ᠤᠳᠬ᠎ᠠ ᠵᠤᠬᠢᠶᠠᠯ ᠤᠨ ᠤᠨᠤᠯᠴᠢ ᠬᠠᠰᠪᠤ ︽ᠤᠯᠠᠭᠠᠨ ᠠᠰᠠᠷ ᠤᠨ ᠵᠡᠭᠦᠳᠦᠨ︾ ᠤ ᠭᠤᠸ᠎ᠠ ᠰᠠᠶᠢᠬᠠᠨ ᠢ | ᠠᠵᠢᠬᠤ ᠳᠠᠭᠠᠨ ︽ᠤᠳᠬ᠎ᠠ ᠤᠶᠠᠩᠭ᠎ᠠ ᠳᠤᠷ ᠦᠯᠡᠮᠵᠢ ᠪᠤᠢ᠂ ᠡᠰᠡ ᠳᠠᠭᠤᠰᠪᠠᠰᠤ ᠤᠷᠠᠨ ᠪᠤᠯᠠᠢ︾ ᠭᠡᠰᠡᠨ ᠬᠦᠨ | ᠤᠳᠬᠠᠳᠠᠢ ᠦᠬᠡ ᠶᠠᠷᠢᠭᠰᠠᠨ ᠪᠢᠯᠡ᠂ ᠤᠳᠬ᠎ᠠ ᠤᠶᠠᠩᠭ᠎ᠠ ᠶᠢᠨ ᠤᠷᠠᠨ ᠭᠡᠵᠦ ︽ᠦᠬᠡ ᠬᠡᠳᠦ᠋ᠢᠪᠡᠷ | ᠳᠠᠭᠤᠰᠤᠭᠰᠠᠨ ᠴᠦ ᠰᠠᠨᠠᠭᠠᠨ ᠳᠡᠩᠳᠡ ᠦᠷᠬᠦᠯᠵᠢᠯᠡᠬᠦ︾ ᠦᠯᠡᠮᠵᠢ ᠶᠢᠨ ᠴᠢᠨᠠᠷ ᠢ ᠦᠬᠦᠯᠡᠭᠰᠡᠨ ᠪᠤᠶᠤ᠃ ᠢᠷᠠᠭᠤ | ᠨᠠᠶᠢᠷᠠᠭ᠂ ᠳᠤᠭᠤᠵᠢᠰ᠂ ᠨᠠᠶᠢᠷᠠᠭᠤᠯᠤᠯ ᠴᠢᠨᠠᠭᠰᠢᠯᠠᠭᠠᠳ ᠤᠷᠠᠨ ᠵᠢᠷᠤᠭ ᠱᠤᠭᠤᠮᠠᠯ ᠠᠯᠢ ᠨᠢ ᠴᠦ ᠭᠡᠰᠡᠨ ᠦᠯᠡᠮᠵᠢ | ᠪᠠᠭᠳᠠᠭᠠᠮᠵᠢ᠂ ᠦᠷᠬᠦᠯᠵᠢᠯᠡᠨ ᠰᠡᠳᠭᠢᠬᠦᠯᠬᠦ ᠶᠢᠨ ᠳᠤᠮᠳᠠ ᠭᠤᠸ᠎ᠠ ᠰᠠᠶᠢᠬᠠᠨ ᠤ ᠢᠳᠡ ᠳᠠᠮᠢᠷ ᠢᠶᠠᠨ ᠦᠵᠡᠭᠦᠯᠳᠡᠭ | ᠪᠢᠯᠡ᠃ | ᠳᠤᠮᠤᠭ᠂ ᠳᠤᠤᠯᠢ᠂ ᠢᠷᠠᠭᠤ ᠨᠠᠶᠢᠷᠠᠭ᠂ ᠮᠤᠳᠧᠷᠨᠢᠰᠲ ᠵᠦᠴᠦᠭᠡ ᠶᠢᠨ ᠤᠷᠠᠯᠢᠭ᠂ ᠤᠯᠠᠮᠵᠢᠯᠠᠯ ᠪᠠ | ᠭᠦᠷᠳᠡᠭᠦᠢ ᠶᠢᠨ ᠤᠯᠠᠨ ᠡᠯᠧᠮᠧᠲ ᠶᠢ ᠠᠭᠰᠢᠭᠠᠭᠰᠠᠨ ︽ᠨᠢᠰᠦᠨ ᠤᠳᠤᠭᠰᠠᠨ ᠪᠤᠯᠵᠤᠮᠤᠷ︾ ᠰᠢᠯᠦᠭ ᠤᠨ | ᠪᠠᠭᠳᠠᠭᠠᠮᠵᠢ ᠳᠤ ᠰᠤᠴᠢᠨ ᠭᠠᠶᠢᠬᠠᠬᠤ ᠶᠤᠮ᠃ | ︽ᠬᠦᠬᠡ ᠮᠦᠩᠭᠦᠨ ᠤᠭᠳᠠᠷᠭᠤᠢ ᠶᠢ ᠬᠤᠷᠮᠤᠢ ᠶᠢᠨ ᠳᠡᠳᠦᠢ ᠪᠠᠶᠢᠬᠤ ᠳᠤ᠂ ᠬᠦᠷᠦᠰᠦᠳᠦ ᠠᠯᠳᠠᠨ ᠳᠡᠯᠡᠬᠡᠢ ᠶᠢ | ᠠᠯᠭᠠᠨ ᠤ ᠳᠡᠳᠦᠢ ᠪᠠᠶᠢᠬᠤ ᠳᠤ ᠁︾ ᠭᠡᠳ ᠡᠬᠢᠯᠡᠭᠰᠡᠨ ᠢ ᠨᠢ ᠤᠩᠰᠢᠬᠤ ᠳᠤ ᠮᠤᠩᠭᠤᠯ ᠳᠤᠤᠯᠢ ᠶᠢᠨ ᠬᠡᠪ | ᠨᠠᠮᠪᠠ ᠠᠮᠳᠠᠭᠳᠠᠨ᠎ᠠ︔ ᠤᠳᠠᠬᠤ ᠦᠬᠡᠢ ᠨᠢᠬᠡ ᠲᠷᠤᠶᠠ ᠬᠤᠳᠡ᠂ ᠠᠯᠺᠰᠠᠨᠳᠡᠷ ᠬᠠᠭᠠᠨ ᠳᠤᠷᠤᠰᠤᠭᠳᠠᠭᠠᠳ | ᠪᠠᠶᠢᠬᠤ ᠨᠢ ᠬᠤᠮᠧᠷ ᠤᠨ ᠳᠤᠤᠯᠢ᠂ ᠭᠷᠸᠢᠭ ᠤᠨ ᠳᠤᠮᠤᠭ ᠢ ᠪᠤᠳᠤᠭᠳᠠᠭᠤᠯᠤᠨ᠎ᠠ︔ ︽ᠮᠦᠷᠦᠭᠡᠳᠦᠯ ᠠᠴᠠ ᠪᠠᠰᠠ | ᠤᠷᠳᠤ᠂ ᠮᠦᠷᠦᠭᠡᠳᠦᠯ ᠠᠴᠠ ᠪᠠᠰᠠ ᠬᠦᠨᠳᠦ / ᠠᠶ᠎ᠠ᠂ ᠠᠮᠢ ᠨᠠᠰᠤᠨ ᠤ ᠭᠤᠸ᠎ᠠ ᠦᠵᠡᠰᠭᠦᠯᠡᠩ ᠢ ᠡᠬᠡ ᠭᠠᠵᠠᠷ ᠤᠨ | ᠡᠯᠢᠬᠡᠨ ᠳᠡᠭᠡᠷ᠎ᠡ ᠵᠢᠷᠤᠵᠤ ᠰᠠᠭᠤᠬᠤ ᠳᠤ / ᠠᠷᠪᠠᠨ ᠬᠤᠷᠤᠭᠤᠨ ᠠᠴᠠ ᠠᠰᠬᠠᠷᠠᠨ ᠪᠠᠭᠤᠬᠤ ᠢᠷᠠᠭᠤ ᠤᠶᠠᠩᠭ᠎ᠠ ᠁ | ︾ ᠬᠡᠰᠡᠨ ᠪᠤᠯ ᠳᠡᠷᠡ ᠴᠢᠭ ᠢᠶᠠᠷ ᠢᠶᠠᠨ ᠰᠡᠭᠡᠭᠡᠳᠡᠨ ᠤ ᠪᠢᠴᠢᠯᠭᠡ᠂ ᠰᠢᠨ᠎ᠡ ᠵᠠᠭᠤᠨ ᠤ ᠰᠢᠨ᠎ᠡ ᠢᠷᠠᠭᠤ ᠨᠠᠶᠢᠷᠠᠭ ᠤᠨ | ᠰᠡᠳᠭᠢᠬᠦᠢ︔ ᠤᠷᠭᠤᠮᠠᠯ ᠬᠦᠮᠦᠨ ᠳᠠᠴᠢᠶᠠᠬᠤ᠂ ᠬᠦᠮᠦᠨ ᠠᠮᠢᠳᠠᠨ ᠬᠤᠷᠢᠴᠠᠬᠤ ᠬᠢᠭᠡᠳ ︽ᠮᠦᠷᠦᠭᠡᠳᠦᠯ ᠠᠴᠠ | ᠤᠨᠠᠭᠰᠠᠨ ᠠᠯᠳᠠᠨ ᠰᠠᠯᠠᠭᠠᠳᠤ ᠰᠦᠨᠢ︾ ᠹᠷᠦᠽᠧᠷ ᠬᠢᠭᠡᠳ ᠬᠦᠮᠦᠨ ᠠᠨᠽᠤᠫᠤᠯᠤᠬᠢ ᠶᠢᠨ ᠠᠯᠢ ᠤᠯᠠᠨ ᠬᠠᠴᠢᠨ | ᠰᠤᠨᠢᠨ ᠶᠢᠷᠳᠢᠨᠴᠦ ᠶᠢ ᠰᠠᠨᠠᠭᠠᠨ ᠳᠤ ᠤᠷᠤᠭᠤᠯᠬᠤ ᠪᠤᠶᠤ᠂ ︽ᠪᠤᠯᠵᠤᠭᠠᠳᠤ ᠶᠢᠨ ᠪᠤᠷᠤ ᠳᠤᠯᠤᠭᠠᠢ︾᠂ ︽ | ᠠᠯᠬᠢᠨᠴᠢ ᠴᠡᠷᠢᠭ ᠤᠨ ᠠᠷᠪᠠᠳᠤ ᠶᠢᠨ ᠨᠤᠶᠠᠨ︾ ᠡᠷᠳᠡᠨ ᠤ ᠰᠤᠶᠤᠯ ᠠᠴᠠ ᠦᠪᠡᠷ ᠤᠨ ᠠᠶᠢᠳᠧᠨᠳᠧᠲ ᠢᠶᠠᠨ ᠡᠷᠢᠬᠦ | ᠭᠡᠰᠡᠨ ᠵᠤᠬᠢᠶᠠᠭᠴᠢ ᠶᠢᠨ ᠤᠤᠭᠠᠨ ᠬᠦᠰᠡᠯ︔ ᠠᠯᠫᠠᠰ᠂ ᠠᠷᠭᠤ᠋᠂ ᠰᠠᠺᠥᠷᠠ ᠁ ᠠᠯᠢ ᠤᠯᠠᠨ ᠬᠠᠷᠢ ᠶᠢᠨ | ᠦᠵᠡᠮᠵᠢ᠂ ᠡᠷᠢᠶᠠᠨ ᠪᠠᠷᠠᠭᠠᠨ ᠬᠠᠷᠢ ᠶᠢᠨ ᠰᠤᠶᠤᠯ︔ ᠦᠯᠦ ᠬᠠᠷᠠᠭᠳᠠᠬᠤ ᠬᠤᠶᠠᠷ ᠬᠦᠮᠦᠨ ᠡᠷᠳᠡᠨ ᠤ ᠳᠤᠮᠤᠭ᠂ | ᠡᠳᠦᠭᠡ ᠶᠢᠨ ᠵᠤᠭᠤᠭ᠂ ᠬᠠᠷᠢ ᠶᠢᠨ ᠶᠢᠷᠳᠢᠨᠴᠦ᠂ ᠬᠤᠷᠸ᠎ᠠ ᠶᠢᠨ ᠰᠤᠨᠢᠨ ᠠᠴᠠ ᠦᠪᠡᠷ ᠦᠪᠡᠷ ᠤᠨ ᠤᠶᠤᠨ | ᠤᠬᠠᠭᠠᠨ ᠤ ᠪᠠᠨ ᠬᠦᠨ ᠵᠦᠭ ᠨᠡᠪᠳᠡᠷᠡᠵᠦ ᠪᠠᠶᠢᠬᠤ ᠨᠢ ᠤᠯᠠᠨ ᠳᠤ ᠠᠯᠳᠠᠷᠰᠢᠭᠰᠠᠨ ᠠᠶᠢᠷᠯᠠᠨᠳ᠋ ᠤᠨ ᠳᠡᠷᠡ | ᠵᠦᠴᠦᠭᠡ ᠶᠢ ᠰᠠᠨᠠᠭᠠᠨ ᠳᠤ ᠤᠷᠤᠭᠤᠯᠳᠠᠭ ᠰᠠᠨ᠃ | ᠪᠠᠭᠳᠠᠭᠠᠮᠵᠢ ᠨᠢ ᠢᠷᠠᠭᠤ ᠨᠠᠶᠢᠷᠠᠭ ᠭᠠᠭᠴᠠ ᠳᠡᠭᠦᠨ ᠤ ᠤᠷᠠᠯᠢᠭ ᠤᠨ ᠬᠡᠪ ᠴᠢᠨᠠᠷ ᠪᠤᠰᠤ᠂ ᠭᠦᠦᠷᠨᠢᠯ ᠤᠷᠠᠯᠢᠭ | ᠪᠠᠭᠳᠠᠭᠠᠮᠵᠢ ᠶᠢ ᠨᠡᠩ ᠴᠢᠬᠤᠯᠠᠴᠢᠯᠠᠨ᠎ᠠ᠃ ᠭᠡᠳᠡᠯ᠎ᠡ ᠪᠠᠭᠳᠠᠭᠠᠮᠵᠢ ᠨᠢ ᠢᠷᠠᠭᠤ ᠨᠠᠶᠢᠷᠠᠭ ᠢ ᠨᠡᠩ ᠬᠠᠴᠢᠨ ᠰᠤᠨᠢᠨ᠂ | ᠨᠡᠩ ᠠᠭᠤᠳᠠᠮ ᠬᠠᠨᠠᠭᠠᠷ᠂ ᠨᠡᠩ ᠬᠦᠨ ᠬᠤᠯᠠ ᠶᠢᠨ ᠪᠤᠯᠭᠠᠳᠠᠭ᠃ ᠳᠦᠷᠰᠦᠯᠡᠭᠳᠡᠭᠦᠨ ᠤ ᠪᠠᠶᠠᠯᠢᠭ ᠨᠢ ᠢᠷᠠᠭᠤ | ᠨᠠᠶᠢᠷᠠᠭ ᠤᠨ ᠰᠠᠨᠠᠭ᠎ᠠ ᠠᠬᠤᠢ ᠶᠢ ᠪᠠᠶᠠᠯᠢᠭᠵᠢᠭᠤᠯᠵᠤ᠂ ᠤᠩᠰᠢᠭᠴᠢ ᠶᠢ ᠦᠯᠦ ᠮᠡᠳᠡᠭ ᠤᠨ ᠳᠤᠮᠳᠠ ᠳᠦᠰᠦᠭᠡᠯᠡᠯ ᠤᠨ | ᠪᠠᠶᠠᠯᠢᠭ ᠶᠢᠷᠳᠢᠨᠴᠦ ᠳᠤ ᠭᠦᠳᠦᠯᠦᠨ ᠤᠷᠤᠭᠤᠯᠳᠠᠭ᠃ ᠰᠢᠯᠦᠭ ᠤᠨ ᠪᠠᠭᠳᠠᠭᠠᠮᠵᠢ ᠭᠡᠵᠦ ᠰᠣᠨᠢᠨ ᠰᠡᠪᠡᠭᠦᠨ | ᠶᠢᠷᠳᠢᠨᠴᠦ ᠶᠢᠨ ᠵᠢᠷᠤᠭᠯᠠᠯ ᠠᠴᠠ ᠪᠤᠯᠤᠭᠰᠠᠨ ᠰᠠᠨᠠᠭ᠎ᠠ ᠠᠬᠤᠢ ᠶᠢᠨ ᠤᠷᠠᠨ ᠪᠠ ᠤᠩᠰᠢᠭᠴᠢ ᠳᠤ ᠤᠯᠭᠤᠬᠤ ᠤᠶᠤᠨ | ᠪᠤᠳᠤᠯ ᠤᠨ ᠳᠡᠭᠦᠯᠢᠯ᠂ ᠬᠠᠭᠤᠳᠠᠰᠤ ᠦᠨᠳᠦᠷᠯᠡᠭᠰᠡᠨ ᠪᠠᠶᠢᠪᠠᠴᠤ ᠰᠠᠨᠠᠭ᠎ᠠ ᠳᠠᠭᠤᠰᠬᠤ ᠦᠬᠡᠢ ᠪᠠᠶᠢᠳᠠᠭ ᠤᠷᠠᠯᠢᠭ ᠤᠨ | ᠭᠦᠴᠦᠰᠦ᠃ ︽ᠨᠢᠰᠦᠨ ᠤᠳᠤᠭᠰᠠᠨ ᠪᠤᠯᠵᠤᠮᠤᠷ︾ ᠢ ᠤᠩᠰᠢᠭᠰᠠᠨ ᠬᠤᠶᠢᠨ᠎ᠠ ᠰᠠᠨᠠᠭ᠎ᠠ ᠪᠤᠳᠤᠯ ᠭᠦᠪᠪᠦᠯᠵᠡᠭᠡᠳ | ᠪᠠᠶᠢᠳᠠᠭ ᠤᠨ ᠰᠢᠯᠳᠠᠭᠠᠨ ᠨᠢ᠂ ᠳᠡᠭᠦᠨ ᠤ ᠨᠠᠮᠬᠠᠷᠠᠰᠢ ᠦᠬᠡᠢ ᠤᠶᠤᠨ ᠪᠤᠳᠤᠯ ᠤᠨ ᠬᠤᠷᠸ᠎ᠠ ᠳᠤ ᠭᠦᠳᠦᠯᠬᠦ | ᠴᠢᠳᠠᠪᠬᠢ ᠠᠴᠠ ᠪᠤᠯᠤᠭᠰᠠᠨ ᠰᠠᠨ᠂ ᠨᠠᠮ ᠵᠢᠮᠭᠡᠨ ᠬᠦᠦᠷᠨᠢᠯ ᠨᠢ ᠬᠦᠮᠦᠰ ᠢ ᠤᠷᠠᠨ ᠪᠤᠳᠤᠯ ᠤᠨ ᠠᠭᠤᠳᠠᠮ ᠵᠠᠢ ᠳᠤ | ᠭᠦᠳᠦᠯᠵᠦ᠂ ᠬᠦᠮᠦᠰ ᠲᠤ ᠰᠡᠳᠭᠢᠬᠦᠢ ᠶᠢᠨ ᠤᠯᠠᠨ ᠪᠤᠯᠤᠮᠵᠢ ᠤᠯᠭᠤᠵᠤ᠂ ᠬᠦᠷᠬᠦᠢ ᠶᠢᠨ ᠬᠦᠰᠡᠯ ᠬᠢᠭᠡᠳ ᠬᠦᠷᠦᠰᠢ | ᠦᠬᠡᠢ ᠶᠢᠨ ᠬᠢᠵᠠᠭᠠᠷ ᠤᠨ ᠳᠤᠮᠳᠠ ᠳᠡᠭᠦᠯᠢᠬᠦᠯᠵᠦ ᠪᠠᠶᠢᠳᠠᠭ᠃ ᠡᠨᠡ ᠪᠤᠯ ᠢᠷᠠᠭᠤ ᠨᠠᠶᠢᠷᠠᠭ ᠤᠨ ᠪᠠᠭᠳᠠᠭᠠᠮᠵᠢ᠂ ︽ | ᠡᠰᠡ ᠳᠠᠭᠤᠰᠬᠤ︾ ᠶᠢᠨ ᠤᠷᠠᠨ ᠮᠦᠨ᠃ | ᠬᠤᠶᠠᠷ | ᠢᠷᠠᠭᠤ ᠨᠠᠶᠢᠷᠠᠭ ᠪᠤᠯ ᠡᠴᠢᠨ᠎ᠡ ᠪᠦᠷᠦᠭ᠃ ︽ᠨᠢᠰᠤᠨ ᠤᠳᠤᠭᠰᠠᠨ ᠪᠤᠯᠵᠤᠮᠤᠷ︾ ᠲᠤ ᠶᠠᠭᠤ ᠴᠦ | ᠦᠬᠦᠯᠡᠭᠡ ᠦᠬᠡᠢ ᠪᠠᠷ ᠶᠡᠭᠡ ᠤᠯᠠᠨ ᠢ ᠦᠬᠦᠯᠡᠭᠰᠡᠨ ᠮᠡᠳᠦ᠂ ᠪᠠᠰᠠ ᠶᠡᠭᠡ ᠤᠯᠠᠨ ᠢ ᠦᠬᠦᠯᠡᠭᠰᠡᠨ ᠪᠠᠶᠢᠭᠠᠳ ᠶᠠᠭᠤ | ᠴᠦ ᠶᠠᠷᠢᠭ᠎ᠠ ᠦᠬᠡᠢ ᠰᠢᠭ᠃ ᠰᠢᠯᠦᠭ ᠤᠨ ᠭᠠᠷᠴᠠᠭ ︽ᠨᠢᠰᠦᠨ ᠤᠳᠤᠭᠰᠠᠨ ᠪᠤᠯᠵᠤᠮᠤᠷ︾ ᠪᠤᠯ ᠰᠢᠯᠦᠭ ᠤᠨ | ᠶᠡᠷᠦᠩᠬᠡᠢ ᠰᠠᠨᠠᠭ᠎ᠠ ᠳᠦᠷᠢ ᠪᠤᠶᠤ ᠨᠢᠭᠡᠳᠡᠬᠢ ᠰᠠᠨᠠᠭ᠎ᠠ ᠳᠦᠷᠢ᠃ ᠭᠠᠷᠴᠠᠭ ᠢ ᠤᠩᠰᠢᠭᠠᠳ ᠡᠩ ᠳᠡᠷᠢᠭᠦᠨ ᠳᠤ | ᠲᠧᠭᠤᠷ ᠤᠨ ︽ᠪᠤᠯᠵᠤᠮᠤᠷ ᠤᠳᠤᠭᠰᠠᠨ ᠳᠡᠭᠦᠪᠦᠷᠢ︾ ᠢ ᠰᠠᠨᠠᠭᠠᠨ ᠳᠤ ᠤᠷᠤᠪᠠ᠂ ᠭᠡᠳᠡᠯ᠎ᠡ ᠤᠩᠰᠢᠭᠰᠠᠨ ᠬᠤᠶᠢᠨ᠎ᠡ | ᠡᠨᠡ ᠬᠤᠶᠠᠷ ᠪᠤᠯᠵᠤᠮᠤᠷ ᠠᠳᠠᠯᠢ ᠪᠢᠰᠢ ᠭᠡᠳᠡᠭ ᠨᠢ ᠮᠡᠳᠡᠭᠳᠡᠨ᠎ᠡ᠃ ᠨᠢᠰᠦᠨ ᠤᠳᠤᠭᠰᠠᠨ ᠪᠤᠯᠵᠤᠮᠤᠷ ᠶᠠᠭᠤ ᠪᠤᠢ᠂ | ᠶᠠᠭᠤ ᠴᠦ ᠪᠠᠶᠢᠵᠤ ᠪᠤᠯᠤᠨ᠎ᠠ᠂ ᠶᠠᠭᠤ ᠴᠦ ᠪᠢᠰᠢ ᠪᠠᠶᠢᠵᠤ ᠪᠤᠯᠤᠨ᠎ᠠ᠃ ᠡᠨᠡ ᠨᠢ ᠢᠷᠠᠭᠤ ᠨᠠᠶᠢᠷᠠᠭ ᠤᠨ ᠠᠮᠳᠠᠷᠬᠠᠬᠤ | ᠤᠷᠠᠯᠢᠭ ᠪᠤᠯᠬᠤ ᠠᠴᠠ ᠪᠢᠰᠢ᠂ ᠳᠠᠶᠢᠯᠪᠤᠷᠢᠯᠠᠬᠤ ᠮᠡᠳᠡᠯᠭᠡ ᠪᠢᠰᠢ ᠰᠢᠨᠵᠢ ᠴᠢᠨᠠᠷ ᠢ ᠦᠵᠡᠭᠦᠯᠵᠦ ᠪᠠᠶᠢᠨ᠎ᠠ᠃ | ᠵᠤᠬᠢᠶᠠᠭᠴᠢ ᠶᠢᠨ ᠪᠤᠳᠤᠯ ᠳᠤ ︽ᠪᠤᠯᠵᠤᠮᠤᠷ︾ ᠨᠢ ᠶᠠᠭᠤ ᠶᠢ ᠪᠡᠯᠭᠡᠳᠡᠵᠦ ᠪᠠᠶᠢᠨ᠎ᠠ ᠭᠡᠳᠡᠭ ᠢ ᠵᠦᠪᠬᠡᠨ ᠵᠤᠬᠢᠶᠠᠭᠴᠢ | ᠦᠪᠡᠷ ᠢᠶᠠᠨ ᠯᠠ ᠮᠡᠳᠡᠵᠤ᠂ ᠦᠪᠡᠷ ᠢᠶᠠᠨ ᠯᠠ ᠶᠠᠷᠢᠨ᠎ᠠ᠂ ᠭᠡᠬᠦ ᠳᠤ ᠰᠢᠯᠦᠭ ᠲᠠᠬᠢ ︽ᠪᠤᠯᠵᠤᠮᠤᠷ︾ ᠮᠢᠩᠭᠠᠨ | ᠵᠦᠢᠯ ᠪᠠᠶᠢᠵᠤ ᠪᠤᠯᠬᠤ ᠨᠢ ᠢᠷᠠᠭᠤ ᠨᠠᠶᠢᠷᠠᠭ ᠤᠨ ᠪᠠᠭᠳᠠᠭᠠᠮᠵᠢ ᠬᠢᠭᠡᠳ ᠭᠤᠸ᠎ᠠ ᠰᠠᠶᠢᠬᠠᠨ ᠤ ᠭᠦᠴᠦᠨ ᠴᠢᠳᠠᠯ | ᠪᠤᠯᠬᠤ ᠶᠤᠮ᠃ ᠰᠢᠯᠦᠭ ᠲᠤ ᠦᠯᠦ ᠬᠠᠷᠠᠭᠳᠠᠬᠤ ᠬᠤᠶᠠᠷ ︽ᠬᠦᠦᠷᠨᠢᠭᠴᠢ︾ ᠪᠠᠶᠢᠳᠠᠭ᠃ ᠭᠡᠬᠦ ᠳᠤ ︽ᠪᠢ︾ | ᠭᠤᠤᠯ ᠬᠦᠦᠷᠨᠢᠭᠴᠢ ᠶᠢᠨ ᠡᠭᠦᠷᠭᠡ ᠶᠢ ᠭᠦᠢᠴᠡᠳᠭᠡᠵᠦ᠂ ︽ᠴᠢ︾ ᠬᠦᠦᠷᠨᠢᠯ ᠢ ᠬᠦᠯᠢᠶᠡᠨ ᠠᠪᠤᠭᠴᠢ ᠪᠤᠶᠤ ᠨᠦᠬᠦᠨ | ᠭᠦᠦᠷᠨᠢᠭᠴᠢ ᠶᠢᠨ ᠡᠭᠦᠷᠭᠡ ᠶᠢ ᠭᠦᠢᠴᠡᠳᠭᠡᠵᠦ ᠪᠠᠶᠢᠯ᠎ᠠ᠃ ᠡᠨᠡ ᠬᠤᠶᠠᠷ ︽ᠳᠡᠭᠷᠢ ᠶᠢᠨ ᠵᠤᠬᠢᠶᠠᠯ ᠭᠠᠵᠠᠷ ᠤᠨ | ᠪᠠᠷᠢᠯᠳᠤᠯᠭ᠎ᠠ᠂ ᠠᠷᠭ᠎ᠠ ᠶᠢᠨ ᠠᠭᠤᠷ ᠪᠢᠯᠢᠭ ᠤᠨ ᠠᠮᠢᠰᠬᠤᠯ ᠢᠶᠠᠷ ᠠᠭᠤᠯᠵᠠᠭᠰᠠᠨ︾ ᠪᠦᠭᠡᠳ ︽ᠴᠢ︾ ᠭᠡᠵᠦ ︽ | ᠪᠢ︾ ᠶᠢᠨ | ︽ᠤᠷᠮ᠎ᠠ ᠰᠡᠳᠭᠢᠯᠬᠡ ᠶᠢᠨ ᠨᠤᠭᠤᠭᠠᠨ ᠨᠤᠭᠤᠰᠤ︾᠂ ︽ᠠᠯᠫᠠᠰ ᠤᠨ ᠴᠠᠰᠤ᠂ ᠭᠡᠭᠡᠷ᠎ᠡ ᠶᠢᠨ ᠳᠦᠳᠡᠭ︾᠂ | ︽ᠳᠤᠮᠤᠭ ᠤᠨ ᠬᠡᠦᠬᠡᠨ᠂ ᠰᠠᠷᠠᠨ ᠤ ᠪᠦᠰᠡᠭᠦᠢ︾ ᠁ ᠪᠠᠶᠢᠵᠠᠢ᠃ ᠳᠡᠭᠡᠭᠦᠯᠡᠷ ︽ᠴᠢ︾ ︽ᠪᠢ︾ ᠭᠡᠵᠦ | ᠨᠢᠬᠡ ᠬᠤᠤᠰ ᠢᠨᠠᠭ ᠬᠤᠩᠭᠤᠷ ᠮᠡᠳᠦ᠂ ᠳᠡᠶᠢᠮᠦ ᠪᠠᠶᠢᠵᠤ ᠪᠤᠯᠬᠤ ᠶᠤᠮ ︵ᠭᠡᠳᠡᠯ᠎ᠡ ᠦᠨᠡᠬᠡᠷ ᠳᠠᠰᠤ ᠭᠡᠯᠡᠵᠦ | ᠴᠢᠳᠠᠬᠤ ᠦᠬᠡᠢ︶᠂ ᠳᠡᠭᠡᠬᠦ ᠳᠤ ᠡᠨᠡ ᠢᠨᠠᠭ ᠪᠤᠯᠤᠭᠰᠠᠨ ︽ᠴᠢ︾ ᠨᠢ ᠬᠡᠨ ᠪᠤᠢ︖ ᠶᠠᠭᠤ ᠪᠤᠢ︖ ᠬᠡᠨ ᠴᠦ | ᠪᠠᠶᠢᠵᠤ ᠪᠤᠯᠤᠨ᠎ᠠ᠂ ᠶᠠᠭᠤ ᠴᠦ ᠪᠠᠶᠢᠵᠤ ᠪᠤᠯᠤᠨ᠎ᠠ᠃ ᠨᠡᠩ ᠴᠢᠬᠤᠯᠠ ᠨᠢ ᠰᠢᠯᠦᠭ ᠤᠨ ᠶᠠᠷᠦᠩᠬᠡᠢ ᠰᠠᠨᠠᠭ᠎ᠠ ᠳᠦᠷᠢ | ᠪᠤᠯᠤᠭᠰᠠᠨ ︽ᠮᠦᠩᠬᠡ ᠶᠢᠨ ᠪᠤᠯᠵᠤᠮᠤᠷ︾ ᠨᠢ ᠪᠠᠶᠢᠭᠤᠰᠢᠳᠠᠢ᠃ ᠳᠡᠷᠡ ᠪᠤᠯᠵᠤᠮᠤᠷ ᠨᠢ ᠠᠷᠠᠢ ᠵᠦᠪᠬᠡᠨ | ᠬᠦᠬᠡᠷᠦᠬᠦᠨ ᠬᠡᠦᠬᠡᠨ ᠭᠡᠵᠢ ᠤᠤ︖ ᠡᠰᠡᠭᠦᠯ᠎ᠡ ᠭᠦᠷᠦᠰᠢ ᠦᠬᠡᠢ ᠶᠢᠨ ᠬᠦᠰᠡᠯ ᠪᠤᠶᠤ ᠭᠦᠭᠡᠭᠡᠴᠡᠯᠳᠦᠯ ᠨᠢ ᠶᠤᠮ ᠤᠤ | ︖ ᠪᠢ ᠯᠠ ᠮᠡᠳᠡᠬᠦ ᠦᠬᠡᠢ᠃ ᠭᠡᠷᠪᠡ ᠬᠡᠨ ᠶᠠᠭᠤ ᠭᠡᠳᠡᠭ ᠢ ᠨᠢ ᠮᠡᠳᠡᠴᠢᠭᠡᠭᠰᠡᠨ ᠪᠤᠯ ᠪᠢ ᠮᠦᠨ ᠠᠮᠳᠠᠷᠬᠠᠬᠤ ᠪᠠᠷ | ᠦᠬᠡᠢ᠃ ᠠᠶᠢᠷᠯᠠᠨᠳ᠋ ᠤᠨ ᠵᠦᠴᠦᠭᠡ ︽ᠭᠤᠳᠤᠲ ᠢ ᠬᠦᠯᠢᠶᠡᠭᠰᠡᠨ︾ ᠳᠤ ᠬᠤᠶᠠᠷ ᠳᠡᠨᠦᠭᠦᠯᠴᠢ ᠮᠤᠷᠤᠢ ᠵᠠᠮ | ᠳᠡᠭᠡᠷ᠎ᠡ᠂ ᠤᠳᠠ ᠮᠤᠳᠤᠨ ᠤ ᠳᠡᠷᠭᠡᠳᠡ ᠭᠤᠳᠤᠲ ᠢ ᠬᠦᠯᠢᠶᠡᠵᠦ ᠪᠠᠶᠢᠨ᠎ᠠ᠂ ᠵᠦᠴᠦᠭᠡ ᠳᠤ ᠦᠬᠡᠷ᠎ᠡ ᠤᠶᠢᠯᠠ | ᠶᠠᠪᠤᠳᠠᠯ ᠦᠬᠡᠢ᠂ ᠭᠤᠳᠤᠲ ᠬᠡᠨ ᠪᠤᠢ᠂ ᠢᠷᠡᠨ᠎ᠡ ᠤᠤ ᠦᠬᠡᠢ ᠤᠤ᠂ ᠡᠨᠡ ᠬᠤᠶᠠᠷ ᠳᠡᠨᠦᠭᠦᠯᠴᠢ ᠶᠠᠭᠤᠨ ᠳᠤ | ᠳᠡᠭᠦᠨ ᠢ ᠭᠦᠯᠢᠶᠡᠨ᠎ᠡ ᠭᠡᠳᠡᠭ ᠨᠢ ᠪᠦᠷ ᠦᠯᠦ ᠮᠡᠳᠡᠬᠦ ᠵᠦᠢᠯ᠃ ᠡᠨᠡ ᠵᠦᠴᠦᠭᠡ ᠶᠢ ᠤᠶᠢᠯᠠ ᠶᠠᠪᠤᠳᠠᠯ ᠤᠨ | ᠤᠷᠠᠯᠢᠭ ᠢᠶᠠᠷ ᠰᠤᠨᠢᠷᠬᠠᠬᠤ ᠶᠢᠨ ᠠᠷᠭ᠎ᠠ ᠦᠬᠡᠢ᠂ ᠳᠡᠷᠡ ᠨᠢ ᠵᠦᠪᠬᠡᠨ ᠪᠡᠯᠭᠡᠳᠡᠯ᠃ ᠭᠤᠳᠤᠲ᠂ ᠬᠤᠶᠠᠷ | ᠳᠡᠨᠦᠭᠦᠯᠴᠢᠨ᠂ ᠮᠤᠷᠤᠢ ᠵᠠᠮ᠂ ᠤᠳᠠ ᠮᠤᠳᠤ ᠪᠦᠷ ᠪᠡᠯᠭᠡᠳᠡᠯ ᠰᠠᠨᠠᠭ᠎ᠠ ᠳᠦᠷᠢ᠂ ︽ᠬᠦᠯᠢᠶᠡᠯᠳᠡ︾ ᠨᠢ ᠴᠦ | ᠪᠡᠯᠭᠡᠳᠡᠯ᠃ ᠳᠡᠭᠡᠬᠦ ᠳᠤ ︽ᠭᠤᠳᠤᠲ ᠢ ᠬᠦᠯᠢᠶᠡᠭᠰᠡᠨ︾ ᠨᠢ ᠬᠠᠴᠢᠨ ᠬᠠᠭᠤᠮᠠᠬᠠᠢ᠂ ︽ᠨᠢᠰᠦᠨ ᠤᠳᠤᠭᠰᠠᠨ | ᠪᠤᠯᠵᠤᠮᠤᠷ︾ ᠢᠷᠠᠭᠤ ᠰᠠᠶᠢᠬᠠᠨ᠃ | ᠰᠢᠯᠦᠭ ᠲᠤ ᠪᠠᠰᠠ ᠮᠠᠰᠢ ᠤᠯᠠᠨ ᠪᠡᠯᠭᠡᠳᠡᠯ ᠰᠠᠨᠠᠭ᠎ᠠ ᠳᠦᠷᠢ ᠭᠠᠷᠳᠠᠭ᠃ ᠠᠪᠤᠷᠭᠤ ᠮᠤᠭᠠᠢ᠂ ᠨᠤᠭᠤᠭᠠᠨ | ᠨᠤᠭᠤᠰᠤ᠂ ᠡᠷᠳᠡᠨ ᠤ ᠬᠤᠳᠡ ᠶᠢᠨ ᠪᠠᠭᠤᠷᠢ᠂ ᠰᠡᠯᠡᠭᠦᠨ ᠰᠠᠷᠠᠨ᠂ ᠰᠢᠷ᠎ᠠ ᠪᠦᠷᠦᠢ᠂ ᠬᠠᠷᠠᠩᠭᠤᠢ ᠰᠦᠨᠢ᠂ | ᠦᠶᠡᠷ ᠤᠨ ᠤᠰᠤᠨ᠂ ᠭᠠᠯ ᠤᠯᠠᠭᠠᠨ ᠦᠨᠡᠭᠡ ᠁ ᠡᠳᠡᠭᠡᠷ ᠪᠤᠳᠠᠳᠠᠢ ᠳᠦᠷᠢ ᠨᠦᠭᠦᠳ ᠵᠤᠬᠢᠶᠠᠭᠴᠢ ᠶᠢᠨ | ᠪᠠᠶᠢᠷᠢᠭᠤᠯᠤᠯ ᠢᠶᠠᠷ ᠰᠢᠯᠦᠭ ᠲᠤ ᠪᠦᠷ ᠤᠳᠬ᠎ᠠ ᠰᠢᠯᠵᠢᠭᠰᠡᠨ ᠪᠡᠯᠭᠡᠳᠡᠯ ᠰᠠᠨᠠᠭ᠎ᠠ ᠳᠦᠷᠢ ᠪᠤᠯᠵᠤ᠂ ᠵᠤᠬᠢᠶᠠᠭᠴᠢ ᠶᠢᠨ | ᠠᠯᠢ ᠤᠯᠠᠨ ᠡᠴᠢᠨ᠎ᠡ ᠰᠠᠨᠠᠭ᠎ᠠ ᠪᠠᠨ ᠪᠢᠴᠢᠬᠦ ᠳᠤᠨᠢ ᠦᠢᠯᠡᠴᠢᠯᠡᠪᠡ᠃ ᠭᠡᠷᠪᠡ ᠪᠢ ᠦᠪᠡᠷ ᠤᠨ ᠭᠠᠭᠴᠠ ᠪᠤᠳᠤᠯ ᠢᠶᠠᠷ | ᠡᠳᠡᠭᠡᠷ ᠰᠠᠨᠠᠭ᠎ᠠ ᠳᠦᠷᠢ ᠨᠦᠭᠦᠳ ᠢ ᠳᠠᠶᠢᠯᠪᠤᠷᠢᠯᠠᠬᠤ ᠪᠤᠯ ᠮᠠᠰᠢ ᠤᠷᠳᠤ ᠬᠠᠭᠤᠳᠠᠰᠤ ᠪᠠᠷ᠂ ᠮᠠᠰᠢ ᠤᠯᠠᠨ ᠳᠠᠯ᠎ᠠ ᠪᠠᠷ | ᠶᠠᠷᠢᠵᠤ ᠪᠤᠯᠬᠤ ᠶᠤᠮ᠂ ᠭᠡᠳᠡᠯ᠎ᠡ ᠳᠡᠭᠡᠬᠦ ᠨᠢ ᠳᠡᠮᠡᠢ ᠠᠴᠢ ᠬᠤᠯᠪᠤᠭᠳᠠᠯ ᠦᠬᠡᠢ ᠰᠠᠨᠠᠭᠳᠠᠨ᠎ᠠ᠃ ᠤᠴᠢᠷ ᠨᠢ ᠡᠴᠢᠨ᠎ᠡ | ᠪᠦᠷᠦᠭ ᠪᠦᠬᠡᠳ ᠤᠯᠠᠨ ᠰᠠᠨᠠᠭ᠎ᠠ ᠠᠬᠤᠭᠤᠯᠬᠤ ᠪᠤᠯ ᠰᠠᠨᠠᠭ᠎ᠠ ᠳᠦᠷᠢ ᠶᠢᠨ ᠭᠤᠤᠯ ᠴᠢᠳᠡᠪᠬᠢ ᠶᠤᠮ᠃ ᠳᠡᠭᠦᠨ ᠢ | ᠳᠤᠶᠠᠴᠢᠭᠠᠳ ᠡᠨᠡ ᠳᠡᠷᠡ ᠭᠡᠬᠦ ᠨᠢ ᠭᠡᠳᠡᠷᠭᠦ ᠪᠠᠨ ᠳᠡᠭᠦᠨ ᠤ ᠤᠷᠠᠯᠢᠭ ᠤᠨ ᠭᠦᠴᠦᠨ ᠢ ᠪᠠᠭᠤᠷᠠᠭᠤᠯᠬᠤ ᠰᠠᠨ᠃ | ᠢᠷᠠᠭᠤ ᠨᠠᠶᠢᠷᠠᠭ ᠪᠤᠯ ᠡᠴᠢᠨ᠎ᠡ ᠪᠦᠷᠦᠭ᠂ ᠡᠴᠢᠨ᠎ᠡ ᠪᠦᠷᠦᠭ ᠪᠤᠯ ᠢᠷᠠᠭᠤ ᠨᠠᠶᠢᠷᠠᠭ ᠤᠨ ᠳᠡᠭᠡᠳᠦ ᠠᠬᠤᠢ᠃ | ᠭᠤᠷᠪᠠ | ᠢᠷᠠᠭᠤ ᠨᠠᠶᠢᠷᠠᠭ ᠪᠤᠯ ᠭᠤᠸ᠎ᠠ ᠰᠠᠶᠢᠬᠠᠨ᠃ ︽ᠨᠢᠰᠦᠨ ᠤᠳᠤᠭᠰᠠᠨ ᠪᠤᠯᠵᠤᠮᠤᠷ︾ ᠪᠤᠯ ᠵᠤᠬᠢᠶᠠᠭᠴᠢ ᠶᠢᠨ | ᠠᠮᠢᠳᠤᠷᠠᠯ ᠠᠴᠠ ᠳᠡᠭᠦᠭᠰᠡᠨ ᠭᠤᠸ᠎ᠠ ᠰᠠᠶᠢᠬᠠᠨ ᠤ ᠴᠡᠴᠡᠭᠡᠰ ᠤᠨ ᠪᠠᠭᠯᠠᠭ᠎ᠠ ᠪᠤᠶᠤ ᠶᠢᠷᠳᠢᠨᠴᠦ ᠶᠢᠨ ᠰᠠᠶᠢᠬᠠᠨ ᠳᠤ | ᠬᠠᠨᠳᠤᠭᠰᠠᠨ ᠤᠷᠮ᠎ᠠ ᠰᠡᠳᠭᠢᠯᠬᠡ ᠶᠢᠨ ᠬᠢᠨᠢ ᠭᠠᠳᠠᠭᠰᠢᠯᠠᠯ ᠪᠤᠯᠬᠤ ᠶᠤᠮ᠃ | ᠳᠤᠷᠤᠨᠠᠲ᠋ᠡᠭᠷᠢ ᠶᠢᠨ ᠢᠷᠠᠭᠤ ᠨᠠᠶᠢᠷᠠᠭ ᠤᠨ ᠶᠡᠷᠦᠩᠬᠡᠢ ᠨᠢᠬᠡᠨ ᠤᠨᠴᠠᠯᠢᠭ ᠪᠤᠯ ᠨᠠᠮ ᠮᠦᠯᠢᠭᠦᠬᠡᠨ᠂ ᠶᠡᠭᠡ ᠬᠠᠶᠢᠷ᠎ᠠ ᠶᠢᠨ | ᠳᠤᠭᠳᠤᠯᠤᠯ ᠢ ᠨᠠᠮ ᠵᠢᠮᠬᠡᠨ ᠳᠡᠮᠳᠡᠭᠯᠡᠳᠡᠭ ᠨᠢ ᠳᠡᠭᠦᠨ ᠤ ᠤᠭᠤᠭᠠᠳᠠ ᠶᠢᠨ ᠠᠷᠠᠨᠰᠢᠨ᠃ ᠳᠤᠰ ᠰᠢᠯᠢᠭ ᠨᠢ ᠴᠦ | ᠰᠡᠳᠭᠢᠯᠬᠡ ᠶᠢᠨ ᠬᠦᠭ ᠤᠨ ᠵᠢᠭᠳᠡᠬᠡᠨ ᠴᠢᠪᠠᠭᠳᠠᠯ ᠢᠶᠠᠷ ᠨᠢᠬᠡ ᠵᠦᠢᠯ ᠤᠨ ᠨᠠᠮ ᠵᠢᠮ ᠤᠨ ᠭᠤᠸ᠎ᠠ ᠰᠠᠶᠢᠬᠠᠨ ᠢ ᠢᠷᠡᠨ | ᠳᠡᠯᠭᠡᠳᠡᠭ᠃ ︽ᠨᠠᠢᠮᠠᠨ ᠭᠤᠤᠯ ᠤᠨ ᠡᠬᠢᠨ ᠳᠤ᠂ ᠨᠠᠶᠠᠨ ᠵᠢᠯᠠᠭ᠎ᠠ ᠶᠢᠨ ᠠᠭᠤᠯᠵᠠᠭᠤᠷ ᠲᠤ︾ ᠠᠭᠤᠯᠵᠠᠭᠰᠠᠨ | ᠬᠤᠶᠠᠷ ᠬᠦᠮᠦᠨ ᠤᠷᠮ᠎ᠠ ᠰᠡᠳᠭᠢᠯᠬᠡ ᠶᠢᠨ ᠨᠠᠮ ᠵᠢᠮᠬᠡᠨ ᠠᠶᠠᠰ ᠢᠶᠠᠷ ᠳᠤᠮᠤᠭ ᠶᠠᠷᠢᠵᠤ᠂ ᠳᠡᠦᠬᠡ ᠭᠦᠦᠷᠨᠢᠨ᠂ | ᠠᠯᠺᠰᠠᠨᠳᠠᠷ ᠪᠤᠶᠤ ᠠᠯᠬᠢᠨᠴᠢ ᠴᠡᠷᠢᠭ ᠤᠨ ᠠᠷᠪᠠᠳᠤ ᠶᠢᠨ ᠨᠤᠶᠠᠨ ᠬᠦᠷᠳᠡᠯ᠎ᠡ ᠬᠦᠦᠷᠨᠢᠵᠦ ᠪᠠᠶᠢᠭᠰᠠᠨ ᠴᠦ ᠪᠦᠬᠦ | ᠰᠢᠯᠦᠭ ᠤᠨ ᠶᠡᠷᠦᠩᠬᠡᠢ ᠬᠦᠭ ᠠᠶᠠᠰ ᠨᠢᠬᠡ ᠯᠡ ᠬᠦᠭ ᠲᠡᠭᠡᠨ ᠨᠠᠮ ᠮᠦᠯᠢᠬᠦᠨ᠂ ᠵᠢᠭᠳᠡ ᠴᠤᠪᠤᠭᠤᠯᠢᠭ᠃ ᠨᠠᠮ ᠵᠢᠮ | ᠪᠤᠯ ᠨᠢᠬᠡ ᠵᠦᠢᠯ ᠤᠨ ᠭᠤᠸ᠎ᠠ ᠰᠠᠶᠢᠬᠠᠨ᠂ ᠳᠡᠷᠡ ᠮᠦᠷᠳᠡᠭᠡᠨ ᠭᠤᠸ᠎ᠠ ᠰᠠᠶᠢᠬᠠᠨ ᠤ ᠳᠡᠭᠡᠳᠦ ᠠᠬᠤᠢ᠃ ᠬᠤᠷᠸ᠎ᠠ | ᠳᠡᠯᠡᠬᠡᠢ ᠳᠦᠷᠬᠢᠷᠡᠬᠦ ᠳᠤ ᠠᠮᠠᠷᠠᠬᠠᠨ᠂ ᠨᠠᠮᠵᠢᠭᠤᠷᠠᠬᠤ ᠳᠤ ᠭᠦᠴᠢᠷ︔ ᠢᠷᠠᠭᠤ ᠨᠠᠶᠢᠷᠠᠭ ᠢᠭᠳᠦᠯᠡᠬᠦ ᠳᠤ ᠠᠮᠠᠷᠠᠬᠠᠨ᠂ | ᠵᠢᠭᠳᠡᠷᠡᠬᠦ ᠳᠤ ᠬᠦᠴᠢᠷ ᠶᠤᠮ᠃ | ︽ᠢᠷᠠᠭᠤ ᠨᠠᠶᠢᠷᠠᠭ ᠪᠤᠯ ᠳᠦᠰᠦᠭᠡᠯᠡᠬᠦᠢ ᠶᠢᠨ ᠤᠷᠠᠯᠢᠭ︾ ᠭᠡᠵᠦ ᠤᠷᠳᠤ ᠬᠤᠭᠤᠴᠠᠭ᠎ᠠ ᠪᠠᠷ ᠶᠠᠷᠢᠭᠰᠠᠭᠠᠷ | ᠢᠷᠡᠪᠡ᠃ ᠠᠯᠢ ᠤᠷᠠᠯᠢᠭ ᠨᠢ ᠳᠦᠰᠦᠭᠡᠯᠡᠬᠦᠢ ᠶᠢᠨ ᠤᠷᠠᠯᠢᠭ ᠪᠢᠰᠢ ᠭᠡᠵᠦ ᠳ᠋ᠡ᠂ ᠵᠦᠪᠬᠡᠨ ᠢᠷᠡᠭᠤ ᠨᠠᠶᠢᠷᠠᠭ ᠲᠤ | ᠳᠦᠰᠦᠭᠡᠯᠡᠬᠦᠢ ᠶᠢ ᠨᠡᠩ ᠱᠠᠭᠠᠷᠳᠠᠬᠤ ᠳᠡᠳᠦᠢ᠃ ᠳᠦᠰᠦᠭᠡᠯᠡᠬᠦᠢ ᠶᠢᠨ ᠤᠷᠠᠯᠢᠭ ᠭᠡᠵᠦ ᠪᠠᠶᠢᠭ᠎ᠠ ᠶᠢᠨ ᠨᠡᠩ ᠴᠢᠬᠤᠯᠠ | ᠰᠢᠯᠳᠠᠭᠠᠨ ᠨᠢ ᠰᠠᠶᠢᠬᠠᠨ ᠪᠢᠴᠢᠭᠳᠡᠭᠰᠡᠨ ᠢᠷᠠᠭᠤ ᠨᠠᠶᠢᠷᠠᠭ ᠤᠩᠰᠢᠭᠴᠢ ᠶᠢᠨ ᠬᠢᠵᠠᠭᠠᠯᠠᠰᠢ ᠦᠬᠡᠢ ᠬᠤᠯᠪᠤᠨ | ᠪᠤᠳᠤᠯᠳᠠ᠂ ᠤᠷᠠᠨ ᠰᠠᠨᠠᠭ᠎ᠠ ᠶᠢ ᠡᠭᠦᠰᠭᠡᠬᠦ ᠶᠢ ᠶᠠᠷᠢᠵᠤ ᠪᠤᠢ᠃ ᠡᠨᠡ ᠨᠢ ᠮᠦᠨ ᠴᠦ ᠰᠠᠶ᠋ᠢ ᠶᠢᠨ ᠶᠠᠷᠢᠭᠰᠠᠨ ︽ | ᠪᠠᠭᠳᠠᠭᠠᠮᠵᠢ︾ ᠪᠤᠶᠤ ︽ᠡᠰᠡ ᠳᠠᠭᠤᠰᠬᠤ ᠶᠢᠨ ᠤᠷᠠᠨ︾ ᠪᠤᠯᠤᠨ᠎ᠠ᠃ ︽ᠨᠢᠰᠦᠨ ᠤᠳᠤᠭᠰᠠᠨ ᠪᠤᠯᠵᠤᠮᠤᠷ︾ ᠤᠨ | ᠤᠷᠠᠯᠢᠭ ᠤᠨ ᠴᠢᠬᠤᠯᠠ ᠨᠢᠬᠡᠨ ᠠᠮᠵᠢᠯᠳᠠ ᠭᠡᠪᠡᠯ᠂ ᠤᠩᠰᠢᠭᠴᠢ ᠶᠢ ᠳᠠᠰᠤᠷᠠᠯ ᠦᠬᠡᠢ ᠳᠦᠰᠦᠭᠡᠯᠡᠨ ᠪᠤᠳᠤᠬᠤ ᠶᠢᠨ | ᠬᠤᠷᠸ᠎ᠠ ᠪᠠᠷ ᠳᠡᠨᠦᠬᠦᠴᠢᠯᠡᠭᠦᠯᠬᠦ ᠴᠢᠳᠠᠪᠬᠢ ᠳᠤᠨᠢ ᠪᠤᠢ᠃ ᠬᠠᠷᠠᠩᠭᠤᠢ ᠭᠡᠭᠡᠨ ᠤ ᠰᠤᠯᠪᠢᠴᠠᠯ᠂ ᠵᠡᠭᠦᠳᠦ ᠪᠠ | ᠠᠬᠤᠢ ᠶᠢᠨ ᠰᠡᠯᠭᠦᠴᠡᠯ᠂ ᠳᠤᠮᠤᠭ ᠦᠨᠡᠨ ᠤ ᠳᠤᠭᠠᠴᠢᠯᠳᠠ᠂ ︽ᠳᠡᠭᠷᠢ ᠶᠢᠨ ᠬᠢᠵᠠᠭᠠᠷ ᠤᠨ ᠷᠤᠮᠠᠨᠲ᠋ᠢᠭ ᠦᠯᠢᠭᠡᠷ︾ | ︽ᠲᠷᠦᠶᠠ︾ ︽ᠰᠠᠺᠤᠷᠠ︾ ︽ᠳᠠᠯᠠᠢ ᠶᠢᠨ ᠡᠷᠭᠢ ᠶᠢᠨ ᠡᠯᠡᠰᠦᠨ ᠰᠠᠶᠢᠷᠭᠠᠯ︾ ︽ᠡᠬᠡ ᠭᠠᠵᠠᠷ ᠤᠨ ᠠᠮᠠᠷᠠᠭ | ᠬᠠᠳᠤᠨ︾ ᠁ ᠤᠩᠰᠢᠭᠴᠢ ᠳᠤ ᠳᠠᠩᠳᠠ ᠬᠤᠯᠪᠤᠨ ᠪᠤᠳᠤᠬᠤ ᠶᠢᠨ ᠤᠷᠤᠨ ᠵᠠᠢ ᠬᠠᠩᠭᠠᠵᠤ᠂ ᠤᠷᠠᠨ | ᠪᠤᠳᠤᠯ ᠢ ᠨᠢ ᠠᠯᠤᠰ ᠳᠡᠰᠢ ᠳᠡᠭᠦᠯᠢᠭᠦᠯᠦᠨᠡ᠃ ᠡᠨᠡ ᠪᠤᠯ ᠢᠷᠠᠭᠤ ᠨᠠᠶᠢᠷᠠᠭ ᠤᠨ ᠭᠤᠸ᠎ᠠ ᠰᠠᠶᠢᠬᠠᠨ ᠤ ᠴᠢᠬᠤᠯᠠ | ᠴᠢᠳᠠᠪᠬᠢ ᠪᠤᠯᠬᠤ ᠶᠤᠮ᠃ | ᠡᠷᠳᠡᠮᠳᠡᠨ ᠳᠤᠷᠤᠨᠠᠲ᠋ᠡᠭᠷᠢ ᠳᠤ ︽ᠮᠦᠷᠦᠭᠡᠳᠦᠯ︾ ᠭᠡᠬᠦ ᠭᠤᠸ᠎ᠠ ᠰᠠᠶᠢᠬᠠᠨ ᠤ ᠵᠠᠩᠬᠢᠶ᠎ᠠ ᠪᠤᠢ᠂ ᠳᠡᠷᠡ | ᠡᠷᠳᠡᠨ ᠤ ᠳᠡᠦᠬᠡ ᠪᠠ ᠦᠷᠦᠨᠡᠳᠡᠬᠢᠨ ᠤ ᠳᠤᠮᠤᠭ ᠠᠴᠠ ᠦᠪᠡᠷ ᠢ ᠪᠠᠨ ᠡᠷᠢᠬᠦ ᠳᠤᠷᠠᠳᠠᠢ᠃ ᠮᠦᠷᠦᠭᠡᠳᠦᠯ ᠨᠢ | ᠳᠡᠭᠦᠨ ᠤ ᠰᠢᠯᠦᠭ ᠲᠤ ᠨᠦᠮᠵᠦᠭ ᠡᠭᠡᠭᠦᠨ ᠦᠨᠦᠷ ᠰᠠᠭᠤᠯᠭᠠᠵᠤ᠂ ᠭᠤᠶᠢᠳᠠ ᠠᠮᠳᠠᠳᠠᠢ ᠪᠤᠯᠭᠠᠵᠠᠢ᠃ ︽ᠠᠮᠳᠠ︾ | ᠪᠤᠯ ᠤᠳᠬ᠎ᠠ ᠤᠷᠠᠯᠢᠭ ᠤᠨ ᠭᠤᠸ᠎ᠠ ᠰᠠᠶᠢᠬᠠᠨ ᠤ ᠴᠢᠬᠤᠯᠠ ᠡᠯᠧᠮᠧᠨᠲ᠂ ᠮᠦᠷᠦᠭᠡᠳᠦᠯ ᠢᠶᠠᠨ ᠠᠭᠰᠢᠭᠠᠵᠤ᠂ ᠢᠷᠠᠭᠤ | ᠨᠠᠶᠢᠷᠠᠭ ᠢᠶᠠᠨ ᠠᠮᠳᠠᠰᠢᠭᠤᠯᠬᠤ ᠨᠢ ᠤᠷᠠᠯᠢᠭᠴᠢ ᠶᠢᠨ ᠢᠳᠡ ᠳᠡᠮᠢᠷ ᠪᠢᠯᠡ᠃ ︽ᠬᠠᠭᠤᠴᠢᠨ ᠪᠠᠭᠤᠷᠢ︾ ᠪᠤᠯ ︽ | ᠨᠢᠰᠦᠨ ᠤᠳᠤᠭᠰᠠᠨ ᠪᠤᠯᠵᠤᠮᠤᠷ︾ ᠲᠠᠬᠢ ᠴᠢᠬᠤᠯᠠ ᠨᠢᠬᠡᠨ ᠰᠠᠨᠠᠭ᠎ᠠ ᠳᠦᠷᠢ᠂ ᠮᠦᠨ ᠴᠦ ᠲᠤᠷᠤᠨᠠᠲ᠋ᠡᠭᠷᠢ ᠶᠢᠨ | ᠤᠯᠠᠩᠬᠢ ᠰᠢᠯᠦᠭ ᠲᠤ ᠭᠠᠷᠳᠠᠭ ᠰᠠᠨᠠᠭ᠎ᠠ ᠳᠦᠷᠢ᠃ ᠬᠦᠨ ᠰᠠᠨᠠᠭ᠎ᠠ ᠠᠬᠤᠭᠤᠯᠤᠭᠰᠠᠨ ᠡᠨᠡ ᠰᠠᠨᠠᠭ᠎ᠠ ᠳᠦᠷᠢ ᠨᠢ | ᠵᠤᠬᠢᠶᠠᠭᠴᠢ ᠶᠢᠨ ᠳᠡᠦᠬᠡᠨ ᠮᠦᠷᠦᠭᠡᠳᠦᠯ ᠢ ᠨᠡᠶᠢᠳᠭᠡᠵᠦ᠂ ᠰᠢᠯᠦᠭ ᠤᠨ ᠭᠤᠸ᠎ᠠ ᠰᠠᠶᠢᠬᠠᠨ ᠤ ᠦᠨ᠎ᠡ ᠴᠡᠨ᠎ᠡ ᠶᠢ | ᠵᠤᠵᠠᠭᠠᠳᠬᠠᠵᠠᠢ᠃ ᠨᠠᠮ ᠵᠢᠮᠬᠡᠨ ︽ᠨᠢᠰᠦᠨ ᠤᠳᠤᠭᠰᠠᠨ ᠪᠤᠯᠵᠤᠮᠤᠷ︾ ᠲᠤ ᠵᠤᠬᠢᠶᠠᠭᠴᠢ ᠶᠢᠨ ᠶᠢᠷᠳᠢᠨᠴᠦ ᠶᠢᠨ | ᠰᠠᠶᠢᠬᠠᠨ ᠳᠤ ᠬᠠᠨᠳᠤᠭᠰᠠᠨ ᠳᠤᠭᠳᠤᠯᠤᠭᠰᠠᠨ ᠬᠠᠶᠢᠷ᠎ᠠ ᠨᠢᠭᠤᠭᠳᠠᠵᠤ ᠪᠤᠢ᠃ ︽ᠶᠢᠷᠳᠢᠨᠴᠦ ᠶᠢᠨ ᠭᠡᠷᠡᠯ᠂ | ᠴᠡᠩᠭᠡᠯ ᠤᠨ ᠪᠤᠯᠠᠭ᠂ ᠪᠠᠶᠠᠰᠬᠤᠯᠠᠩ ᠤᠨ ᠳᠠᠭᠤᠤ︾ ᠵᠡᠷᠭᠡ ᠳᠦᠷᠰᠦᠯᠡᠯ ᠪᠤᠯ ᠬᠦᠮᠦᠨ ᠤ ᠰᠠᠶᠢᠬᠠᠨ ᠳᠤ | ᠬᠠᠨᠳᠤᠭᠰᠠᠨ ᠳᠡᠭᠡᠳᠦ ᠬᠡᠮᠵᠢᠶᠡᠨ ᠤ ᠦᠨᠡᠯᠡᠯᠳᠡ ᠳᠠᠭᠠᠰᠢᠶᠠᠯ ᠪᠤᠯᠬᠤ ᠶᠤᠮ᠃ ᠭᠦᠭᠵᠢᠮᠳᠦ ᠬᠡᠯᠡᠯᠬᠡ ᠪᠤᠯ ︽ᠨᠢᠰᠦᠨ | ᠤᠳᠤᠭᠰᠠᠨ ᠪᠤᠯᠵᠤᠮᠤᠷ︾ ᠤᠨ ᠭᠤᠸ᠎ᠠ ᠰᠠᠶᠢᠬᠠᠨ ᠤ ᠪᠠᠰᠠ ᠨᠢᠬᠡ ᠴᠢᠬᠤᠯᠠ ᠠᠬᠤᠭᠤᠯᠬᠤᠨ᠃ ︽ᠰᠡᠯᠡᠭᠦᠨ ᠰᠠᠷᠠᠨ | ᠭᠦᠪᠪᠦᠨ ᠢᠷᠡᠨ᠎ᠡ᠂ ᠰᠡᠪᠡᠭᠡᠨᠡᠨ ᠰᠡᠩᠰᠡᠷᠡᠬᠦ ᠬᠤᠷ᠎ᠠ ᠶᠢᠨ ᠤᠰᠤᠨ ᠪᠦᠵᠢᠭᠯᠡᠨ ᠢᠷᠡᠨ᠎ᠡ︾᠂ ︽ᠭᠡᠭᠡᠪᠴᠢ ᠶᠢᠨ | ᠴᠡᠩᠭᠡᠷ ᠱᠠ ᠳᠡᠭᠡᠷ᠎ᠡ ᠪᠤᠯᠤᠷᠬᠠᠨ ᠮᠦᠰᠢᠶᠡᠳᠦ ᠴᠢᠨᠢ ᠬᠡᠦᠬᠡᠳ ᠰᠢᠭ ᠳᠤᠭᠯᠠᠵᠤ ᠪᠠᠶᠢᠯ᠎ᠠ︾ ᠁ ᠵᠡᠷᠭᠡ ᠶᠢᠨ | ᠬᠡᠯᠡᠯᠬᠡ ᠨᠦᠭᠦᠳ ᠳᠤᠰ ᠰᠢᠯᠦᠭ ᠢ ᠦᠨᠡᠬᠡᠷ ᠦᠪᠡᠷᠮᠢᠴᠡ ᠭᠤᠪᠠᠶᠢᠷᠬᠠᠨ ᠪᠤᠯᠭᠠᠯ᠎ᠠ ᠭᠡᠳᠡᠭ ᠢ ᠵᠠᠪᠠᠯ ᠳᠡᠮᠳᠡᠭᠯᠡᠬᠦ | ᠭᠡᠷᠡᠭᠳᠡᠢ ᠰᠢᠦ᠃ | ᠤᠳᠬ᠎ᠠ ᠤᠶᠠᠩᠭ᠎ᠠ ᠶᠢᠨ ᠦᠯᠡᠮᠵᠢ ᠢᠨᠦ ᠡᠰᠡ ᠳᠠᠭᠤᠰᠬᠤ ᠶᠢᠨ ᠤᠷᠠᠨ ᠪᠤᠯᠠᠢ᠂ ᠤᠳᠬ᠎ᠠ ᠤᠶᠠᠩᠭ᠎ᠠ ᠳᠤᠷ | ᠡᠰᠡ ᠳᠠᠭᠤᠰᠬᠤ ᠠᠨᠤ ᠤᠭᠤᠭᠠᠳᠠ ᠶᠢᠨ ᠭᠤᠸ᠎ᠠ ᠰᠠᠶᠢᠬᠠᠨ᠃ | ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ | ᠲᠡᠪᠰᠢᠭᠦᠯᠦᠭᠰᠡᠨ ᠨᠢ᠄ ᠤᠶᠠᠬᠠᠨ |