ᠲᠤᠮᠤᠭ ᠶᠠᠷᠢᠶ᠎ᠠ ᠪᠤᠯ ᠮᠤᠩᠭᠤᠯ ᠠᠷᠠᠳ ᠤᠨ ᠠᠮᠠᠨ ᠵᠤᠬᠢᠶᠠᠯ ᠤᠨ ᠲᠤᠳᠤᠷ᠎ᠠ ᠰᠠᠳᠤᠪ ᠠᠭᠤᠯᠭ᠎ᠠ ᠪᠠᠷ | ᠪᠠᠶᠠᠯᠢᠭ᠂ ᠲᠤᠭ᠎ᠠ ᠬᠡᠮᠵᠢᠶ᠎ᠠ ᠪᠠᠷ ᠤᠯᠠᠨ᠂ ᠲᠠᠷᠬᠠᠴᠠ ᠪᠠᠷ ᠥᠷᠬᠡᠨ᠂ ᠥᠷᠬᠦᠯᠵᠢᠯᠡᠭᠰᠠᠨ ᠥᠬᠡ ᠶᠢᠨ ᠬᠡᠯᠪᠠᠷᠢ | ᠪᠥᠬᠦᠢ ᠴᠢᠬᠤᠯᠨ ᠨᠢᠬᠡ ᠲᠢᠭ ᠬᠡᠯᠪᠠᠷᠢ ᠪᠤᠯᠤᠨ᠎ᠠ᠃ ᠲᠡᠷᠨ ᠨᠢ ᠭᠤᠤᠯᠳᠠᠭᠤ ᠲᠡᠤᠬᠡᠳᠤ ᠬᠥᠮᠤᠨ᠂ ᠲᠡᠤᠬᠡᠳᠤ ᠬᠡᠷᠡᠭ | ᠶᠠᠪᠤᠳᠠᠯ᠂ ᠲᠡᠤᠬᠡᠨ ᠲᠤᠷᠡᠰᠠᠬᠠᠯᠳᠤ ᠵᠦᠢᠯᠠᠰ᠂ ᠭᠠᠵᠠᠷ ᠤᠰᠤ᠂ ᠵᠠᠩ ᠤᠶᠢᠯᠨ ᠵᠡᠷᠬᠡ ᠪᠠᠷ ᠰᠠᠳᠤᠪᠯᠡᠵᠤ | ᠵᠤᠬᠢᠶᠠᠭᠳᠠᠭᠰᠠᠨ ᠪᠠᠶᠢᠳᠠᠭ᠃ ᠳᠡᠬᠡᠳᠣ ᠮᠣᠩᠭᠤᠯᠴᠤᠤᠨ ᠪᠤᠯ ᠳᠤᠮᠤᠭ ᠶᠠᠷᠢᠶ᠎ᠠ ᠶᠢᠨ ᠥᠪ ᠢᠶᠠᠷ ᠪᠠᠶ᠋ᠨᠯᠢᠭ | ᠤᠠᠨᠰᠭᠠᠳᠠᠨ ᠤ ᠨᠢᠬᠡ ᠨᠢ ᠪᠠᠶᠢᠵᠡᠢ᠃ ᠬᠠᠷᠮᠡᠰᠠᠯᠲᠡᠢ ᠨᠢ ᠡᠷᠳᠡ ᠳᠡᠬᠡᠳᠣ ᠥᠶ᠎ᠠ ᠠᠴᠠ ᠥᠰᠣᠭ᠌ ᠪᠢᠴᠢᠭ ᠢᠶᠠᠷ | ᠲᠡᠮᠳᠡᠭᠯᠡᠭᠳᠠᠵᠤ ᠤᠯᠠᠮᠵᠢᠯᠠᠭᠳᠠᠵᠤ ᠢᠷᠡᠭᠰᠠᠨ ᠲᠤᠮᠤᠭ ᠶᠠᠷᠢᠶ᠎ᠠ ᠲᠦᠢᠯ ᠤᠨ ᠬᠤᠪᠣᠷᠬᠠᠨ ᠪᠠᠶᠢᠳᠠᠭ᠃ ᠲᠡᠬᠡᠳᠤ | ᠮᠤᠩᠭᠤᠯ ᠤᠨ ᠥᠰᠦᠭ ᠪᠢᠴᠢᠭ ᠢᠶᠠᠷ ᠲᠡᠮᠳᠡᠭᠯᠡᠭᠳᠡᠭᠰᠡᠨ ᠬᠠᠮᠤᠭ ᠠᠩᠬᠠᠨ ᠤ ᠭᠠᠵᠠᠷ ᠤᠰᠤᠨ ᠤ ᠲᠤᠮᠤᠭ ᠶᠠᠷᠢᠶ᠎ᠠ | ᠬᠡᠪᠠᠯ ︽ᠠᠮᠳᠤᠤ ᠶᠢᠨ ᠲᠥᠷᠤ ᠱᠠᠰᠢᠨ ᠤ ᠲᠡᠤᠬᠡ︾ ᠳᠠᠬᠢ ︽ᠰᠢᠷᠡᠬᠡᠳᠤ︾ ᠬᠡᠬᠦ ᠲᠤᠮᠤᠭ ᠪᠤᠯᠤᠨ ᠰᠥᠮᠪᠠ ᠺᠡᠮᠪᠤ | ᠢᠰᠢᠪᠠᠯᠵᠣᠣᠷ ᠤᠨ ᠪᠢᠴᠢᠭᠰᠡᠨ ︽ᠬᠥᠬᠡᠨᠠᠭᠤᠷ ᠤᠨ ᠲᠡᠣᠬᠡ ᠲᠡᠷᠢᠬᠦᠳᠠᠨ ᠢ ᠥᠬᠦᠯᠡᠭᠰᠠᠨ ᠡᠰᠡᠷᠸ᠎ᠠ ᠶᠢᠨ ᠢᠷᠠᠭᠤ | ᠲᠠᠭᠤᠯᠠᠯ ᠰᠤᠷᠭᠤᠭ ᠰᠤᠨᠤᠰᠬᠤᠯᠡᠩ︾ ︹1︺ ᠲᠠᠬᠢ ︽ᠬᠥᠬᠡ ᠨᠠᠭᠤᠷ ᠤᠨ ᠲᠤᠮᠤᠭ︾᠂ ︽ᠮᠢᠩᠭᠠᠨ | ᠢᠮᠠᠭᠠᠳᠤ︾ ᠬᠡᠬᠦ ᠵᠡᠷᠬᠡ ᠭᠠᠵᠠᠷ ᠤᠰᠤᠨ ᠤ ᠨᠠᠷᠠ ᠶᠢᠨ ᠲᠤᠮᠤᠭ ᠪᠤᠢ᠃ ︽ᠮᠢᠩᠭᠠᠨ ᠢᠮᠠᠭᠠᠳᠤ︾ ᠬᠡᠬᠦ ᠲᠤᠮᠤᠭ | ᠶᠠᠷᠢᠶ᠎ᠠ ᠨᠢ ᠶᠠᠭ ᠬᠥᠤᠰᠢ ᠬᠠᠨ ᠲᠠᠢ ᠬᠤᠯᠪᠤᠭᠳᠠᠭᠰᠠᠨ ᠭᠠᠵᠠᠷ ᠤᠰᠤᠨ ᠤ ᠨᠠᠷᠠ ᠶᠢᠨ ᠲᠤᠮᠤᠭ ᠪᠤᠯᠤᠨ᠎ᠠ᠃ | ᠨᠢᠬᠡ᠂ ᠲᠡᠬᠡᠳᠤ ᠮᠤᠩᠭᠤᠯ ᠤᠨ ᠲᠤᠮᠤᠭ ᠶᠠᠷᠢᠶ᠎ᠠ ᠶᠢᠨ ᠴᠤᠭᠯᠠᠭᠤᠯᠭ᠎ᠠ ᠡᠮᠬᠢᠳᠬᠡᠯ ᠤᠨ ᠪᠠᠶᠢᠳᠠᠯ | ᠲᠡᠬᠡᠳᠤ ᠮᠤᠩᠭᠤᠯ ᠤᠨ ᠠᠷᠠᠳ ᠤᠨ ᠠᠮᠠᠨ ᠵᠤᠬᠢᠶᠠᠯ ᠤᠨ ᠴᠤᠭᠯᠠᠭᠤᠯᠭ᠎ᠠ ᠡᠮᠬᠢᠳᠬᠡᠯ ᠤᠨ ᠠᠵᠢᠯ ᠨᠢ 20 | ᠳ᠋ᠤᠭᠠᠷ ᠵᠠᠭᠤᠨ ᠤ 70 ᠠᠭᠠᠳ ᠣᠨ ᠤ ᠰᠠᠭᠦᠯᠴᠢ ᠪᠠ 80 ᠭᠠᠳ ᠤᠨ ᠤ ᠡᠬᠢᠨ ᠤ ᠥᠶ᠎ᠠ ᠪᠠᠷ ᠵᠢᠩᠬᠢᠨᠢ ᠡᠬᠢᠯᠡᠭᠰᠠᠨ | ᠲᠥᠯᠤᠪ ᠲᠠᠢ᠃ ᠳᠡᠭᠡᠳᠣ ᠮᠤᠩᠭᠤᠯ ᠤᠨ ᠠᠷᠡᠳ ᠤᠨ ᠠᠮᠠᠨ ᠵᠤᠬᠢᠶᠠᠯ ᠤᠨ ᠴᠣᠭᠯᠠᠭᠤᠯᠭ᠎ᠠ ᠡᠮᠬᠢᠳᠬᠡᠯ ᠤᠨ | ᠠᠵᠢᠯ ᠤᠨ ᠶᠠᠪᠤᠭᠳᠠᠬᠤ ᠶᠢ ᠳᠠᠭᠠᠯᠳᠣᠨ᠂ ᠳᠡᠭᠡᠳᠣ ᠮᠤᠩᠭᠤᠯ ᠤᠨ ᠳᠤᠮᠤᠭ ᠶᠠᠷᠢᠶ᠎ᠠ ᠶᠢ ᠴᠣ᠋ ᠴᠤᠭᠯᠠᠭᠤᠯᠤᠨ | ᠡᠮᠬᠢᠳᠬᠡᠬᠦ ᠠᠵᠢᠯ ᠢ ᠠᠩᠬᠠᠷᠤᠯ ᠳᠠᠭᠠᠨ ᠠᠪᠴᠤ ᠴᠤᠭᠯᠠᠭᠤᠯᠵᠤ ᠡᠮᠬᠢᠳᠬᠡᠭᠰᠡᠨ ᠲᠤᠮᠤᠭ ᠶᠠᠷᠢᠶ᠎ᠠ ᠨᠤᠭᠤᠳ ᠢᠶᠠᠨ | ᠡᠯ᠎ᠡ ᠰᠤᠨᠢᠨ ᠰᠡᠳᠬᠦᠯ ᠪᠤᠯᠤᠨ ᠠᠮᠠᠨ ᠵᠤᠬᠢᠶᠠᠯ ᠤᠨ ᠡᠮᠬᠢᠳᠬᠡᠯ ᠲᠡᠭᠦᠪᠤᠷᠢ ᠳᠤ ᠨᠡᠶᠢᠳᠡᠯᠡᠭᠦᠯᠵᠤ ᠪᠠᠶᠢᠪᠠ᠃ | ᠡᠬᠦᠨ ᠳᠤ 1979 ᠤᠨ ᠪᠤᠶᠤ 80 ᠤᠨ ᠤ ᠡᠬᠢ ᠪᠠᠷ ᠤᠤᠯ ᠤᠨ ᠬᠥᠬᠡᠨᠠᠭᠤᠷ ᠤᠨ ᠥᠡᠳᠤᠰᠤᠳᠠᠨ ᠤ ᠲᠡᠬᠡᠳᠤ | ᠰᠤᠷᠭᠠᠭᠤᠯᠢ ᠶᠢᠨ ᠮᠤᠩᠭᠤᠯ ᠬᠡᠯᠨ ᠤᠳᠬ᠎ᠠ ᠵᠤᠬᠢᠶᠠᠯ ᠤᠨ ᠲᠤᠰᠬᠠᠢ ᠮᠠᠷᠬᠡᠵᠢᠯ ᠤᠨ ᠪᠠᠭᠰᠢ ᠪᠠᠶᠢᠭᠰᠠᠨ ᠪ᠊ · | ᠤᠶᠤᠨᠪᠢᠯᠢᠭ᠍ᠳᠦ ᠨᠠᠷ ᠤᠨ ᠴᠤᠭᠯᠠᠭᠤᠯᠤᠨ ᠡᠮᠬᠢᠳᠬᠡᠭᠰᠡᠨ ︽ᠬᠦᠬᠡᠨᠠᠭᠤᠷ ᠮᠤᠩᠭᠤᠯ ᠤᠨ ᠠᠷᠠᠳ ᠤᠨ ᠠᠮᠠᠨ ᠵᠤᠬᠢᠶᠠᠯ︾ | ︵ᠲᠡᠭᠡᠳᠤ᠂ ᠲᠡᠳ᠋︶ ᠭᠡᠬᠦ ᠬᠤᠶᠠᠷ ᠲᠤᠰᠤᠨ ᠲᠠᠷᠤᠮᠠᠯ ᠪᠤᠯᠤᠨ 1981 ᠤᠨ ᠤ 6 ᠰᠠᠷ᠎ᠠ ᠶᠢᠨ 20 ᠤ ᠡᠳᠤᠷ | ᠱ᠊ · ᠳ᠋ᠥᠪᠴᠢᠨ ᠤ ᠴᠤᠭᠯᠠᠭᠤᠯᠤᠨ ᠡᠮᠬᠢᠳᠬᠡᠭᠰᠠᠨ ︽ᠰᠥᠪᠸᠢ ᠶᠢᠨ ᠮᠤᠩᠭᠤᠯ ᠥᠡᠳᠤᠰᠤᠳᠠᠨ ᠤ ᠠᠷᠠᠳ ᠤᠨ ᠠᠮᠨᠨ | ᠵᠤᠬᠢᠶᠠᠯ ᠤᠨ ᠲᠡᠬᠦᠪᠤᠷᠢ︾ ᠬᠡᠬᠦ ᠡᠳᠡᠬᠡᠷ ᠲᠤᠰᠤᠨ ᠲᠠᠷᠤᠮᠠᠯ ᠤᠳ ᠢ ᠤᠠᠴᠠᠭᠠᠶᠢᠯᠠᠨ ᠲᠤᠷᠠᠳᠬᠤ ᠶᠤᠰᠤᠳᠠᠢ᠃ | ᠡᠮᠤᠨᠡᠬᠢ ᠡᠮᠬᠢᠳᠬᠡᠯ ᠢ ᠳᠠᠷᠤᠮᠠᠯᠯᠠᠨ ᠬᠡᠪᠯᠡᠵᠤ ᠪᠠᠶᠢᠭᠰᠠᠨ ᠪᠠᠳᠤᠳᠠᠢ ᠮᠠᠳᠡᠭᠡ ᠵᠠᠩᠬᠢ ᠶᠢ ᠤᠯᠵᠤ ᠥᠵᠡᠭᠰᠠᠨ ᠪᠤᠯᠪᠠᠴᠤ | ᠲᠤᠰ ᠭᠡᠪᠯᠡᠯ ᠨᠢ ᠪᠢᠳᠠᠨ ᠤ ᠭᠠᠷ ᠲᠤ ᠤᠯᠳᠠᠭᠠᠳᠤᠢ ᠲᠤᠯᠨ ᠲᠤᠰ ᠡᠮᠬᠢᠳᠬᠡᠯ ᠳᠤ ᠴᠤᠬᠤᠮ ᠬᠡᠳᠤᠢ ᠲᠤᠮᠤᠭ | ᠶᠠᠷᠢᠶ᠎ᠠ ᠶᠢ ᠤᠷᠤᠭᠤᠯᠤᠭᠰᠠᠨ ᠢ ᠤᠳᠤᠬᠠᠨ ᠪᠤᠯᠳᠠᠯ᠎ᠠ ᠤᠯᠵᠤ ᠥᠵᠠᠬᠡᠳᠤᠢ ᠪᠠᠶᠢᠭᠰᠠᠭᠠᠷ᠃ ᠱ᠊ ᠊ ᠳ᠋ᠦᠪᠴᠢᠨ ᠤ | ᠴᠤᠭᠯᠠᠭᠤᠯᠤᠨ ᠡᠮᠬᠢᠳᠬᠡᠭᠰᠡᠨ ︽ᠰᠦᠪᠸᠢ ᠶᠢᠨ ᠮᠤᠩᠭᠤᠯ ᠦᠨᠳᠤᠰᠤᠳᠡᠨ ᠤ ᠠᠷᠠᠳ ᠤᠨ ᠠᠮᠠᠨ ᠵᠤᠬᠢᠶᠠᠯ ᠤᠨ | ᠲᠡᠭᠦᠪᠦᠷᠢ︾ ᠬᠡᠬᠦ ᠲᠤᠰᠤᠨ ᠲᠠᠷᠤᠮᠠᠯ ᠳᠤ ᠨᠡᠶᠢᠳᠡ 6 ᠲᠤᠮᠤᠭ ᠶᠠᠷᠢᠶ᠎ᠠ ᠶᠢ ᠪᠠᠭᠳᠠᠭᠠᠵᠠᠢ᠃ 1982 ᠤᠨ ᠤ ᠵᠤᠨ | ᠦᠪᠤᠷ ᠮᠤᠩᠭᠤᠯ ᠤᠨ ᠨᠡᠶᠢᠬᠡᠮ ᠰᠢᠨᠵᠢᠯᠡᠬᠦ ᠤᠬᠠᠭᠠᠨ ᠤ ᠬᠦᠷᠢᠶᠠᠯᠡᠩ ᠤᠨ ᠤᠳᠬ᠎ᠠ ᠵᠤᠬᠢᠶᠠᠯ ᠰᠤᠳᠤᠯᠬᠤ | ᠭᠠᠵᠠᠷ ᠤᠨ ᠰᠤᠳᠤᠯᠭᠠᠳᠡᠨ ᠲᠤᠷᠤᠩᠭᠠ᠂ ᠲᠤᠮᠳᠠᠳᠤ ᠣᠯᠣᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ | ᠬᠦᠷᠢᠶᠠᠯᠠᠩ ᠤᠨ ᠴᠦᠬᠡᠨ ᠲᠤᠭᠠᠳᠤ ᠦᠨᠳᠤᠰᠤᠳᠡᠨ ᠤ ᠤᠳᠬ᠎ᠠ ᠵᠤᠬᠢᠶᠠᠯ ᠰᠤᠳᠤᠯᠬᠤ ᠭᠠᠵᠠᠷ ᠤᠨ ᠰᠤᠳᠤᠯᠭᠠᠳᠡᠨ | ᠠᠩᠴᠢᠨᠬᠦᠦ ᠬᠤᠶᠠᠷ ᠬᠠᠶᠢᠰᠢ ᠵᠸᠤ ᠳᠤ ᠢᠷᠡᠵᠤ ︽ᠭᠡᠰᠡᠷ ᠤᠨ ᠲᠤᠭᠤᠵᠢ︾ ᠶᠢ ᠲᠤᠰᠬᠠᠶᠢᠯᠠᠨ ᠴᠤᠭᠯᠠᠭᠤᠯᠵᠤ | ᠡᠮᠬᠢᠳᠬᠡᠬᠦ ᠠᠵᠢᠯ ᠢ ᠬᠢᠬᠦ ᠳᠡᠭᠡᠨ ᠭᠡᠰᠡᠷ ᠤᠨ ᠦᠯᠢᠬᠡᠷ 9 ᠪᠦᠯᠦᠭ᠂ ᠭᠡᠰᠡᠷ ᠲᠠᠢ ᠬᠤᠯᠪᠤᠭᠳᠠᠭᠰᠠᠨ ᠨᠤᠳᠤᠭ | ᠤᠰᠤᠨ ᠤ ᠲᠤᠮᠤᠭ 20 ᠭᠠᠳ ᠬᠤᠪᠢ ᠶᠢ ᠰᠤᠷᠢᠨᠵᠢᠨ ᠪᠦᠰᠨ ᠳᠤ ᠰᠢᠩᠭᠡᠭᠡᠨ ᠠᠪᠤᠭᠰᠠᠨ ᠪᠦᠭᠡᠳ ᠬᠠᠶᠢᠰᠢ ᠶᠢᠨ | ᠴᠦᠷᠵᠢᠮ᠂ ᠴᠦᠢᠰᠥ᠋ᠷᠦᠩ ᠵᠡᠷᠭᠡ ᠬᠦᠮᠦᠰ ᠪᠠᠭᠤᠯᠭᠠᠨ ᠦᠭᠴᠡᠢ᠃ ᠢᠩᠬᠢᠭᠡᠳ 1984 ᠤᠨ ᠳᠤ ᠲᠤᠷᠤᠩᠭᠠ᠂ | ᠠᠩᠴᠢᠨᠬᠦᠦ ᠶᠢᠨ ᠴᠤᠭᠯᠠᠭᠤᠯᠤᠨ ᠡᠮᠬᠢᠳᠬᠡᠭᠰᠡᠨ ︽ᠬᠦᠬᠡᠨᠠᠭᠤᠷ ᠤᠨ ᠭᠡᠰᠡᠷ ᠤᠨ ᠲᠤᠭᠤᠵᠢ ᠶᠢᠨ ᠲᠤᠬᠠᠢ ᠲᠤᠮᠤᠭ | ᠶᠠᠷᠢᠶ᠎ᠠ︾ ︵23 ᠲᠤᠮᠤᠭ ᠶᠠᠷᠢᠶ᠎ᠠ 198 6︶ ᠬᠡᠬᠦ ᠲᠡᠭᠦᠪᠦᠷᠢ ᠬᠡᠪᠯᠡᠭᠳᠡᠵᠡᠢ᠃ ᠡᠨ᠋ᠨ ᠨᠢ ᠪᠠᠷᠤᠭ ᠲᠡᠭᠡᠳᠤ | ᠮᠤᠩᠭᠤᠯ ᠤᠨ ᠬᠡᠰᠠᠷ ᠲᠠᠢ ᠬᠤᠯᠪᠤᠡᠡᠳ᠋ᠬᠠᠰᠡᠨ ᠨᠤᠳᠤᠭ ᠤᠰᠤᠨ ᠤᠨ ᠲᠤᠮᠤᠭ ᠶᠠᠷᠢᠶ᠎ᠠ ᠶᠢᠨ ᠬᠠᠮᠤᠭ ᠠᠩᠬᠠᠨ ᠤ | ᠲᠤᠰᠬᠠᠢ ᠡᠮᠬᠢᠳᠬᠡᠯ ᠪᠤᠯᠤᠯᠳᠡᠢ᠃ ︽ᠬᠥᠤᠰᠢ ᠬᠠᠭᠠᠨ ᠤ ᠲᠤᠮᠤᠭ︾ ᠤᠨ ᠴᠤᠭᠯᠠᠭᠤᠯᠭ᠎ᠠ ᠡᠮᠬᠢᠳᠬᠡᠯ ᠤᠨ | ᠪᠠᠶᠢᠳᠠᠯ ᠠᠴᠠ ᠥᠵᠡᠪᠠᠯ ᠲᠤᠰ ᠲᠤᠮᠤᠭ ᠶᠠᠷᠢᠶ᠎ᠠ ᠶᠢ 1984 ᠤᠨ ᠤ 2 ᠰᠠᠷ᠎ᠠ ᠳᠤ ᠮᠠᠠᠵᠢ᠂ ᠫᠧᠯᠵᠢ ᠬᠤᠶᠠᠷ | ᠨᠠᠰᠤᠳᠠᠨ ᠶᠠᠷᠢᠵᠤ᠂ ᠨᠠ᠊ · ᠴᠡᠷᠡᠩᠪᠡᠯ ᠡᠮᠬᠢᠳᠬᠡᠵᠤ 1988 ᠤᠨ ᠤ 5 ᠰᠠᠷ᠎ᠠ ᠶᠢᠨ 27 ᠤ ᠡᠳᠤᠷ ᠤᠨ ︽ | ᠴᠡᠶᠢᠳᠠᠮ ᠤᠨ ᠰᠤᠨᠢᠨ︾ ᠲᠡᠬᠡᠷ᠎ᠠ ᠨᠠᠶᠢᠳᠡᠯᠡᠬᠦᠯᠵᠠᠢ᠃ ᠡᠨᠡ ᠨᠢ ᠪᠠᠷᠤᠭ ᠲᠤᠰ ᠲᠤᠮᠤᠭ ᠶᠠᠷᠢᠶ᠎ᠠ ᠶᠢᠨ ᠴᠤᠷ ᠤᠨ | ᠭᠠᠭᠴᠠ ᠬᠤᠪᠢᠯᠪᠤᠷᠢ ᠪᠤᠯᠤᠯᠳᠠᠢ᠃ ᠡᠭᠦᠨ ᠠᠴᠠ ᠭᠠᠳᠠᠨ᠎ᠠ᠂ ᠬᠠᠶᠢᠰᠢ ᠵᠸᠤ ᠶᠢᠨ ᠰᠤᠶᠤᠯ ᠤᠨ ᠲᠤᠪᠴᠢᠶ᠎ᠠ᠂ | ᠦᠨᠳᠤᠰᠤᠳᠡᠨ ᠤ ᠬᠡᠯᠨ ᠪᠢᠴᠢᠭ ᠤᠨ ᠠᠯᠪᠠᠨ ᠭᠡᠷ ᠠᠴᠠ ᠡᠮᠬᠢᠳᠬᠡᠨ ᠬᠡᠪᠯᠡᠭᠦᠯᠦᠭᠰᠡᠨ ︽ᠲᠡᠭᠡᠳᠤ ᠮᠤᠩᠭᠤᠯ ᠤᠨ | ᠠᠷᠠᠳ ᠤᠨ ᠠᠮᠠᠨ ᠵᠤᠬᠢᠶᠠᠯ ᠤᠨ ᠲᠡᠬᠡᠵᠢ ᠪᠢᠴᠢᠭ︾ ︵ᠲᠤᠳᠤᠭᠠᠳᠤ ᠮᠠᠲ᠋ᠧᠷᠢᠶᠠᠯ 3 ᠲᠡᠪᠳᠡᠷ 1986 ᠤᠨ︶ ᠤᠨ | ᠬᠤᠶᠠᠳᠤᠭᠠᠷ ᠲᠡᠪᠳᠡᠷ ᠲᠤ ︽ᠳ᠋ᠠᠨᠵᠢᠨ ᠬᠤᠩ ᠲᠠᠶᠢᠵᠢ ᠶᠢᠨ ᠲᠤᠮᠤᠭ︾ ᠭᠡᠬᠦ ᠭᠠᠭᠴᠠᠬᠠᠨ ᠲᠤᠮᠤᠭ ᠶᠠᠷᠢᠶ᠎ᠠ ᠶᠢ | ᠪᠠᠭᠳᠠᠭᠠᠨ ᠤᠷᠤᠭᠤᠯᠵᠠᠢ᠃ ᠳᠤᠮᠳᠠᠳᠤ ᠤᠯᠤᠰ ᠤᠨ ᠠᠷᠨᠳ ᠤᠨ ᠠᠮᠠᠨ ᠵᠤᠬᠢᠶᠡᠯ ᠰᠤᠳᠤᠯᠬᠤ ᠡᠪᠯᠠᠯ ᠤᠨ ᠥᠪᠦᠷ | ᠮᠤᠩᠭᠤᠯ ᠤᠨ ᠬᠤᠪᠢᠶᠡᠷᠢ ᠡᠪᠯᠠᠯ ᠠᠴᠠ ᠨᠠᠶᠢᠷᠡᠭᠤᠯᠤᠠᠡᠰᠨᠨ ︽ᠮᠤᠩᠭᠤᠯ ᠠᠷᠡᠳ ᠤᠨ ᠥᠯᠢᠭᠡᠷ︾ ︵1986 ᠤᠨ︶ | ᠬᠡᠬᠦ ᠲᠡᠬᠦᠪᠤᠷᠢ ᠳᠤ ︽ᠴᠢᠬᠢᠷᠠᠭ ᠴᠢᠯᠪᠢ︾᠂ ︽ᠥᠢᠳᠤ ᠮᠠᠷᠬᠡᠨ ᠲᠠᠮᠠᠨᠠ︾ ᠬᠡᠬᠦ ᠬᠤᠶᠠᠷ ᠳᠤᠮᠤᠭ ᠶᠠᠷᠢᠶ᠎ᠡ ᠶᠢ | ᠤᠷᠤᠭᠤᠯᠵᠠᠢ᠃ ᠬᠤᠤᠰᠮᠩᠬᠡ ᠶᠢᠨ ᠡᠮᠬᠢᠳᠬᠡᠨ ᠨᠠᠶᠢᠷᠠᠭᠤᠯᠤᠭᠰᠠᠨ ︽ᠤᠶᠢᠷᠠᠳ ᠮᠤᠩᠭᠤᠯ ᠤᠨ ᠠᠷᠠᠳ ᠤᠨ ᠠᠮᠠᠨ | ᠥᠯᠢᠬᠡᠷ ᠤᠳ︾ ︵1986 ᠤᠨ︶ ᠬᠡᠬᠦ ᠲᠡᠬᠦᠪᠤᠷᠢ ᠳᠤ ︽ᠳ᠋ᠠᠠᠵᠢᠨ ᠬᠤᠩ ᠲᠠᠶᠢᠵᠢ ᠶᠢᠨ ᠥᠯᠢᠬᠡᠷ︾᠂ ︽ | ᠭᠠᠯᠳᠠᠨ ᠪᠤᠱᠤᠭᠳᠤ ᠬᠠᠭᠠᠨ ᠤ ᠲᠤᠮᠤᠭ︾᠂ ︽ᠳ᠋ᠠᠩ ᠤᠨ ᠭᠤᠤᠯ︾ ᠵᠡᠷᠬᠡ ᠵᠢᠷᠭᠤᠭᠠᠨ ᠲᠤᠮᠤᠭ ᠶᠠᠷᠢᠶ᠎ᠠ ᠶᠢ | ᠡᠮᠬᠢᠳᠬᠡᠨ ᠤᠷᠤᠭᠤᠯᠵᠠᠢ᠃ ᠴᠡᠪᠰᠢᠭ᠂ ᠰᠠᠷᠠᠨᠬᠡᠷᠡᠯ ᠤᠨ ᠴᠤᠭᠯᠠᠭᠤᠯᠤᠨ ᠡᠮᠬᠢᠳᠬᠡᠭᠰᠡᠨ ︽ᠲᠡᠭᠡᠳᠤ ᠮᠤᠩᠭᠤᠯ ᠤᠨ | ᠦᠯᠢᠭᠡᠷ ᠲᠤᠮᠤᠭ︾ ︵1986 ᠤᠨ︶ ᠬᠢᠬᠦ ᠡᠮᠬᠢᠳᠬᠡᠯ ᠳᠤ 10 ᠭᠠᠳ ᠲᠤᠮᠤᠭ ᠶᠠᠷᠢᠶ᠎ᠠ ᠶᠢ ᠡᠮᠬᠢᠳᠬᠡᠨ | ᠤᠷᠤᠭᠤᠯᠵᠠᠢ᠃ | ᠬᠠᠶᠢᠰᠢ ᠵᠸᠣ ᠶᠢᠨ ᠤᠯᠠᠨ ᠲᠥᠮᠠᠨ ᠤ ᠤᠷᠠᠯᠢᠭ ᠤᠨ ᠤᠷᠳᠤᠨ ᠤ ᠠᠵᠢᠯᠳᠠᠨ ᠤᠶᠤᠨᠪᠡᠯᠢᠭ᠂ ᠶᠥᠸᠡᠢ ᠶᠢᠨ ᠨᠠᠷ ᠤᠨ | ᠡᠮᠬᠡᠳᠬᠡᠨ ᠨᠠᠶᠢᠷᠡᠭᠤᠯᠵᠤ ᠬᠢᠳᠠᠳᠴᠢᠯᠬᠠᠰᠨᠨ ︽ᠬᠠᠶᠢᠰᠢ ᠶᠢᠨ ᠠᠷᠨᠳ ᠤᠨ ᠠᠮᠠᠨ ᠥᠯᠢᠬᠡᠷ︾ ︵ᠳᠤᠲᠤᠭᠠᠳᠤ | ᠬᠡᠪᠯᠠᠯ᠂ ᠬᠢᠳᠠᠳ 1990 ᠤᠨ︶ ᠬᠡᠭᠦ ᠲᠡᠭᠦᠪᠦᠷᠢ ᠶᠢ ᠤᠡᠴᠭᠠᠡᠶᠢᠯᠡᠨ ᠳᠤᠷᠡᠳᠬᠤ ᠶᠤᠰᠣᠲᠡᠢ᠃ ᠲᠤᠰ | ᠲᠡᠭᠦᠪᠤᠷᠢ ᠶᠢᠨ ᠬᠠᠮᠤᠭ ᠴᠢᠬᠤᠯᠨ ᠣᠨᠴᠠᠯᠢᠭ ᠬᠡᠪᠠᠯ ᠲᠡᠬᠡᠳᠤ ᠮᠤᠩᠭᠤᠯ ᠤᠨ ᠲᠤᠮᠤᠭ ᠶᠠᠷᠢᠶ᠎ᠠ ᠨᠤᠭᠤᠳ ᠢ ᠠᠩᠬ᠎ᠠ | ᠤᠳᠠᠭ᠎ᠠ ᠲᠦᠷᠤᠯ ᠵᠦᠢᠯ ᠬᠤᠪᠢᠶᠠᠵᠤ ᠲᠠᠨᠢᠯᠴᠠᠭᠤᠯᠤᠭᠰᠠᠨ ᠳᠤ ᠤᠷᠤᠰᠢᠨ᠎ᠠ᠃ | ᠡᠬᠦᠨ ᠠᠴᠠ ᠭᠠᠳᠠᠨ᠎ᠠ ᠬᠠᠯᠢᠭᠤᠨ᠂ ᠤᠶᠤᠨᠴᠠᠴᠡᠭ ᠤᠨ ᠡᠮᠬᠡᠳᠬᠡᠨ ᠨᠠᠶᠢᠷᠠᠭᠤᠯᠣᠭᠰᠠᠨ ︽ᠲᠡᠭᠡᠳᠣ | ᠮᠣᠩᠭᠤᠯ ᠤᠨ ᠭᠠᠵᠠᠷ ᠤᠨ ᠨᠠᠷᠠ ᠶᠢᠨ ᠲᠤᠮᠤᠭ︾ ︵2001 ᠤᠨ︶ ᠪᠣᠯ ᠲᠡᠬᠡᠳᠣ ᠮᠣᠩᠭᠤᠯ ᠤᠨ ᠭᠠᠵᠠᠷ | ᠣᠰᠣᠨ ᠤ ᠲᠣᠮᠤᠭ ᠤᠨ ᠬᠠᠮᠤᠭ ᠠᠩᠬᠠᠨ ᠤ ᠲᠡᠭᠦᠪᠣᠷᠢ ᠪᠤᠯᠬᠤ ᠪᠦᠬᠡᠳ ᠲᠡᠬᠡᠳᠣ ᠮᠣᠩᠭᠤᠯ ᠳᠤ ᠭᠠᠵᠠᠷ ᠣᠰᠣᠨ ᠤ | ᠨᠠᠷᠠ ᠶᠢᠨ ᠲᠣᠮᠤᠭ ᠤᠨ ᠲᠤᠰᠬᠠᠢ ᠲᠡᠬᠦᠪᠤᠷᠢ ᠥᠬᠡᠢ ᠪᠠᠶᠢᠠᠭᠰᠠᠨ ᠬᠤᠭᠤᠰᠣᠨ ᠵᠡᠢ ᠶᠢ ᠨᠥᠬᠦᠪᠤᠷᠢᠯᠡᠭᠰᠠᠨ ᠶᠡᠪᠤᠳᠠᠯ | ᠪᠤᠯᠤᠨ᠎ᠠ᠃ ᠲᠠᠷᠨ ᠨᠢ ᠲᠠᠬᠡᠳᠣ ᠮᠤᠩᠭᠤᠯ ᠤᠨ ᠳᠤᠮᠤᠭ ᠶᠠᠷᠢᠶ᠎ᠠ ᠶᠢᠨ ᠰᠣᠳᠤᠯᠤᠯ ᠪᠤᠶᠦ ᠲᠠᠬᠡᠳᠤ ᠮᠤᠩᠭᠤᠯ ᠤᠨ | ᠲᠠᠤᠬᠡ ᠰᠤᠶᠤᠯ᠂ ᠭᠠᠵᠠᠷ ᠵᠥᠢ᠂ ᠬᠡᠯᠨ ᠰᠢᠡᠵᠢᠯᠠᠯ ᠵᠡᠷᠬᠡ ᠶᠢ ᠰᠤᠳᠤᠯᠬᠤ ᠳᠤ ᠤᠯᠳᠠᠰᠢ ᠥᠬᠡᠢ ᠬᠤᠪᠤᠷ ᠨᠠᠡᠳᠢᠨ | ᠡᠬᠡ ᠮᠠᠲ᠋ᠧᠷᠢᠶᠠᠯ ᠪᠤᠯᠬᠤ ᠨᠢ ᠳᠠᠮᠵᠢᠭ ᠥᠬᠡᠢ ᠶᠤᠮ᠂ ᠲᠤᠰ ᠲᠡᠬᠦᠪᠦᠷᠢ ᠨᠢ ᠨᠡᠶᠢᠳᠠ 9 ᠡᠮᠬᠡᠳᠬᠡᠯ ᠢᠶᠠᠷ | ᠪᠥᠷᠢᠯᠳᠤᠵᠦ 230 ᠭᠠᠷᠤᠢ ᠭᠠᠵᠠᠷ ᠤᠰᠤᠨ ᠤ ᠨᠠᠷᠠ ᠶᠢᠨ ᠳᠤᠮᠤᠭ ᠶᠡᠷᠢᠶ᠎ᠠ ᠶᠢ ᠪᠠᠭᠳᠠᠭᠠᠨ ᠲᠡᠬᠦᠪᠤᠷᠢᠯᠠᠵᠠᠢ᠃ | ᠲᠤᠰ ᠲᠡᠬᠦᠪᠦᠷᠢ ᠶᠢᠨ ᠪᠠᠰᠨ ᠨᠢᠬᠡ ᠣᠨᠴᠨᠯᠢᠭ ᠬᠡᠪᠡᠯ ᠲᠠᠷᠨ ᠨᠢ ᠵᠥᠪᠬᠢᠨ ᠬᠠᠶᠢᠰᠢ ᠶᠢᠨ ᠭᠠᠵᠡᠷ ᠤᠨ ᠨᠠᠷ᠎ᠡ ᠪᠠᠷ | ᠬᠢᠵᠠᠭᠠᠷᠯᠠᠭᠳᠠᠭᠰᠠᠨ ᠪᠢᠰᠢ᠂ ᠬᠠᠷᠢᠨ ᠺᠥᠬᠡᠨᠨᠠᠭᠤᠷ ᠤᠨ ᠪᠤᠰᠤᠳ ᠭᠠᠵᠡᠷ ᠤᠷᠤᠨ ᠢᠶᠠᠷ ᠲᠠᠷᠠᠬᠨ ᠰᠠᠭᠤᠷᠢᠰᠢᠵᠦ | ᠪᠠᠶᠢᠭ᠎ᠠ ᠮᠤᠩᠭᠤᠯᠴᠦᠳ ᠪᠤᠯᠳ ᠲᠡᠬᠡᠳᠤ ᠮᠤᠩᠭᠤᠯ ᠤᠨ ᠨᠢᠬᠡ ᠬᠡᠰᠡᠭ ᠪᠤᠯᠬᠤ ᠭᠠᠨᠰᠤ ᠮᠤᠵᠢ ᠶᠢᠨ ᠰᠥᠪᠸᠢ ᠶᠢᠨ | ᠮᠤᠩᠭᠤᠯᠴᠤᠳ ᠤᠨ ᠭᠠᠵᠡᠷ ᠤᠨ ᠨᠠᠷᠡᠰ ᠢ ᠴᠣ᠋ ᠠᠯᠢ ᠴᠢᠳᠠᠬᠤ ᠪᠠᠷ ᠪᠠᠭᠳᠠᠭᠠᠬᠤ ᠪᠠᠷ ᠴᠢᠷᠮᠠᠶᠢᠭᠰᠠᠨ ᠳᠤ ᠤᠷᠤᠰᠢᠨ᠎ᠠ᠃ | ᠬᠡᠪᠠᠴᠤ ᠢᠤᠢ ᠱᠤ᠋᠂ ᠭᠤᠯᠤᠭ᠂ ᠳ᠋ᠠ ᠲᠥᠩ᠂ ᠬᠤᠸᠡᠩ ᠶᠤᠸ᠋ᠨᠨ᠂ ᠬᠤᠸᠡᠩ ᠵᠥᠩ᠂ ᠰᠢᠶᠥᠸ᠋ᠨ ᠬᠤᠸ᠋ᠨ᠂ ᠬᠤ᠋ | ᠵᠤ᠋᠂ ᠮᠧᠨ ᠶᠤᠸᠡᠨ᠂ ᠬᠥᠢ ᠳ᠋ᠧ᠂ ᠬᠥᠢ ᠨᠠᠨ᠂ ᠰᠢᠨ ᠬᠠᠢ᠂ ᠴᠢᠯᠢᠶᠠᠨ ᠵᠡᠷᠬᠡ ᠭᠠᠵᠠᠷ ᠤᠨ ᠮᠤᠩᠭᠤᠯ ᠭᠠᠵᠠᠷ ᠤᠨ | ᠨᠠᠷᠡᠰ ᠪᠤᠶᠤ ᠲᠤᠮᠤᠭ ᠤᠳ ᠢ ᠬᠠᠷᠠᠬᠠᠨ ᠴᠤᠭᠯᠠᠭᠤᠯᠵᠤ ᠴᠢᠳᠠᠭᠠᠳᠤᠢ ᠪᠠᠶᠢᠭᠰᠠᠭᠠᠷ᠃ | ᠯ᠊ ᠊ ᠦᠰᠤᠷᠣᠩᠭᠦᠢ ᠶᠢᠨ ᠡᠮᠬᠡᠳᠬᠡᠨ ᠨᠠᠶᠢᠷᠡᠭᠤᠯᠣᠭᠰᠠᠨ ︽ᠭᠦᠬᠡᠨᠠᠭᠤᠷ ᠮᠣᠩᠭᠤᠯ ᠬᠡᠰᠠᠷ ᠤᠨ ᠦᠯᠢᠬᠡᠷ | ᠲᠤᠮᠤᠭ︾ ︵2003 ᠤᠨ︶ ᠬᠡᠭᠦ ᠲᠡᠭᠦᠪᠣᠷᠢ ᠳᠤ ᠨᠠᠶᠢᠳᠠ 90 ᠭᠠᠷᠣᠢ ᠲᠤᠮᠤᠭ ᠡᠮᠬᠡᠳᠬᠡᠭᠳᠠᠨ ᠤᠷᠤᠵᠡᠢ᠃ | ᠲᠤᠰ ᠡᠮᠬᠢᠳᠬᠡᠯ ᠳᠤ ᠲᠤᠷᠤᠩᠭᠠ ᠠᠩᠴᠢᠨᠭᠦᠤ ᠶᠢᠨ ᠡᠮᠬᠡᠳᠬᠡᠭᠰᠠᠨ ᠬᠤᠷᠢᠭᠠᠳ ᠬᠡᠰᠡᠷ ᠤᠨ ᠲᠤᠮᠤᠭ ᠴᠣ᠋ ᠪᠠᠭᠳᠠᠨ᠎ᠠ᠃ | ᠡᠳᠠᠬᠡᠷ 90 ᠭᠠᠷᠤᠢ ᠲᠤᠮᠤᠭ ᠨᠢ ᠪᠦᠷ ᠬᠡᠰᠠᠷ ᠲᠠᠢ ᠬᠤᠯᠪᠣᠭᠳᠠᠭᠰᠠᠨ ᠨᠤᠳᠤᠭ ᠣᠰᠤᠨ ᠤ ᠲᠤᠮᠤᠭ ᠤᠳ ᠪᠣᠯᠣᠨ᠎ᠠ | ᠃ ᠡᠭᠦᠨ ᠠᠴᠠ ᠪᠢᠳᠠ ᠭᠦᠬᠡᠨᠠᠭᠤᠷ ᠤᠨ ᠲᠡᠬᠡᠳᠤ ᠮᠣᠩᠭᠤᠯ ᠳᠤ ᠬᠡᠰᠠᠷ ᠤᠨ ᠨᠦᠯᠤᠬᠡ ᠬᠡᠴᠢᠨᠠᠨ ᠦᠷᠬᠡᠨ ᠵᠣᠵᠠᠭᠠᠨ | ᠪᠠᠶᠢᠨ᠎ᠠ ᠬᠡᠳᠡᠭ ᠶᠢ ᠨᠥᠬᠦᠬᠡ ᠲᠠᠯ᠎ᠠ ᠠᠴᠠ ᠦᠵᠠᠨ ᠭᠠᠷᠴᠣ ᠪᠤᠯᠤᠨ᠎ᠠ᠃ | ᠲᠡᠬᠡᠳᠤ ᠮᠤᠩᠭᠤᠯ ᠤᠨ ᠠᠷᠠᠳ ᠤᠨ ᠠᠮᠠᠨ ᠵᠤᠬᠢᠶᠠᠯ ᠢ ᠴᠤᠭᠯᠠᠭᠤᠯᠵᠤ ᠡᠮᠬᠢᠳᠬᠡᠬᠦ ᠠᠵᠢᠯ ᠨᠢ ᠬᠡᠳᠦ᠋ᠢᠪᠠᠷ | ᠨᠠᠯᠢᠶᠠᠳ ᠤᠷᠦ᠋ᠢᠳᠠᠵᠤ ᠶᠠᠪᠤᠭᠳᠠᠭᠰᠠᠨ ᠪᠤᠯᠪᠠᠴᠤ ᠤᠳᠤ ᠪᠤᠯᠳᠠᠯ᠎ᠠ ᠨᠡᠶᠢᠳᠠ 20 ᠭᠠᠷᠤᠢ ᠡᠮᠬᠢᠳᠬᠡᠯ ᠲᠡᠬᠦᠪᠤᠷᠢ ᠶᠢᠨ | ᠨᠤᠮ ᠬᠡᠪᠯᠡᠭᠳᠡᠬᠡᠳ ᠪᠤᠢ᠃ ᠡᠨᠡ ᠨᠢ ᠲᠡᠬᠡᠳᠤ ᠮᠤᠩᠭᠤᠯᠴᠤᠳ ᠠᠷᠠᠳ ᠤᠨ ᠠᠮᠠᠨ ᠵᠤᠬᠢᠶᠠᠯ ᠤᠨ ᠥᠪ ᠢᠶᠠᠷ ᠪᠠᠶᠠᠯᠢᠭ | ᠤᠭᠰᠠᠭᠠᠳᠠᠨ ᠪᠠᠶᠢᠭᠰᠠᠨ ᠬᠡᠳᠡᠭ ᠢ ᠬᠡᠷᠡᠴᠢᠯᠡᠵᠤ ᠪᠤᠢ᠃ | ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ | ᠲᠡᠪᠰᠢᠭᠦᠯᠦᠭᠰᠡᠨ ᠨᠢ᠄ ᠤᠶᠠᠬᠠᠨ | |