳ ᠵᠤᠭᠰᠤᠬᠤ ᠦᠭᠡᠢ ᠪᠠᠰᠠ ᠨᠠᠷᠠ ᠬᠠᠮᠤᠭ ᠤᠨ ᠡᠷᠳᠡ ᠮᠠᠨᠳᠤᠳᠠᠭ᠂ ᠳᠠᠪᠠᠬ᠎ᠠ ᠵᠢᠭᠠᠰᠤᠨ ᠤ ᠨᠤᠳᠤᠭ᠂ ᠳᠤᠮᠳᠠᠳᠦ ᠤᠯᠤᠰ ᠤᠨ ᠬᠠᠮᠤᠭ ᠤᠨ ᠵᠢᠵᠢᠭ ᠪᠠᠯᠭᠠᠰᠤ — ᠥᠰᠰᠦ᠋ᠷᠢ ᠪᠠᠯᠭᠠᠰᠤ ᠠᠳᠡ ᠪᠠᠶᠢᠳᠠᠭ᠃ ᠠᠳᠡ ᠨᠢᠭᠡ ᠯᠠ ᠵᠤᠷᠪᠤᠰ ᠵᠠᠮ᠂ ᠨᠢᠭᠡ ᠠᠶᠢᠯ ᠡᠷᠦᠭᠡ᠂ ᠨᠢᠭᠡ ᠦᠢᠯᠡᠳᠪᠤᠷᠢ ᠶᠢᠨ ᠭᠡᠷ᠂ ᠨᠢᠭᠡᠨ ᠬᠠᠷᠠᠭᠤᠯ ᠤᠨ ᠴᠢᠭ ᠯᠠ ᠪᠠᠶᠢᠳᠠᠭ ᠢᠶᠠᠷ ᠢᠶᠠᠨ ᠳᠡᠯᠡᠭᠡᠢ ᠳᠤ ᠴᠤ ᠬᠠᠮᠤᠭ ᠤᠨ ᠵᠢᠵᠢᠭ ᠪᠠᠯᠭᠠᠰᠤᠨ ᠳᠤ ᠳᠤᠭᠠᠴᠨᠬᠳᠠᠨ᠎ᠠ᠃      ᠹᠦ᠋ ᠶᠤᠸᠠᠨ ᠰᠢᠶᠠᠨ ᠨᠢ ᠬᠠᠷᠠᠮᠦ᠋ᠷᠡᠨ᠂ ᠥᠰᠰᠦ᠋ᠷᠢ ᠮᠦᠷᠡᠨ ᠤ ᠠᠭᠤᠯᠵᠠᠷ ᠲᠠᠬᠢ ᠭᠤᠷᠪᠡᠯᠵᠢᠨ ᠬᠡᠰᠡᠭ ᠲᠤ ᠪᠠᠶᠢᠷᠢᠯᠠᠵᠤ᠂ ᠳᠤᠮᠳᠠᠳᠦ ᠤᠯᠤᠰ ᠤᠨ ᠬᠠᠮᠤᠭ ᠤᠨ ᠡᠷᠳᠡ ᠨᠠᠷᠠᠨ ᠮᠠᠨᠳᠤᠳᠠᠭ ᠤᠷᠤᠨ ᠪᠤᠯᠬᠤ ᠶᠤᠮ᠃ ᠪᠦᠭᠦ ᠰᠢᠶᠠᠨ ᠤ ᠨᠤᠳᠤᠭ ᠳᠡᠪᠢᠰᠭᠡᠷ ᠤᠨ ᠳᠠᠯᠠᠪᠠᠢ ᠨᠢ 6262.48 ᠲᠡᠭᠰᠢ ᠳᠦᠷᠪᠡᠯᠵᠢᠨ ᠺᠢᠯᠤᠮᠧᠳ᠋ᠷ ᠪᠠᠶᠢᠵᠤ᠂ ᠵᠡᠭᠦᠨ ᠪᠤᠯᠤᠨ ᠬᠤᠶᠢᠨ᠎ᠠ ᠳᠠᠯ᠎ᠠ ᠪᠠᠷ ᠢᠶᠠᠨ ᠤᠷᠤᠰ ᠲᠠᠢ ᠬᠠᠷᠠᠮᠦ᠋ᠷᠡᠨ ᠪᠤᠯᠤᠨ ᠥᠰᠰᠦ᠋ᠷᠢ ᠮᠦᠷᠡᠨ ᠢᠶᠠᠷ ᠠᠯᠤᠰᠯᠠᠨ ᠬᠢᠯᠢᠯᠡᠳᠡᠭ᠃      ᠪᠢᠳᠡ ᠹᠦ᠋ ᠶᠤᠸᠠᠨ ᠰᠢᠶᠠᠨ ᠳᠤ ᠭᠤᠷᠪᠡᠨ ᠡᠳᠤᠷ ᠪᠦᠷ ᠯᠠ ᠵᠢᠭᠠᠰᠤ ᠪᠠᠷ ᠭᠤᠤᠯᠯᠠᠭᠰᠠᠨ ︽ᠵᠢᠭᠠᠰᠤᠨ ᠳᠠᠶᠢᠯᠠᠯᠭ᠎ᠠ︾ ᠳᠤ ᠤᠷᠤᠯᠴᠠᠭᠰᠠᠨ ᠳᠤᠯᠠ ᠵᠢᠭᠠᠰᠤᠨ ᠤ ᠳᠤᠬᠠᠢ ᠦᠨᠡᠭᠡᠷ ᠨᠢᠭᠡ ᠨᠢᠳᠦ ᠨᠡᠭᠡᠭᠡᠭᠰᠡᠨ ᠪᠠᠶᠢᠨ᠎ᠠ᠃ ᠨᠢᠭᠡ ᠡᠷᠡᠨ ᠤ ᠬᠤᠭᠤᠯᠠᠨ ᠳᠤ ᠠᠷᠪᠠᠭᠠᠳ ᠳᠦᠷᠤᠯ ᠤᠨ ᠵᠢᠭᠠᠰᠤ ᠶᠢ ᠴᠢᠨᠠᠬᠤ᠂ ᠵᠢᠩᠨᠡᠭᠦ᠂ ᠬᠠᠭᠤᠷᠬᠤ ᠠᠷᠭ᠎ᠠ ᠪᠠᠷ ᠳᠠᠪᠬᠤᠴᠠᠭᠤᠯᠤᠯ ᠦᠭᠡᠢ ᠭᠠᠷᠭᠠᠵᠤ᠂ ᠠᠷᠭ᠎ᠠ ᠦᠭᠡᠢ ᠯᠠ ᠵᠢᠭᠠᠰᠤᠨ ᠤ ᠨᠤᠳᠤᠭ ᠢ ᠪᠢᠰᠢᠷᠡᠭᠦ ᠳᠤ ᠬᠦᠷᠴᠠᠢ᠃ ᠠᠳᠡ ᠳᠠᠪᠠᠬ᠎ᠠ ᠵᠢᠭᠠᠰᠤ᠂ ᠬᠢᠯᠢᠮ᠎ᠠ ᠵᠢᠭᠠᠰᠤᠨ ᠤ ᠨᠤᠳᠤᠭ ᠪᠠᠶᠢᠵᠤ᠂ ᠡᠳᠡᠭᠡᠷ ᠵᠢᠭᠠᠰᠤᠨ ᠤ ᠦᠨᠳᠡᠭᠡᠨ ᠵᠢᠶᠠᠩ ᠨᠢ ᠮᠠᠰᠢ ᠠᠯᠳᠠᠷᠳᠠᠢ ᠪᠦᠭᠡᠳ ᠴᠢᠨᠡᠷ ᠤᠨ ᠳᠡᠰ ᠨᠢ ᠤᠯᠠᠨ ᠪᠠᠶᠢᠵᠤ᠂ ᠦᠨ᠎ᠠ ᠨᠢ ᠴᠤ ᠠᠳᠠᠯᠢ ᠦᠭᠡᠢ ᠪᠠᠶᠢᠳᠠᠭ᠃ ᠶᠡᠷᠦᠩᠭᠡᠢ ᠳᠡᠭᠡᠨ ᠶᠡᠭᠡ ᠦᠨᠡᠳᠠᠢ᠂ ᠭᠷᠡᠮ ᠢᠶᠠᠷ ᠨᠢᠭᠡᠴᠡᠯᠡᠭᠰᠡᠨ ︽ᠬᠠᠷ᠎ᠠ ᠰᠤᠪᠤᠳ ᠤᠨ ᠵᠢᠭᠠᠰᠤᠨ ᠥᠨᠳᠡᠭᠡ︾ ᠨᠢ ᠭᠷᠡᠮ ᠪᠦᠷᠢ ᠳᠡᠭᠡᠨ ᠬᠡᠳᠤᠨ ᠵᠠᠭᠤᠨ ᠳᠦᠭᠦᠷᠢᠭ ᠲᠤ ᠬᠦᠷᠴᠦ ᠪᠠᠶᠢᠳᠠᠭ᠃ ᠵᠢᠭᠠᠰᠤᠨ ᠤ ᠢᠳᠡᠭᠡᠨ ᠤ ᠳᠤᠰᠬᠠᠢ ᠵᠡᠭᠡᠯᠢ ᠲᠠᠢ ᠪᠦᠬᠡᠳ ᠤᠷᠤᠰ ᠤᠨ ᠪᠠᠷᠠᠭ᠎ᠠ ᠳᠠᠸᠠᠷ ᠴᠤ ᠤᠯᠠᠨ ᠪᠠᠶᠢᠵᠤ᠂ ᠦᠵᠡᠳᠡᠯ᠎ᠠ ᠭᠢᠯᠢ ᠶᠢᠨ ᠬᠤᠳᠠ — ᠡᠷᠢᠶᠠᠨ᠂ ᠮᠠᠨᠵᠤᠤᠷ ᠢ ᠰᠠᠨᠠᠭᠳᠠᠭᠤᠯᠤᠨ᠎ᠠ᠃ ᠭᠡᠭᠦ ᠳᠡᠭᠡᠨ ᠹᠦ᠋ ᠶᠤᠸᠠᠨ ᠰᠢᠶᠠᠨ ᠳᠤ ᠠᠭᠠᠷ ᠤᠨ ᠵᠠᠮ᠂ ᠤᠰᠤᠨ ᠵᠠᠮ᠂ ᠬᠠᠭᠤᠷᠠᠢ ᠵᠠᠮ ᠤᠨ ᠱᠤᠭᠤᠮ ᠪᠦᠭᠦᠳᠡ ᠨᠡᠪᠳᠡᠷᠡᠵᠤ ᠵᠠᠮ ᠬᠠᠷᠢᠯᠴᠠᠭ᠎ᠠ ᠮᠠᠰᠢ ᠲᠦᠭᠦᠮ ᠪᠠᠶᠢᠳᠠᠭ᠃ ᠨᠢᠰᠭᠡᠯ ᠢᠶᠠᠷ᠂ ᠭᠠᠯᠳᠤ ᠲᠡᠷᠬᠡ ᠪᠠᠷ᠂ ᠮᠠᠰᠢᠨ ᠢᠶᠠᠷ᠂ ᠤᠩᠭᠤᠴᠠ ᠪᠠᠷ ᠪᠦᠷ ᠵᠤᠷᠢᠭᠰᠠᠨ ᠭᠠᠵᠡᠷ ᠲᠠᠭᠠᠨ ᠬᠦᠷᠴᠦ ᠪᠤᠯᠳᠠᠭ᠃      ᠠᠮᠤ ᠵᠢᠭᠠᠰᠤᠨ ᠤ ᠨᠤᠳᠤᠭ᠂ ᠠᠷᠠᠯᠵᠢᠶ᠎ᠠ ᠬᠤᠳᠠᠯᠳᠤᠭᠠᠨ ᠤ ᠬᠦᠭᠵᠢᠯ ᠨᠢ ᠡᠨᠡ ᠨᠤᠳᠤᠭ ᠤᠨ ᠬᠦᠮᠤᠰ ᠲᠤ ᠪᠠᠶᠠᠨ ᠳᠠᠩᠰᠤᠭ ᠠᠮᠢᠳᠤᠷᠠᠯ ᠢ ᠠᠪᠴᠢᠷᠠᠵᠤ ᠥᠭᠭᠦᠭᠰᠡᠨ ᠢᠶᠠᠷ ᠥᠯᠤ ᠪᠠᠷᠠᠨ ᠪᠤᠬᠢᠷᠳᠤᠯ ᠦᠭᠡᠢ ᠭᠠᠵᠡᠷ ᠤᠰᠤ᠂ ᠢᠳᠡᠭᠡᠨ ᠤᠮᠳᠠᠭᠠᠨ᠂ ᠴᠢᠭᠢᠭᠯᠢᠭ ᠠᠭᠤᠷ ᠠᠮᠢᠰᠬᠤᠯ ᠨᠢ ᠡᠷᠡᠭᠦᠯ ᠮᠡᠨᠳᠦ ᠳᠤ ᠮᠠᠰᠢ ᠲᠤᠰᠠᠳᠠᠢ ᠪᠠᠶᠢᠵᠤ᠂ ᠠᠳᠡᠭᠢ ᠬᠦᠮᠤᠰ ᠤᠷᠳᠦ ᠨᠠᠰᠤᠯᠠᠨ ᠤᠳᠠᠭᠠᠨ ᠵᠢᠷᠭᠠᠵᠤ ᠪᠠᠶᠢᠨ᠎ᠠ᠃ ᠨᠠᠷᠠ ᠮᠠᠨᠳᠤᠬᠤ ᠶᠢ ᠬᠠᠮᠤᠭ ᠤᠨ ᠤᠷᠢᠳᠠᠪᠠᠷ ᠬᠠᠮᠢᠭ᠎ᠠ ᠭᠠᠵᠡᠷ ᠠᠴᠠ ᠤᠯᠵᠤ ᠬᠠᠷᠠᠬᠤ ᠨᠢ ᠬᠦᠮᠤᠰ ᠤᠨ ᠳᠤᠷ᠎ᠠ ᠰᠤᠨᠢᠷᠬᠠᠯ ᠢ ᠳᠠᠳᠠᠳᠠᠭ ᠵᠦᠢᠯ ᠪᠤᠯᠬᠤ ᠶᠤᠮ᠃ ᠠᠷᠪᠠᠭᠠᠳ ᠵᠢᠯ ᠤᠨ ᠡᠮᠤᠨ᠎ᠠ ᠪᠢᠳᠡ ᠪᠸᠢ ᠳ᠋ᠠᠢ ᠡᠾᠧ ᠳᠤ ᠬᠦᠷᠴᠦ᠂ ᠳᠠᠷᠠᠭ᠎ᠠ ᠥᠷᠯᠦᠭᠡ ᠨᠢ ᠬᠠᠷᠠᠩᠭᠤᠢ ᠪᠠᠷ ᠪᠤᠰᠴᠦ᠂ ᠵᠢᠭᠠᠰᠤᠴᠢᠨ ᠤ ᠵᠢᠵᠢᠭ ᠤᠩᠭᠤᠴᠠ ᠪᠠᠷ ᠳᠠᠯᠠᠢ ᠳᠤ ᠭᠠᠷᠤᠭᠰᠠᠨ ᠢᠶᠠᠨ ᠰᠠᠨᠠᠪᠠᠯ ᠦᠨᠡᠭᠡᠷ ᠠᠶᠤᠮᠰᠢᠭ ᠲᠠᠢ ᠰᠠᠨᠠᠭᠳᠠᠨ᠎ᠠ᠃ ᠡᠭᠦᠯᠠ ᠮᠠᠨᠠᠨ ᠲᠠᠢ ᠥᠷᠯᠦᠭᠡ ᠪᠠᠶᠢᠵᠤ᠂ ᠪᠢᠳᠡ ᠨᠠᠷᠠ ᠮᠠᠨᠳᠤᠬᠤ ᠶᠢ ᠦᠵᠡᠭᠦ ᠶᠢ ᠪᠠᠶᠢᠳᠤᠭᠠᠢ ᠤᠩᠭᠤᠴᠠ ᠠᠷᠠᠢ ᠬᠦᠷᠪᠡᠵᠤ ᠠᠮᠢ ᠪᠠᠨ ᠠᠯᠳᠠᠭᠰᠠᠨ ᠦᠭᠡᠢ ᠨᠢ ᠨᠢᠭᠡ ᠠᠵᠠ ᠪᠢᠯᠠ᠃ ᠳᠠᠶᠢᠱᠠᠨ ᠠᠭᠤᠯᠠᠨ ᠳᠤ ᠭᠠᠷᠤᠭᠠᠳ ᠨᠠᠷᠠ ᠮᠠᠨᠳᠤᠬᠤ ᠶᠢ ᠦᠵᠡᠭᠦ ᠦᠭᠡᠢ ᠪᠤᠯ ᠭᠤᠤᠯ ᠭᠡᠳᠦᠯᠦᠭᠡᠳ ᠮᠤᠷᠢ ᠪᠠᠨ ᠤᠰᠤᠯᠠᠭᠰᠠᠨ ᠦᠭᠡᠢ ᠲᠠᠢ ᠠᠳᠠᠯᠢ ᠬᠠᠷᠠᠮᠰᠠᠯ ᠲᠦᠷᠦᠭᠦᠯᠳᠡᠭ ᠭᠡᠵᠤ ᠬᠦᠮᠤᠰ ᠭᠡᠯᠡᠳᠡᠭ ᠴᠤ ᠳᠡᠳᠡᠭᠡᠷ ᠭᠠᠵᠡᠷ ᠤᠷᠤᠨ ᠳᠤ ᠨᠠᠷᠠ ᠬᠠᠮᠤᠭ ᠡᠷᠳᠡ ᠮᠠᠨᠳᠤᠳᠠᠭ ᠪᠢᠰᠢ᠂ ᠬᠠᠰᠢᠯᠠ ᠡᠨᠡ ᠹᠦ᠋ ᠶᠤᠸᠠᠨ ᠳᠤ ᠨᠠᠷᠠ ᠮᠠᠨᠳᠤᠬᠤ ᠶᠢ ᠦᠵᠡᠵᠤ ᠭᠤᠶᠤ ᠵᠢᠷᠤᠬ ᠳᠠᠳᠠᠨ᠎ᠠ ᠭᠡᠳᠡᠭ ᠨᠢ ᠮᠢᠨᠤ ᠳᠤᠬᠠᠢ ᠶᠢᠨ ᠦᠶ᠎ᠠ ᠶᠢᠨ ᠬᠠᠮᠤᠭ ᠤᠨ ᠶᠡᠭᠡ ᠬᠦᠰᠡᠯ ᠪᠤᠯᠵᠠᠢ᠃ ᠨᠠᠷᠠ ᠮᠠᠨᠳᠤᠬᠤ ᠶᠢ ᠤᠯᠵᠤ ᠬᠠᠷᠠᠭᠠᠳ ᠪᠦᠳᠦᠨ ᠡᠳᠤᠷ ᠴᠢᠷᠠᠢ ᠲᠦᠭᠦᠷᠡᠩ ᠨᠠᠷᠠ ᠲᠠᠢ ᠶᠠᠪᠤᠨ᠎ᠠ ᠭᠡᠭᠦ ᠠᠴᠠ ᠪᠠᠶᠠᠷᠯᠠᠨ ᠵᠡᠭᠦᠳᠦ ᠨᠦᠢᠷ ᠠᠴᠠ ᠪᠠᠨ ᠦᠷᠭᠦᠨ ᠪᠤᠰᠤᠭᠰᠠᠨ ᠪᠢᠯᠠ᠃ ᠵᠤᠨ ᠤ ᠴᠠᠭ ᠲᠤ ᠠᠳᠡ ᠪᠡᠭᠡᠵᠢᠩ ᠤᠨ ᠴᠠᠭ ᠢᠶᠠᠷ 2 ᠴᠠᠭ ᠢᠯᠡᠭᠦᠤ ᠳᠤ ᠨᠠᠷᠠ ᠮᠠᠨᠳᠤᠳᠠᠭ᠃ ᠤᠳᠤ ᠠᠷᠪᠠᠳᠤᠭᠠᠷ ᠰᠠᠷ᠎ᠠ ᠶᠢᠨ ᠳᠤᠮᠳᠠᠴᠢ ᠲᠤᠯᠠ ᠠᠷᠠᠢ ᠤᠷᠦ᠋ᠢᠬᠠᠨ ᠮᠠᠨᠳᠤᠳᠠᠭ ᠠᠵᠢ᠃     ᠪᠢᠳᠡ ᠥᠷᠯᠦᠭᠡ ᠡᠷᠳᠡ 4 ᠴᠠᠭ 30 ᠮᠢᠨᠦ᠋ᠲ ᠲᠤ ᠹᠦ᠋ ᠶᠤᠸᠠᠨ ᠰᠢᠶᠠᠨ ᠤ ᠡᠤ ᠬᠤᠸᠠ ᠱᠠᠨ ᠠᠭᠤᠯᠠᠨ ᠳᠤ ᠭᠠᠷᠴᠦ ᠨᠠᠷᠠ ᠮᠠᠨᠳᠤᠬᠤ ᠶᠢ ᠳᠠᠰᠴᠦ ᠶᠠᠳᠠᠨ ᠬᠦᠯᠢᠶᠡᠯ᠎ᠡ᠃ ᠵᠢᠭᠡᠭᠦᠨ ᠬᠦᠢᠳᠡᠨ ᠵᠢᠪᠡᠷ ᠨᠡᠪᠳᠡ ᠦᠯᠢᠶᠡᠵᠤ᠂ ᠬᠠᠴᠨᠷ ᠨᠢᠭᠤᠷ᠂ ᠭᠠᠷ᠂ ᠬᠦᠯ ᠢ ᠬᠦᠯᠳᠡᠭᠡᠮᠡᠷ ᠴᠠᠷᠴᠠᠭᠠᠮᠠᠷ ᠪᠤᠯᠤᠭᠰᠠᠨ ᠴᠦ ᠨᠠᠷᠠᠨ ᠮᠠᠨᠳᠤᠬᠤ ᠶᠢ ᠬᠠᠷᠠᠨ᠎ᠠ ᠭᠡᠰᠡᠨ ᠪᠢᠳᠡᠨ ᠤ ᠤᠷᠭᠢᠯᠤᠭᠰᠠᠨ ᠰᠡᠳᠭᠢᠯᠭᠡ ᠶᠢ ᠳᠠᠷᠣᠵᠤ ᠳᠠᠶᠢᠯᠦᠭᠰᠡᠨ ᠦᠭᠡᠢ᠃ ᠬᠦᠯᠢᠶᠡᠵᠤ ᠪᠠᠶᠢᠳᠠᠯ᠎ᠠ ᠵᠡᠭᠦᠨ ᠵᠦᠭ ᠠᠴᠠ ᠭᠠᠯ ᠤᠯᠠᠭᠠᠨ ᠨᠠᠷᠠᠨ ᠢᠳᠡᠭ ᠢᠳᠡᠭ ᠢᠶᠠᠷ ᠮᠠᠨᠳᠤᠵᠤ᠂ ᠬᠠᠷᠠᠮᠦ᠋ᠷᠡᠨ ᠪᠠᠰᠠ ᠲᠡᠭᠡᠭᠡᠳ ᠹᠦ᠋ ᠶᠤᠸᠠᠨ ᠪᠠᠯᠭᠠᠰᠤ ᠶᠢ ᠠᠯᠳᠠᠨ ᠰᠢᠷᠭᠠᠯ ᠪᠤᠯᠭᠠᠨ ᠨᠠᠷᠠᠨ ᠢᠩᠭᠢᠵᠤ ᠮᠠᠨᠳᠤᠪᠠ᠃ ᠡᠨᠡ ᠦᠶ᠎ᠠ ᠳᠤ ᠥᠷᠯᠦᠭᠡ ᠶᠢᠨ 5 ᠴᠠᠭ 21 ᠮᠢᠨᠦ᠋ᠲ ᠥᠩᠭᠡᠷᠡᠵᠤ ᠪᠠᠶᠢᠯ᠎ᠠ᠃ ᠭᠠᠵᠡᠷ ᠤᠨ ᠬᠢᠵᠠᠭᠠᠷ ᠠᠴᠠ ᠮᠠᠨᠳᠤᠨ ᠭᠠᠷᠤᠭᠰᠠᠨ ᠭᠠᠯ ᠤᠯᠠᠭᠠᠨ ᠨᠠᠷᠠᠨ ᠬᠦᠮᠤᠰ ᠲᠤ ᠰᠢᠨ᠎ᠠ ᠰᠠᠶᠢᠬᠠᠨ ᠪᠦᠭᠦᠨ ᠢ ᠠᠪᠴᠢᠷᠠᠨ ᠥᠭᠭᠦᠭᠡᠳ ᠥᠪᠡᠷ ᠤᠨ ᠠᠵᠢᠯ ᠤᠨ ᠱᠤᠭᠤᠮ ᠢᠶᠠᠷ ᠢᠶᠠᠨ ᠶᠠᠭᠠᠷᠠᠵᠤ ᠡᠭᠢᠯᠡᠵᠡᠢ᠃    ᠰᠢᠨ᠎ᠠ ᠨᠢᠭᠡᠨ ᠠᠮᠢᠯᠠᠯ ᠪᠡᠯᠭᠡᠳᠡᠯ᠂ ᠰᠢᠨ᠎ᠠ ᠨᠢᠭᠡᠨ ᠬᠦᠰᠡᠯ ᠮᠦᠷᠦᠭᠡᠳᠦᠯ ᠤᠷᠭᠤᠨ ᠲᠦᠯᠵᠢᠵᠤ᠂ ︽ᠳᠤᠷᠤᠨᠠᠳᠠᠭᠢᠨ ᠤ ᠨᠢᠭᠡᠳᠦᠭᠡᠷ ᠪᠠᠯᠭᠠᠰᠤ︾ ᠶᠢ ᠰᠠᠷᠠᠭᠤᠯ ᠰᠠᠶᠢᠬᠠᠨ᠂ ᠬᠦᠷ ᠪᠠᠶᠠᠰᠤᠯ ᠲᠠᠢ ᠪᠤᠯᠭᠠᠪᠠ᠃ ᠤᠰᠤᠨ ᠤ ᠪᠠᠶᠠᠨ ᠰᠠᠩ᠂ ᠤᠷᠭᠤᠮᠠᠯ ᠠᠮᠢᠳᠠᠨ ᠤ ᠡᠯᠪᠡᠭ ᠳᠡᠯᠪᠡᠭ ᠢ ᠭᠠᠶᠢᠬᠠᠭᠤᠯᠤᠭᠰᠠᠨ ᠹᠦ᠋ ᠶᠤᠸᠠᠨ ᠰᠢᠶᠠᠨ ᠳᠤ ᠡᠾᠸᠢ ᠰᠢᠶᠠ ᠽᠢ ᠠᠷᠠᠯ ᠭᠡᠵᠤ ᠪᠠᠶᠢᠳᠠᠭ᠃ 1929 ᠤᠨ ᠳᠤ ᠡᠨᠡᠭᠦ ᠠᠷᠠᠯ ᠢ ᠤᠤᠯ ᠤᠨ ᠵᠦᠪᠯᠡᠯᠳᠦ ᠬᠤᠯᠪᠤᠭᠠᠳᠤ ᠤᠯᠤᠰ ᠡᠵᠡᠯᠡᠨ ᠠᠪᠴᠦ᠂ 2004 ᠤᠨ ᠪᠤᠯᠬᠤ ᠳᠤ ᠠᠷᠠᠯ ᠤᠨ ᠪᠠᠷᠠᠭᠤᠨ ᠬᠠᠭᠠᠰ ᠬᠡᠰᠡᠭ ᠢ ᠨᠢ ᠳᠤᠮᠳᠠᠳᠦ ᠤᠯᠤᠰ ᠲᠤ ᠪᠤᠴᠠᠭᠠᠨ ᠥᠭᠭᠦᠭᠰᠡᠨ ᠴᠤ ᠨᠦᠬᠦᠭᠡ ᠬᠠᠭᠠᠰ ᠭᠡᠰᠡᠭ ᠢ ᠨᠢ ᠤᠷᠤᠰ ᠮᠦᠨ ᠯᠠ ᠡᠵᠡᠯᠡᠭᠰᠡᠭᠡᠷ ᠪᠠᠶᠢᠳᠠᠭ᠃ ᠤᠢ ᠮᠦᠷᠡᠨ ᠢᠶᠠᠷ ᠪᠦᠷᠭᠦᠭᠳᠡᠭᠰᠡᠨ ᠡᠨᠡ ᠠᠷᠠᠯ ᠦᠨᠡᠭᠡᠷ ᠭᠤᠶᠤ ᠦᠵᠡᠮᠵᠢᠳᠦ ᠤᠷᠤᠨ ᠪᠤᠯᠬᠤ ᠶᠤᠮ᠃ ᠮᠦᠷᠡᠨ ᠤ ᠬᠦᠪᠡᠭᠡᠨ ᠳᠡᠭᠡᠷ᠎ᠠ ᠠᠴᠠ ᠪᠠᠷᠠᠯᠠᠬᠤ ᠳᠤ ᠤᠷᠤᠰ ᠤᠨ ᠬᠤᠳᠠ ᠰᠠᠭᠤᠷᠢᠨ ᠨᠤᠭᠤᠳ ᠵᠢᠷᠪᠢᠯᠵᠡᠨ ᠬᠠᠷᠠᠭᠳᠠᠨ᠎ᠠ᠃ ᠠᠵᠢᠯ ᠶᠠᠭᠠᠷᠠᠤ ᠪᠢᠰᠢ ᠪᠤᠯᠤᠭᠰᠠᠨ ᠪᠤᠯ ᠤᠷᠤᠰ ᠤᠨ ᠬᠠᠸᠠᠯᠦ᠋ᠰᠺᠢ ᠬᠤᠳᠠ ᠳᠤ ᠬᠦᠷᠦᠭᠡᠳ ᠢᠷᠡᠭᠰᠡᠨ ᠪᠤᠯ ᠶᠠᠮᠠᠷ ᠰᠠᠶᠢᠬᠠᠨ ᠪᠤᠯ︖ ᠭᠡᠵᠤ ᠪᠤᠳᠤᠪᠠᠴᠦ ᠰᠠᠶᠢᠬᠠᠨ ᠪᠦᠭᠦᠨ ᠢ ᠵᠠᠪᠠᠯ ᠬᠠᠷᠠᠵᠤ ᠪᠠᠶᠢᠬᠤ ᠶᠢᠨ ᠠᠯᠪᠠ ᠭᠦᠮᠤᠰ ᠲᠤ ᠳᠠᠩᠳᠠ ᠪᠠᠶᠢᠬᠤ ᠶᠢᠨ ᠭᠡᠷᠡᠭ ᠦᠭᠡᠢ ᠬᠠᠷᠢᠨ ᠤᠷᠠᠨ ᠳᠦᠰᠦᠭᠡᠯᠡᠭᠦᠢ ᠪᠠᠷ ᠢᠶᠠᠨ ᠲᠦᠰᠦᠭᠡᠯᠡᠨ ᠪᠤᠳᠤᠵᠤ ᠪᠤᠯᠳᠠᠭ᠂ ᠤᠴᠢᠷ ᠨᠢ ᠬᠦᠮᠤᠰ ᠲᠤ ᠬᠠᠮᠤᠭ ᠤᠨ ᠡᠷᠭᠢᠮ ᠦᠨᠡᠳᠦ ᠰᠠᠶᠢᠨ ᠰᠠᠶᠢᠬᠠᠨ ᠵᠦᠢᠯ ᠪᠤᠯ ᠬᠠᠰᠢᠯᠠ ᠡᠭᠡ ᠨᠤᠳᠤᠭ ᠮᠢᠨᠢ ᠪᠢᠯᠡ᠃     ᠪᠢᠳᠡ ᠤᠳᠠᠯ ᠦᠭᠡᠢ ᠹᠦ᠋ ᠶᠤᠸᠠᠨ ᠰᠢᠶᠠᠨ ᠠᠴᠠ ᠠᠶᠠᠷᠯᠠᠨ ᠰᠠᠯᠤᠯ᠎ᠠ᠃     ᠮᠦᠷᠡᠨ ᠤ ᠴᠢᠨᠠᠳᠦ ᠠᠴᠠ ᠡᠾᠧᠵᠧ ᠬᠦᠮᠤᠨ ᠤ ᠳᠠᠭᠤᠤ ᠰᠤᠨᠤᠰᠳᠠᠬᠤ ᠰᠢᠭ᠋᠂ ᠳᠡᠷᠠ ᠨᠢ ᠥᠨᠢ ᠡᠷᠳᠡᠨ ᠤ ᠨᠢᠭᠡ ᠦᠨᠳᠦᠰᠦᠳᠡᠨ ᠤ ᠳᠡᠦᠭᠡ ᠶᠢᠨ ᠲᠠᠶᠢᠯᠦᠨ᠎ᠡ ᠤᠤ ᠳ᠋ᠠ᠃ ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2