— ᠮᠢᠩᠭᠠᠳ ᠡᠷᠳᠡᠮᠲᠦ ᠶᠢᠨ ︽ᠶᠢᠷᠳᠢᠨᠴᠦ ᠶᠢᠨ ᠬᠢᠵᠠᠭᠠᠷ ᠲᠠᠬᠢ ᠰᠠᠷᠠᠨ ᠤ ᠭᠡᠷᠡᠯ︾ ᠨᠣᠮ ᠢ | ᠲᠠᠶᠢᠯᠪᠤᠷᠢᠯᠠᠨ ᠣᠩᠰᠢᠬᠤ ᠨᠢ | ᠫᠷᠣᠹᠧᠰᠰᠣᠷ᠂ ᠳ᠋ᠣᠺᠲ᠋ᠣᠷ᠂ ᠵᠣᠬᠢᠶᠠᠯᠴᠢ ᠮᠢᠩᠭᠠᠳ ᠡᠷᠳᠡᠮᠳᠣ ᠶᠢᠨ ︽ᠶᠢᠷᠳᠢᠨᠴᠣ ᠶᠢᠨ ᠬᠢᠵᠠᠭᠠᠷ ᠲᠠᠬᠢ | ᠰᠠᠷᠠᠨ ᠤ ᠭᠡᠷᠡᠯ︾ ᠨᠣᠮ ᠨᠢ ᠠᠮᠠᠨ ᠲᠡᠦᠬᠡ ᠶᠢ ᠪᠢᠴᠢᠭᠰᠡᠨ ︽ᠵᠠᠭᠤᠨ ᠠᠴᠠ ᠴᠦ ᠣᠷᠳᠣ ᠭᠡᠳᠡᠩ ᠤᠨ ᠰᠦᠨᠢ︾᠂ | ᠠᠮᠠᠨ ᠰᠣᠶᠣᠯ ᠪᠠ ᠪᠢᠴᠢᠭ ᠤᠨ ᠰᠣᠶᠣᠯ ᠢ ᠪᠢᠴᠢᠭᠰᠡᠨ ︽ᠬᠠᠮᠤᠭ ᠤᠨ ᠰᠡᠭᠦᠯᠴᠢ ᠶᠢᠨ ᠮᠠᠭᠳᠠᠭᠠᠯ ᠬᠠᠶᠢᠯᠠᠭᠴᠢ︾᠂ | ᠨᠣᠮ ᠬᠠᠳᠠᠭᠠᠯᠠᠳᠠᠭ ᠣᠯᠠᠮᠵᠢᠯᠠᠯ ᠢ ᠪᠢᠴᠢᠭᠰᠡᠨ ︽ᠰᠢᠪᠡᠷ ᠬᠡᠷᠡᠮ ᠤᠨ ᠲᠣᠳᠣᠷ᠎ᠠ ᠠᠰᠠᠭᠰᠠᠨ ᠵᠣᠯᠠ ᠶᠢᠨ ᠭᠡᠷᠡᠯ︾ ᠪᠠ | ᠦᠰᠦᠭ ᠪᠢᠴᠢᠭ ᠤᠨ ᠲᠡᠦᠬᠡ ᠶᠢ ᠪᠢᠴᠢᠭᠰᠡᠨ ︽ᠲᠣᠳᠣᠷᠬᠠᠢ ᠦᠰᠦᠭ︾ ᠵᠡᠷᠭᠡ ᠲᠦᠷᠪᠡᠨ ᠨᠠᠶᠢᠷᠠᠭᠤᠯᠣᠯ ᠢᠶᠠᠷ | ᠪᠦᠷᠢᠯᠳᠦᠪᠠ᠃ ︽ᠵᠠᠭᠤᠨ ᠠᠴᠠ ᠴᠦ ᠣᠷᠳᠣ ᠭᠡᠳᠡᠩ ᠤᠨ ᠰᠦᠨᠢ︾᠂ ︽ᠬᠠᠮᠤᠭ ᠰᠡᠬᠦᠯᠴᠢ ᠶᠢᠨ ᠮᠠᠭᠳᠠᠭᠠᠯ | ᠬᠠᠶᠢᠯᠠᠭᠴᠢ︾᠂ ︽ᠰᠢᠪᠠᠷ ᠬᠡᠷᠡᠮ ᠤᠨ ᠲᠣᠳᠣᠷ᠎ᠠ ᠠᠰᠠᠭᠰᠠᠨ ᠵᠣᠯᠠ ᠶᠢᠨ ᠭᠡᠷᠡᠯ︾ ᠭᠤᠷᠪᠠᠨ ᠵᠣᠬᠢᠶᠠᠯ ᠠᠩᠬ᠎ᠠ ︽ | ᠠᠷᠠᠳ ᠤᠨ ᠰᠦᠯᠵᠢᠶ᠎ᠠ︾ ᠳᠤ ᠨᠡᠶᠢᠳᠡᠯᠡᠭᠳᠡᠨ ᠣᠩᠰᠢᠭᠴᠢ ᠶᠢᠨ ᠬᠠᠷᠠᠭᠠᠨ ᠳᠤ ᠣᠷᠣᠵᠦ᠂ ᠲᠠᠷᠠᠭ᠎ᠠ ᠨᠢ ︽ | ᠰᠢᠯᠢ ᠶᠢᠨ ᠭᠤᠣᠯ︾ ᠰᠡᠳᠬᠦᠯ ᠳᠤ ᠨᠡᠶᠢᠳᠡᠯᠡᠭᠳᠡᠵᠦ᠂ ᠣᠳᠠᠯ ᠦᠬᠡᠢ ︽ᠦᠨᠢᠷ ᠴᠡᠴᠡᠭ︾ ᠰᠡᠳᠬᠦᠯ ᠪᠠ ︽ | ᠦᠨᠳᠣᠰᠣᠳᠠᠨ ᠤ ᠣᠳᠬ᠎ᠠ ᠵᠣᠬᠢᠶᠠᠯ︾ ᠰᠡᠳᠬᠦᠯ ᠳᠤ ᠰᠢᠯᠵᠢᠬᠦᠯᠦᠨ ᠨᠡᠶᠢᠳᠡᠯᠡᠭᠳᠡᠵᠦ᠂ ᠣᠯᠠᠨ ᠤ ᠲᠣᠮᠳᠠ ᠲᠣᠩ | ᠶᠡᠭᠡ ᠨᠦᠯᠦᠬᠡ ᠲᠣᠰᠬᠠᠯ ᠭᠠᠷᠣᠭᠰᠠᠨ ᠪᠦᠬᠡᠳ ︽ᠵᠠᠭᠤᠨ ᠠᠴᠠ ᠴᠦ ᠣᠷᠳᠣ ᠭᠡᠳᠡᠩ ᠤᠨ ᠰᠦᠨᠢ︾ ᠪᠠ ︽ | ᠬᠠᠮᠤᠭ ᠤᠨ ᠰᠡᠭᠦᠯᠴᠢ ᠶᠢᠨ ᠮᠠᠭᠳᠠᠭᠠᠯ ᠬᠠᠶᠢᠯᠠᠭᠴᠢ︾ ᠬᠤᠶᠠᠷ ᠨᠠᠶᠢᠷᠠᠭᠤᠯᠣᠯ ᠨᠢ 2012 ᠣᠨ ᠤ 7 ᠳ᠋ᠣᠭᠠᠷ | ᠰᠠᠷ᠎ᠠ ᠳᠤ ᠲᠣᠯᠣᠳᠣᠭᠠᠷ ᠣᠳᠠᠭᠠᠨ ᠤ ︽ᠪᠣᠷᠵᠢᠭᠢᠨ︾ ᠣᠳᠬ᠎ᠠ ᠵᠣᠬᠢᠶᠠᠯ ᠤᠨ ᠱᠠᠩᠨᠠᠯ ᠤᠨ ᠲᠡᠷᠢᠭᠦᠨ ᠱᠠᠩᠨᠠᠯ᠂ | 2013 ᠣᠨ ᠳᠤ ︽ᠦᠨᠳᠦᠰᠦᠳᠡᠨ ᠤ ᠣᠳᠬ᠎ᠠ ᠵᠣᠬᠢᠶᠠᠯ︾ ᠰᠡᠳᠬᠦᠯ ᠤᠨ ᠣᠨ ᠤ ᠱᠠᠩᠨᠠᠯ ᠢ ᠲᠣᠰ ᠲᠣᠰ | ᠬᠦᠷᠳᠡᠵᠦ᠂ ︽ᠲᠣᠳᠣᠷᠬᠠᠢ ᠦᠰᠦᠭ︾ ᠵᠣᠬᠢᠶᠠᠯ ᠨᠢ ︽ᠲᠣᠮᠳᠠᠳᠣ ᠶᠢᠨ ᠦᠨᠳᠣᠰᠣᠳᠠᠨ︾ ᠰᠡᠳᠬᠦᠯ ᠳᠤ ᠭᠤᠷᠪᠠᠨ | ᠬᠤᠭᠤᠴᠠᠭ᠎ᠠ ᠦᠷᠬᠦᠯᠵᠢᠯᠡᠨ ᠨᠡᠶᠢᠳᠡᠯᠡᠭᠳᠡᠵᠦ᠂ ᠲᠠᠷᠠᠭ᠎ᠠ ᠨᠢ ︽ᠲᠣᠮᠳᠠᠳᠣ ᠣᠯᠣᠰ ᠤᠨ ᠮᠣᠩᠭᠤᠯ ᠭᠡᠯᠡᠨ ᠤ ᠰᠣᠨᠢᠨ | ᠮᠡᠳᠡᠬᠡᠨ ᠤ ᠰᠦᠯᠵᠢᠶ᠎ᠠ︾ ᠪᠠ ︽ᠬᠤᠯᠪᠤᠭ᠎ᠠ ᠰᠦᠯᠵᠢᠶ᠎ᠡ︾ ᠵᠡᠷᠭᠡ ᠰᠦᠯᠵᠢᠶ᠎ᠡ ᠪᠠᠷ ᠲᠠᠷᠬᠠᠭᠰᠠᠨ ᠪᠠᠶᠢᠨ᠎ᠠ᠃ ︽ | ᠶᠢᠷᠳᠢᠨᠴᠣ ᠶᠢᠨ ᠬᠢᠵᠠᠭᠠᠷ ᠲᠠᠬᠢ ᠰᠠᠷᠠᠨ ᠤ ᠭᠡᠷᠡᠯ︾ ᠨᠣᠮ 2014 ᠣᠨ ᠤ 5 ᠰᠠᠷ᠎ᠠ ᠳᠤ ᠦᠪᠤᠷ ᠮᠣᠩᠭᠤᠯ ᠤᠨ | ᠰᠣᠶᠣᠯ ᠤᠨ ᠬᠡᠪᠯᠡᠯ ᠤᠨ ᠬᠤᠷᠢᠶ᠎ᠠ ᠠᠴᠠ ᠬᠡᠪᠯᠡᠭᠳᠡᠨ ᠭᠠᠷᠣᠮᠠᠭᠴᠠ ᠪᠠᠨ ᠪᠤᠷᠣᠯᠠᠭᠤᠯᠭ᠎ᠠ ᠰᠠᠶᠢᠳᠠᠢ ᠨᠣᠮ ᠪᠤᠯᠵᠦ᠂ | 2000 ᠰᠢᠷᠬᠡᠭ ᠬᠡᠪᠯᠡᠭᠳᠡᠭᠰᠡᠨ ᠨᠣᠮ ᠨᠢ ᠬᠤᠳᠠᠯᠳᠣᠵᠦ ᠲᠠᠭᠤᠰᠣᠮᠠᠷ ᠪᠤᠯᠪᠠ᠃ ᠡᠨᠡ ᠶᠡᠭᠡ ᠨᠦᠯᠦᠬᠡ ᠲᠣᠰᠬᠠᠯ ᠪᠠ | ᠠᠮᠵᠢᠯᠳᠠ ᠠᠴᠠ ᠲᠣᠰ ᠨᠣᠮ ᠤᠨ ᠦᠨ᠎ᠡ ᠴᠡᠨ᠎ᠡ ᠨᠢ ᠮᠡᠳᠡᠷᠡᠭᠳᠡᠵᠦ ᠪᠠᠶᠢᠨ᠎ᠠ᠃ ᠲᠡᠭᠡᠪᠡᠯ ᠴᠣᠬᠤᠮ ᠶᠠᠮᠠᠷ | ᠰᠢᠯᠳᠠᠭᠠᠨ ᠢᠶᠠᠷ ᠲᠣᠰ ᠨᠣᠮ ᠲᠡᠳᠣᠢ ᠶᠡᠭᠡ ᠣᠩᠰᠢᠭᠴᠢ ᠶᠢᠨ ᠠᠩᠬᠠᠷᠣᠯ ᠢ ᠲᠠᠳᠠᠪᠠ︖ ︽ᠨᠢᠭᠤᠴᠠ ᠵᠣᠷ︾ ᠨᠢ | ᠶᠠᠭᠤ ᠪᠠᠶᠢᠭ᠎ᠠ ᠪᠤᠢ︖ ᠦᠬᠦᠯᠡᠯ ᠲᠣᠭᠤᠷᠪᠢᠭᠴᠢ ᠪᠠᠷ ᠦᠨᠡᠨᠴᠢ ᠰᠡᠳᠬᠢᠯᠬᠡ ᠶᠢ ᠦᠪᠡᠷᠮᠢᠴᠠ ᠭᠤᠶᠢᠳᠠ | ᠢᠯᠡᠷᠡᠬᠦᠯᠵᠦ ᠴᠢᠳᠠᠭᠰᠠᠨ︔ ᠨᠠᠶᠢᠷᠠᠭᠤᠯᠣᠯ ᠤᠨ ᠬᠡᠯᠪᠡᠷᠢ ᠮᠠᠶ᠋ᠢᠭ ᠢ ᠲᠡᠯᠡᠵᠦ᠂ ᠬᠦᠷᠢᠶ᠎ᠡ ᠬᠡᠪᠴᠢᠶ᠎ᠠ ᠶᠢ | ᠦᠷᠭᠡᠳᠭᠡᠭᠰᠡᠨ ᠵᠡᠷᠬᠡ ᠲᠠᠯ᠎ᠠ ᠠᠴᠠ ᠲᠣᠰ ᠨᠣᠮ ᠤᠨ ᠣᠯᠠᠨ ᠤ ᠠᠩᠬᠠᠷᠣᠯ ᠢ ᠲᠠᠳᠠᠵᠦ ᠴᠢᠳᠠᠭᠰᠠᠨ ᠤ ︽ᠨᠢᠭᠤᠴᠠ | ᠵᠣᠷ︾ ᠢ ᠵᠠᠳᠠᠯᠣᠨ ᠰᠢᠨᠵᠢᠯᠡᠬᠦ ᠶᠢ ᠣᠷᠣᠯᠳᠣᠪᠠ᠃ | ᠨᠢᠬᠡ᠂ ᠦᠨᠡᠨᠴᠢ ᠰᠡᠳᠬᠢᠯᠬᠡ᠂ ᠦᠪᠡᠷᠮᠢᠴᠠ ᠢᠯᠡᠷᠡᠬᠦᠯᠦᠯ | ᠲᠣᠰ ᠨᠣᠮ ᠳᠤ ᠪᠠᠭᠳᠠᠯᠴᠠᠭᠰᠠᠨ ᠨᠠᠶᠢᠷᠠᠭᠤᠯᠣᠯ ᠤᠳ ᠲᠤ ᠵᠤᠬᠢᠶᠠᠯᠴᠢ ᠶᠢᠨ ᠪᠠᠶᠠᠷᠯᠠᠭᠰᠠᠨ᠂ ᠭᠤᠮᠣᠳᠠᠭᠰᠠᠨ᠂ | ᠬᠠᠷᠠᠮᠰᠠᠭᠰᠠᠨ᠂ ᠪᠢᠰᠢᠷᠡᠭᠰᠡᠨ᠂ ᠵᠣᠷᠢᠭᠵᠢᠬᠰᠡᠨ᠂ ᠬᠤᠷᠣᠰᠦᠨ ᠬᠢᠯᠢᠩᠨᠡᠭᠰᠡᠨ ᠣᠯᠠᠨ ᠵᠦᠢᠯ ᠤᠨ ᠰᠡᠳᠬᠢᠯᠬᠡ | ᠨᠡᠶᠢᠳᠡᠮ ᠯᠡᠪᠡᠷᠡᠵᠦ ᠪᠠᠶᠢᠳᠠᠭ᠃ ᠡᠨᠡ ᠨᠢ ᠣᠩᠰᠢᠭᠴᠢ ᠶᠢ ᠬᠦᠨ ᠨᠦᠯᠦᠬᠡᠯᠡᠭᠰᠡᠨ ᠤ ᠨᠢᠬᠡ ᠰᠢᠯᠳᠠᠭᠠᠨ ᠭᠡᠵᠦ ᠮᠢᠨᠦ | ᠬᠤᠪᠢ ᠳᠤ ᠪᠤᠳᠣᠳᠠᠭ᠃ ᠨᠠᠶᠢᠷᠠᠭᠤᠯᠣᠯ ᠤᠨ ᠦᠭᠡᠷ᠎ᠡ ᠲᠦᠷᠦᠯ ᠤᠨ ᠵᠣᠬᠢᠶᠠᠯ ᠠᠴᠠ ᠢᠯᠭᠠᠭᠳᠠᠬᠤ ᠢᠯᠡᠷᠬᠡᠢ | ᠣᠨᠴᠠᠯᠢᠭ ᠪᠤᠯ ᠲᠠᠷᠣᠢ ᠰᠡᠳᠬᠢᠯᠬᠡ ᠪᠠᠷ ᠣᠩᠰᠢᠭᠴᠢ ᠶᠢ ᠨᠦᠯᠦᠬᠡᠯᠡᠬᠦ ᠶᠠᠪᠤᠳᠠᠯ ᠪᠤᠯᠤᠨ᠎ᠠ᠃ ᠨᠣᠮ ᠰᠣᠳᠣᠷ ᠢ | ᠪᠤᠷᠬᠠᠨ ᠰᠢᠭ᠋ ᠲᠡᠬᠡᠳᠣᠯᠡᠳᠡᠭ ᠮᠣᠩᠭᠤᠯ ᠰᠣᠶᠣᠯ ᠳᠠᠭᠠᠨ ᠬᠠᠶᠢᠷᠠᠳᠠᠢ ᠦᠬᠡᠯᠡᠳ ᠠᠷᠠᠳ ᠲᠦᠮᠠᠨ ᠲᠠᠢ ᠠᠭᠤᠯᠵᠠᠵᠦ | ᠶᠠᠷᠢᠯᠴᠠᠭᠠᠳ᠂ ᠪᠠᠭ᠋ᠠᠳᠣᠨ ᠪᠢᠰᠢᠷᠡᠭᠰᠡᠨ᠂ ᠬᠦᠨᠳᠣᠳᠬᠡᠭᠰᠡᠨ ᠰᠡᠳᠬᠢᠯᠬᠡ ᠡᠷᠬᠡ ᠦᠬᠡᠢ ᠲᠦᠷᠦᠭᠳᠡᠭᠰᠡᠨ | ᠵᠣᠬᠢᠶᠠᠭᠴᠢ ᠪᠠᠷ ︽ᠦᠪᠡᠷ ᠤᠨ ᠢᠶᠠᠨ ᠰᠣᠶᠣᠯ ᠲᠡᠦᠬᠡ ᠪᠠᠨ ᠬᠢᠮᠠᠭᠠᠳᠠᠨ ᠬᠠᠳᠠᠭᠠᠯᠠᠵᠦ ᠶᠠᠪᠤᠳᠠᠭ ᠬᠦᠮᠦᠰ ᠡᠬᠡ | ᠨᠣᠳᠤᠭ ᠤᠨ ᠢᠶᠠᠨ ᠠᠳᠬᠤ ᠰᠢᠷᠣᠢ᠂ ᠠᠯᠳᠠᠨ ᠬᠢᠯᠢ ᠶᠢ ᠬᠠᠯᠠᠭᠤᠨ ᠠᠮᠢ ᠪᠠᠷ ᠢᠶᠠᠨ ᠬᠠᠭᠡᠴᠨᠶᠢᠯᠠᠳᠠᠭ ᠡᠬᠡ ᠣᠷᠣᠨᠴᠢ | ᠲᠠᠶᠢᠴᠢᠳ ᠲᠠᠢ ᠢᠯᠭᠠᠭ᠎ᠠ ᠦᠬᠡᠢ ᠢᠵᠢᠯᠢᠬᠡᠨ ᠬᠠᠳᠠᠨ ᠪᠠᠭᠠᠳᠣᠷᠴᠣᠳ︾ ᠭᠡᠵᠦ ᠬᠦᠨᠳᠣᠳᠬᠡᠨ ᠪᠢᠰᠢᠷᠡᠭᠰᠡᠨ | ᠪᠦᠬᠡᠳ ︽ᠡᠩ ᠤᠨ᠂ ᠪᠤᠷᠣᠭᠵᠢᠭᠤᠨ ᠬᠠᠷᠠᠭᠳᠠᠬᠤ ᠠᠳᠠᠯ᠎ᠠ ᠰᠡᠳᠬᠢᠯ ᠤᠨ ᠲᠣᠳᠣᠭᠠᠳᠣ ᠲᠠᠮᠢᠷ ᠨᠢ ᠡᠷᠴᠢᠮᠯᠢᠭ᠂ | ᠬᠦᠮᠦᠨ ᠤ ᠣᠶᠣᠨ ᠣᠬᠠᠭᠠᠨ ᠢ ᠶᠠᠭᠤᠨ ᠠᠴᠠ ᠴᠦ ᠡᠷᠬᠢᠮ ᠪᠤᠯᠭᠠᠨ ᠲᠡᠬᠡᠵᠢᠯᠠᠨ ᠶᠠᠪᠤᠳᠠᠭ︾ ︽ᠣᠬᠠᠭ᠎ᠠ ᠲᠠᠢ | ᠰᠡᠬᠡᠬᠡ ᠲᠠᠢ︾ ︽ᠬᠦᠮᠦᠨ ᠤ ᠰᠡᠳᠬᠢᠯ ᠢ ᠨᠠᠮᠣᠷ ᠤᠨ ᠰᠦᠨᠢ ᠶᠢᠨ ᠰᠠᠷᠠᠨ ᠮᠡᠳᠣ ᠲᠣᠩᠭᠠᠯᠠᠭ ᠲᠣᠭᠳᠠᠭᠤᠨ | ᠪᠤᠯᠭᠠᠳᠠᠭ ᠠᠭᠠᠳ ᠠᠰᠬ᠎ᠠ ᠬᠠᠳᠠᠨ ᠠᠴᠠ ᠠᠰᠬᠠᠷᠠᠨ ᠪᠠᠭᠤᠬᠤ ᠣᠷᠣᠰᠬᠠᠯ ᠣᠰᠣᠨ ᠮᠡᠳᠣ ᠲᠣᠭᠳᠣᠯᠣᠭᠤᠯᠳᠠᠭ︾ | ᠲᠡᠳᠡᠭᠡᠷ ᠬᠦᠮᠦᠰ ︽ᠮᠢᠨᠦ ᠬᠤᠪᠢ ᠳᠤ ᠬᠠᠮᠢᠭ᠎ᠠ ᠠᠴᠠ ᠡᠷᠢᠵᠦ ᠣᠯᠳᠠᠳᠠᠭ ᠦᠬᠡᠢ ᠰᠣᠷᠬᠤ ᠪᠢᠴᠢᠭ ᠪᠠᠶᠢᠭᠰᠠᠨ︾ | ᠭᠡᠵᠦ ᠪᠤᠳᠣᠳᠠᠭ᠃ ᠲᠡᠳᠡᠨ ᠤ ︽ᠰᠣᠶᠣᠯ ᠲᠡᠦᠬᠡ ᠪᠠᠨ ᠰᠠᠶᠢᠨ ᠮᠡᠳᠡᠳᠡᠭ ᠮᠦᠷᠳᠡᠬᠡᠨ ᠰᠣᠶᠣᠯ ᠲᠡᠦᠬᠡ ᠳᠡᠭᠡᠨ | ᠬᠠᠶᠢᠷᠠᠳᠠᠢ ᠪᠠᠶᠢᠳᠠᠭ ᠬᠠᠯᠠᠭᠤᠨ ᠰᠡᠳᠬᠢᠯ ᠨᠢ ᠦᠨᠡᠬᠡᠷ ᠪᠢᠰᠢᠷᠡᠯᠳᠡᠢ ᠪᠦᠭᠡᠳ ᠰᠣᠷᠣᠯᠴᠠᠭᠤᠰᠢᠳᠠᠢ︾ ᠶᠣᠮ᠂ | ᠦᠪᠡᠷ ᠤᠨ ᠬᠠᠳᠠᠭᠠᠯᠠᠭᠠᠰᠣᠳᠠᠢ ᠨᠣᠮ ᠰᠣᠳᠣᠷ ᠢᠶᠠᠨ ᠬᠠᠷᠠᠮᠨᠠᠯ ᠦᠬᠡᠢ ᠦᠵᠡᠬᠦᠯᠳᠡᠭ ︽ᠴᠠᠰᠣ ᠰᠢᠭ᠋ ᠴᠠᠭᠠᠨ | ᠰᠡᠳᠬᠢᠯ ᠲᠠᠢ︾ ᠦᠬᠡᠯᠡᠳ ᠡᠵᠢ ᠰᠢᠬᠢᠷ ︵ᠰᠠᠶᠢᠨᠴᠤᠭ ᠤᠨ ᠡᠵᠢ︶᠂ ᠣᠳᠠᠭ᠎ᠠ ᠪᠤᠯᠭᠠᠨ ᠤ ᠬᠡᠬᠡᠷ᠎ᠡ ᠶᠢᠨ | ᠪᠠᠶᠢᠴᠠᠭᠠᠯᠳᠠ ᠳᠤ ᠲᠣᠰᠠ ᠲᠡᠮ ᠪᠤᠯᠵᠦ᠂ ᠡᠶᠢᠰᠢ ᠲᠡᠶᠢᠰᠢ ᠲᠠᠭᠠᠭᠤᠯᠣᠭᠠᠳ ᠶᠠᠪᠤᠳᠠᠭ ᠠᠮᠣᠷ ᠬᠡᠩᠬᠡᠢ᠂ ᠠᠶᠢᠨᠳᠠᠢ | ᠪᠠᠭᠰᠢ᠂ ᠲᠠᠷᠢᠶᠠᠴᠢ ᠲᠦᠷᠦᠪᠠᠳᠣ ᠨᠠᠷ ᠢ ︽ᠡᠬᠡᠯ ᠵᠢᠷ ᠤᠨ ᠠᠭᠠᠳ ᠠᠭᠤᠣ ᠶᠡᠭᠡ ᠰᠣᠶᠣᠯ ᠤᠨ ᠵᠢᠳᠬᠦᠯᠳᠠᠨ︾ | ᠭᠡᠵᠦ ᠬᠦᠨᠳᠣᠳᠬᠡᠨ ᠪᠢᠰᠢᠷᠡᠳᠡᠭ᠃ ᠬᠤᠪᠳᠣ ᠲᠠᠢ ᠰᠣᠳᠣᠷ ᠢᠶᠠᠨ ᠨᠡᠬᠡᠬᠡᠵᠦ᠂ ᠶᠣᠰᠣ ᠵᠠᠩᠰᠢᠯ ᠢᠶᠠᠨ ᠲᠠᠨᠢᠯᠴᠠᠭᠤᠯᠵᠦ | ᠪᠠᠶᠢᠭᠰᠠᠨ ᠬᠠᠷ᠎ᠠ ᠶᠢᠨ ᠲᠣᠭᠳᠠᠬᠤ ᠶᠢ ︽ᠪᠠᠯᠠᠷᠠᠭᠰᠠᠨ ᠲᠦᠷᠦ ᠶᠢᠨ ᠪᠠᠭᠤᠷᠢᠨ ᠲᠡᠬᠡᠷ᠎ᠡ ᠵᠠᠯᠭᠠᠨ ᠪᠢᠴᠢᠭᠳᠡᠭᠰᠡᠭᠡᠷ | ᠪᠠᠶᠢᠭ᠎ᠠ ᠨᠢᠬᠡᠨ ᠢᠵᠢ ᠣᠶᠢᠷᠠᠳ ᠤᠨ ᠣᠨ ᠲᠠᠷᠠᠭᠠᠯᠠᠭᠰᠠᠨ ᠠᠮᠢᠳᠣ ᠲᠡᠦᠬᠡ︾ ᠭᠡᠵᠦ ᠦᠨᠳᠣᠷ ᠦᠨᠡᠯᠡᠵᠦ | ᠪᠠᠶᠢᠭᠰᠠᠨ᠃ ᠵᠣᠬᠢᠶᠠᠭᠴᠢ ᠡᠳᠡᠭᠡᠷ ᠰᠣᠶᠣᠯ ᠲᠡᠦᠬᠡ ᠳᠡᠭᠡᠨ ᠬᠠᠶᠢᠷᠠᠳᠠᠢ᠂ ᠰᠣᠶᠣᠯ ᠢᠶᠠᠨ ᠪᠤᠰᠣᠳ ᠠᠴᠠ ᠬᠠᠷᠠᠮᠨᠠᠯ | ᠦᠬᠡᠢ ᠬᠤᠪᠢᠶᠠᠯᠴᠠᠨ ᠪᠠᠶᠠᠰᠳᠠᠭ᠂ ᠰᠣᠶᠣᠯ ᠤᠨ ᠲᠦᠯᠦᠬᠡ ᠵᠢᠳᠬᠦᠵᠦ ᠶᠠᠪᠤᠭᠰᠠᠳ ᠢ ᠲᠣᠰᠠᠯᠠᠵᠦ ᠲᠡᠮᠵᠢᠵᠦ | ᠶᠠᠪᠤᠳᠠᠭ ᠬᠦᠮᠦᠰ ᠲᠤ ᠲᠠᠯᠠᠷᠠᠬᠠᠨ᠂ ᠬᠦᠨᠳᠣᠳᠬᠡᠨ ᠪᠢᠰᠢᠷᠡᠵᠦ ᠪᠠᠶᠢᠳᠠᠭ ᠲᠡᠳᠣᠢ ᠦᠬᠡᠢ᠂ ︽ᠬᠢᠵᠠᠭᠠᠷ ᠦᠬᠡᠢ | ᠠᠭᠤᠳᠠᠮ ᠪᠠᠶᠢᠭᠠᠯᠢ ᠲᠡᠯᠡᠬᠡᠢ ᠶᠢᠨ ᠲᠣᠮᠳᠠ ᠠᠮᠢᠳᠣ ᠠᠮᠢᠳᠠᠨ ᠢ ᠡᠷᠬᠢᠯᠡᠨ ᠠᠷᠠᠴᠢᠯᠠᠳᠠᠭ ᠬᠦᠮᠦᠰ ᠤᠨ ᠰᠡᠳᠬᠢᠯ | ᠲᠡᠩᠳᠡᠬᠦᠦ ᠠᠭᠤᠵᠢᠮ ᠲᠠᠶᠢᠪᠤᠭᠤ᠂ ᠦᠷᠦᠪᠴᠢ ᠨᠢᠩᠵᠢᠨ︾᠂ ︽ᠨᠠᠷᠠ ᠰᠠᠯᠬᠢᠨ ᠳᠤ ᠪᠤᠷᠣᠯᠠᠭᠰᠠᠨ ᠮᠠᠯᠴᠢᠨ | ᠠᠷᠠᠳ ᠨᠢᠬᠡᠪᠤᠷᠢ ᠰᠡᠳᠬᠢᠴᠨ ᠵᠦᠢ ᠶᠢᠨ ᠣᠬᠠᠭᠠᠨᠳᠠᠨ︾ ᠭᠡᠵᠦ ᠮᠠᠯᠴᠢᠨ ᠠᠷᠠᠳ ᠤᠨ ᠵᠠᠩ ᠠᠷᠠᠨᠰᠢᠨ ᠢ ᠴᠦ | ᠱᠠᠭᠰᠢᠨ ᠪᠠᠭ᠋ᠠᠷᠠᠵᠦ ᠪᠠᠶᠢᠳᠠᠭ᠃ | ᠬᠡᠷᠪᠡ ᠵᠣᠬᠢᠶᠠᠭᠴᠢ ᠡᠳᠡᠭᠡᠷ ᠬᠦᠮᠦᠰ ᠢ ᠪᠢᠰᠢᠷᠡᠨ ᠬᠦᠨᠳᠣᠳᠬᠡᠳᠡᠭ ᠪᠠᠶᠢᠭᠰᠠᠨ ᠪᠤᠯ ᠶᠠᠭ ᠡᠨᠡ ᠪᠢᠰᠢᠷᠡᠯ | ᠬᠦᠨᠳᠣᠳᠬᠡᠯ ᠨᠢ ᠲᠡᠬᠦᠨ ᠤ ᠬᠠᠷᠠᠮᠰᠠᠯ ᠭᠤᠨᠢᠭ ᠢ ᠪᠤᠢ ᠪᠤᠯᠭᠠᠪᠠ᠃ ᠲᠡᠬᠦᠨ ᠤ ᠪᠠᠭ᠋ᠠᠷᠠᠨ ᠪᠢᠰᠢᠷᠡᠳᠡᠭ ︽ᠠᠮᠠᠨ | ᠣᠯᠠᠮᠵᠢᠯᠠᠯ ᠢᠶᠠᠨ ᠰᠠᠶᠢᠨ ᠮᠡᠳᠡᠳᠡᠭ ᠠᠭᠠᠳ ᠪᠢᠴᠢᠭ ᠤᠨ ᠣᠯᠠᠮᠵᠢᠯᠠᠯ ᠢᠶᠠᠨ ᠬᠦᠢᠴᠡᠳ ᠬᠠᠳᠠᠭᠠᠯᠠᠵᠦ ᠬᠤᠶᠢᠴᠢ | ᠦᠶ᠎ᠡ ᠳᠡᠭᠡᠨ ᠵᠣᠯᠭᠠᠭᠤᠯᠣᠭᠰᠠᠨ ᠣᠬᠠᠭᠠᠨᠳᠣ ᠪᠤᠭᠤᠷᠣᠯ᠂ ᠬᠠᠮᠤᠭ ᠰᠡᠬᠦᠯᠴᠢ ᠶᠢᠨ ᠮᠠᠭᠳᠠᠭᠠᠯ ᠬᠠᠶᠢᠯᠠᠭᠴᠢ︾ | ᠣᠷᠴᠢᠯᠠᠩ ᠢ ᠣᠷᠬᠢᠵᠦ ᠶᠠᠪᠤᠬᠤ ᠪᠠᠷ ᠵᠣᠬᠢᠶᠠᠭᠴᠢ ᠳᠤ ︽ᠡᠨᠡ ᠨᠠᠰᠣᠨ ᠤ ᠮᠣᠩᠭᠤᠯ ᠰᠣᠳᠣᠯᠣᠯ ᠤᠨ ᠨᠦᠬᠦᠬᠦ ᠶᠢᠨ | ᠠᠷᠭ᠎ᠠ ᠦᠬᠡᠢ︾ ᠬᠢᠵᠠᠭᠠᠯᠠᠰᠢ ᠦᠬᠡᠢ ᠬᠠᠷᠠᠮᠰᠠᠯ ᠪᠤᠯᠵᠦ ᠬᠤᠴᠣᠷᠪᠠ᠃ ᠵᠣᠬᠢᠶᠠᠭᠴᠢ ᠳᠤ ᠠᠪᠴᠣ ᠬᠡᠯᠡᠪᠡᠯ᠂ ᠲᠡᠳᠡ | ᠪᠤᠯ᠂ ︽ᠪᠠᠯᠠᠷᠠᠮᠠᠷ ᠪᠤᠯᠤᠭᠰᠠᠨ ᠰᠣᠶᠣᠯ ᠢᠶᠠᠨ ᠪᠦᠳᠣᠨ ᠪᠠᠶᠢᠯᠭᠠᠵᠦ ᠴᠢᠳᠠᠭᠰᠠᠨ︾ ︽ᠦᠬᠡᠯᠡᠳ ᠨᠣᠳᠤᠭ ᠤᠨ | ᠰᠠᠬᠢᠭᠤᠰᠣ︾ ᠪᠠᠶᠢᠭ᠎ᠠ ᠪᠤᠯᠬᠤᠷ ᠡᠨᠡ ᠰᠠᠶᠢᠬᠠᠨ ᠬᠦᠮᠦᠰ ᠤᠨ ᠦᠬᠡᠢ ᠪᠤᠯᠬᠤ ᠶᠢ ᠲᠠᠭᠠᠯᠳᠣᠭᠠᠳ ᠠᠮᠢᠳᠣ ᠲᠡᠦᠬᠡ | ᠲᠠᠰᠣᠯᠣᠭᠳᠠᠵᠦ ᠭᠡᠭᠡᠭᠳᠡᠭᠦᠵᠡᠢ ᠭᠡᠵᠦ ᠬᠠᠷᠠᠮᠰᠠᠬᠤ ᠦᠬᠡᠢ ᠪᠠᠶᠢᠬᠤ ᠶᠢᠨ ᠠᠷᠭ᠎ᠠ ᠦᠬᠡᠢ ᠶᠣᠮ᠃ | ︽ᠨᠣᠳᠤᠭ ᠤᠨ ᠨᠠᠪᠳᠠᠭ ᠰᠠᠪᠳᠠᠭ ᠲᠤ ᠬᠠᠶᠢᠷ᠎ᠠ ᠦᠬᠡᠢ ᠬᠦᠷᠦᠭᠰᠡᠨ ᠨᠢᠬᠦᠯᠳᠠᠨ ᠤ ᠭᠠᠷ ᠢ ᠪᠤᠳᠣᠬᠤ ᠳᠤ | ᠠᠭᠤᠷ ᠣᠨᠳᠣᠭᠤᠴᠠᠯ ᠴᠡᠬᠡᠵᠢᠨ ᠳᠤ ᠪᠦᠭᠯᠡᠷᠡᠳᠡᠭ︾᠃ ᠵᠣᠬᠢᠶᠠᠯ ᠳᠤ ᠡᠶᠢᠨ ᠬᠦ ᠬᠢᠯᠢᠭᠨᠡᠯ᠂ ᠣᠨᠳᠣᠭᠤᠴᠠᠯ ᠤᠨ | ᠰᠡᠳᠬᠢᠯᠬᠡ ᠡᠬᠦᠰᠦᠭᠰᠡᠨ ᠨᠢ ᠮᠦᠨ ᠬᠦ ᠦᠷᠦ ᠵᠢᠷᠣᠬᠡᠨ ᠠᠴᠠ ᠪᠠᠨ ᠬᠠᠶᠢᠷᠠᠳᠠᠢ ᠪᠠᠶᠢᠳᠠᠭ ᠦᠪ ᠰᠣᠶᠣᠯ ᠢ | ᠪᠤᠷᠣᠭᠤ ᠪᠠᠷ ᠶᠠᠷᠢᠨ᠂ ᠲᠣᠣᠷᠠᠰᠢᠶᠠᠵᠦ ᠭᠠᠳᠠᠭᠤᠷᠴᠢᠯᠠᠵᠦ᠂ ᠴᠢᠨᠠᠭᠰᠢᠯᠠᠨ ᠡᠪᠳᠡᠵᠦ ᠰᠦᠢᠳᠬᠡᠭᠰᠡᠳ ᠲᠤ ᠦᠬᠦᠨ | ᠬᠤᠷᠣᠰᠬᠤ ᠰᠡᠳᠬᠢᠯᠬᠡ ᠨᠢ ᠰᠢᠭᠤᠳ ᠢᠯᠡᠷᠡᠭᠰᠡᠨ ᠶᠣᠮ᠃ ︽ᠣᠶᠢᠷᠠᠳ ᠤᠨ ᠲᠡᠦᠬᠡ ᠰᠣᠶᠣᠯ ᠤᠨ ᠴᠢᠬᠤᠯᠠ | ᠲᠣᠷᠠᠰᠬᠠᠯ ᠢᠩᠬᠢᠵᠦ ᠰᠣᠶᠣᠯ ᠲᠡᠦᠬᠡ ᠮᠡᠳᠡᠳᠡᠭ ᠦᠬᠡᠢ᠂ ᠨᠡᠩ ᠴᠦ ᠬᠠᠳᠠᠭᠠᠯᠠᠵᠦ ᠬᠠᠮᠠᠭᠠᠯᠠᠬᠤ ᠶᠢ ᠰᠣᠪᠢᠳᠠᠭ ᠴᠦ | ᠦᠬᠡᠢ ᠬᠠᠷᠠᠩᠭᠤᠢ ᠬᠦᠮᠦᠰ ᠤᠨ ᠭᠠᠷ ᠲᠤ ᠣᠷᠣ ᠦᠬᠡᠢ ᠠᠯᠠᠭ᠎ᠠ ᠪᠤᠯᠤᠭᠰᠠᠨ︾ ᠳᠤ ᠰᠡᠬᠦᠷᠡᠰᠣ ᠠᠯᠳᠠᠨ ᠵᠣᠪᠠᠨᠢᠯ | ᠪᠠ ᠠᠭᠤᠷ ᠬᠢᠯᠢᠩ ᠵᠢᠷᠣᠬᠡ ᠶᠢ ᠨᠢ ᠪᠠᠵᠠᠭᠰᠠᠨ᠃ ︽ᠵᠡᠯᠢᠬᠦᠳ ᠬᠤᠯᠠ ᠶᠢᠨ ᠠᠭᠤᠯᠠ ᠲᠠᠯ᠎ᠠ ᠳᠤ ᠠᠮᠢᠳᠣᠷᠠᠭᠰᠠᠨ | ᠠᠭᠠᠳ ᠰᠣᠶᠣᠯ ᠲᠡᠦᠬᠡ ᠪᠠᠨ ᠶᠠᠭᠤᠨ ᠠᠴᠠ ᠴᠦ ᠡᠷᠬᠢᠮ ᠨᠠᠨᠳᠢᠨ ᠠᠷᠢᠭᠤᠨ ᠰᠢᠳᠣᠬᠡᠨ ᠪᠤᠯᠭᠠᠵᠦ ᠶᠠᠪᠣᠳᠠᠭ ᠠᠷᠠᠳ | ᠲᠦᠮᠡᠨ ᠢ ᠪᠠᠯᠠᠢ᠂ ᠪᠦᠳᠦᠬᠦᠯᠢᠭ ᠭᠡᠵᠦ ᠪᠣᠳᠤᠭ᠎ᠠ ᠴᠢ ᠬᠡᠨ ᠭᠡᠭᠴᠢ ᠪᠤᠢ︖︾ ᠭᠡᠵᠦ ᠪᠤᠰᠣᠳ ᠤᠨ ᠰᠣᠶᠣᠯ ᠢ | ᠲᠣᠣᠷᠠᠰᠢᠶᠠᠵᠦ ᠦᠵᠡᠳᠡᠭ ᠬᠦᠮᠦᠰ ᠲᠤ ᠬᠢᠯᠢᠩᠨᠡᠵᠦ ᠪᠠᠶᠢᠭ᠎ᠠ ᠪᠦᠬᠡᠳ ︽ᠨᠢᠬᠡ ᠪᠤᠯ ᠦᠪᠡᠷ ᠤᠨ ᠰᠣᠶᠣᠯ ᠢ ᠯᠡ | ᠲᠡᠷᠢᠬᠦᠨ ᠤ ᠭᠡᠵᠦ ᠪᠤᠳᠣᠳᠠᠭ ᠲᠡᠬᠡᠷᠡᠩᠬᠦᠢ ᠬᠦᠮᠦᠨ᠂ ᠡᠰᠡᠬᠦᠯ᠎ᠡ ᠣᠨᠳᠣᠣ ᠰᠣᠶᠣᠯ ᠢ ᠣᠶᠢᠯᠠᠭᠠᠶ᠎ᠠ ᠭᠡᠵᠦ ᠪᠣᠳᠣᠳᠠᠭ | ᠦᠬᠡᠢ ᠵᠡᠷᠯᠢᠭ ᠰᠠᠨᠠᠭ᠎ᠠ ᠲᠠᠢ ᠪᠤᠷᠣᠩᠬᠤᠢ ᠠᠮᠢᠳᠠᠨ︾ ᠭᠡᠵᠦ ︽ᠨᠡᠬᠦᠳᠡᠯ ᠰᠣᠶᠣᠯ ᠢ ᠲᠣᠷᠣᠮᠵᠢᠯᠠᠨ ᠭᠠᠳᠠᠭᠤᠷᠬᠠᠳᠠᠭ | ᠲᠡᠷᠡ ᠪᠦᠯᠦᠭ ᠬᠦᠮᠦᠰ︾ ᠲᠤ ᠬᠤᠷᠣᠰᠣᠯ ᠬᠢᠯᠢᠩ ᠲᠦᠷᠦᠵᠦ ᠪᠠᠶᠢᠳᠠᠭ᠃ | ᠲᠣᠰ ᠨᠠᠶᠢᠷᠠᠭᠤᠯᠣᠯ ᠳᠤ ᠪᠠᠶᠠᠷᠯᠠᠭᠰᠠᠨ᠂ ᠪᠢᠰᠢᠷᠡᠭᠰᠡᠨ᠂ ᠬᠠᠷᠠᠮᠰᠠᠭᠰᠠᠨ ᠰᠡᠳᠬᠢᠯᠬᠡ ᠠᠴᠠ ᠭᠠᠳᠠᠨ᠎ᠠ ᠨᠠᠶᠢᠷᠠᠭᠤᠯᠣᠯ ᠢ | ᠡᠬᠢᠨ ᠠᠴᠠ ᠨᠢ ᠠᠳᠠᠭ ᠲᠤᠨᠢ ᠬᠦᠷᠳᠡᠯ᠎ᠡ ᠨᠡᠶᠢᠳᠡᠮ ᠬᠤᠯᠪᠤᠵᠦ ᠪᠠᠶᠢᠭ᠎ᠠ ᠪᠤᠯ ᠵᠣᠬᠢᠶᠠᠭᠴᠢ ᠶᠢᠨ ᠭᠤᠨᠢᠭᠳᠣ | ᠰᠡᠳᠬᠢᠯᠬᠡ ᠶᠣᠮ᠃ ᠦᠬᠡᠯᠡᠳ ᠠᠷᠠᠳ ᠤᠨ ᠲᠣᠮᠳᠠ ᠣᠳᠠᠭᠠᠨ ᠵᠢᠯ ᠬᠡᠬᠡᠷ᠎ᠡ ᠶᠢᠨ ᠪᠠᠶᠢᠴᠠᠭᠠᠯᠳᠠ ᠬᠢᠵᠦ᠂ ᠲᠡᠦᠬᠡ | ᠰᠣᠶᠣᠯ ᠢ ᠬᠦᠨ ᠣᠶᠢᠯᠠᠭᠠᠭᠰᠠᠨ ᠡᠷᠳᠡᠮᠳᠡᠨ ᠤ ᠬᠤᠪᠢ ᠳᠤ᠂ ᠦᠨᠳᠣᠰᠣᠳᠠᠨ ᠤ ᠰᠣᠶᠣᠯ ᠨᠢ ᠲᠠᠸᠠᠷᠴᠢᠯᠠᠯ ᠪᠠ | ᠲᠠᠶᠠᠭᠠᠷᠴᠢᠯᠠᠯ ᠤᠨ ᠬᠦᠴᠦᠳᠣ ᠣᠷᠣᠰᠬᠠᠯ ᠳᠤ ᠲᠠᠭᠠᠷᠢᠭᠳᠠᠨ ᠢᠳᠡᠭ ᠢᠳᠡᠭ ᠢᠶᠠᠷ ᠪᠠᠯᠠᠷᠠᠨ ᠣᠰᠠᠳᠴᠣ ᠪᠠᠶᠢᠭ᠎ᠠ ᠳᠤ | ᠦᠪᠡᠷ ᠤᠨ ᠡᠷᠬᠡ ᠦᠬᠡᠢ ᠡᠮᠬᠡᠨᠢᠨ ᠵᠣᠪᠠᠵᠦ ᠪᠠᠶᠢᠳᠠᠭ᠃ ᠨᠠᠶᠢᠷᠠᠭᠤᠯᠣᠯ ᠠᠴᠠ ᠵᠣᠬᠢᠶᠠᠭᠴᠢ ᠶᠢᠨ ᠲᠡᠦᠬᠡ ᠶᠢᠨ | ᠲᠣᠬᠠᠢ᠂ ᠰᠣᠶᠣᠯ ᠤᠨ ᠲᠣᠬᠠᠢ ᠬᠦᠨ ᠪᠤᠳᠣᠯᠭᠠᠰᠢᠷᠠᠯ ᠠᠴᠠ ᠰᠣᠶᠣᠯ ᠤᠨ ᠬᠦᠨ ᠬᠦᠵᠡᠬᠡᠢ ᠠᠭᠤᠯᠣᠭᠳᠠᠬᠤᠨ᠂ ᠠᠮᠢ | ᠨᠠᠰᠣᠨ ᠤ ᠦᠷᠭᠡᠨ ᠪᠠᠶᠠᠯᠢᠭ ᠠᠭᠤᠯᠭ᠎ᠠ ᠪᠠ ᠲᠡᠦᠬᠡ ᠶᠢᠨ ᠨᠠᠷᠢᠨ ᠪᠤᠳᠣᠯᠢᠶᠠᠨᠳᠠᠢ ᠵᠦᠢᠯ ᠤᠳ ᠢ ᠣᠯᠵᠦ ᠬᠠᠷᠠᠵᠦ | ᠪᠤᠯᠤᠨ᠎ᠠ᠃ ᠶᠠᠭ ᠵᠣᠬᠢᠶᠠᠯ ᠳᠤ ᠶᠠᠷᠢᠭᠰᠠᠨ ᠰᠢᠭ᠋ ︽ᠲᠡᠦᠬᠡ ᠶᠢᠨ ᠬᠡᠷᠡᠭ ᠣᠴᠢᠷ ᠤᠨ ᠴᠠᠭᠠᠨᠠᠬᠢ ᠵᠦᠢᠯ ᠢ ᠨᠡᠪᠳᠡ | ᠣᠶᠢᠯᠠᠭᠠᠨ ᠮᠡᠳᠡᠵᠦ ᠲᠡᠦᠬᠡᠨ ᠬᠦᠮᠦᠰ ᠤᠨ ᠠᠯᠳᠠᠰᠢ ᠣᠨᠣᠰᠢ ᠬᠤᠶᠠᠷ ᠢ ᠰᠡᠷᠬᠦᠯᠡᠩ ᠣᠬᠠᠭᠠᠨ ᠢᠶᠠᠷ ᠲᠣᠩᠭᠠᠨ | ᠪᠤᠳᠣᠳᠠᠭ ᠲᠡᠦᠬᠡᠴᠢ᠂ ᠲᠣᠬᠠᠢ ᠶᠢᠨ ᠲᠡᠦᠬᠡᠨ ᠠᠬᠤᠢ ᠳᠠᠬᠢ ᠬᠦᠮᠦᠨ ᠠᠴᠠ ᠴᠦ ᠢᠯᠡᠬᠦᠦ ᠡᠮᠵᠡᠭᠯᠡᠨ ᠵᠣᠪᠠᠳᠠᠭ︾᠃ | ᠵᠣᠬᠢᠶᠠᠭᠴᠢ ᠲᠡᠦᠬᠡ᠂ ᠰᠣᠶᠣᠯ ᠳᠤ ᠬᠠᠨᠳᠣᠵᠦ ᠶᠠᠷᠢᠯᠴᠠᠬᠤ ᠳᠠᠭᠠᠨ ᠬᠡᠬᠦᠳᠡᠭ ᠲᠦᠬᠦᠷᠡᠩ ᠰᠣᠶᠣᠯ ᠮᠡᠳᠡᠯᠬᠡ ᠪᠠᠷ | ᠲᠡᠳᠡᠭᠡᠷ ᠮᠠᠷᠳᠠᠭᠳᠠᠵᠦ᠂ ᠬᠦᠮᠦᠰ ᠤᠨ ᠣᠢ ᠪᠤᠳᠣᠯ ᠠᠴᠠ ᠠᠷᠢᠯᠣᠨ ᠣᠳᠣᠵᠦ ᠪᠤᠢ ᠲᠡᠦᠬᠡ ᠰᠣᠶᠣᠯ ᠤᠨ | ᠮᠡᠳᠡᠯᠬᠡ ᠶᠢ ᠬᠦᠮᠦᠰ ᠲᠤ ᠲᠠᠬᠢᠨ ᠲᠡᠯᠬᠡᠨ ᠦᠵᠡᠬᠦᠯᠵᠦ ᠴᠢᠳᠠᠵᠠᠢ᠃ ᠵᠣᠬᠢᠶᠠᠭᠴᠢ ᠪᠢᠳᠡᠨ ᠳᠤ ᠲᠡᠦᠬᠡ᠂ | ᠰᠣᠶᠣᠯ ᠤᠨ ᠣᠯᠠᠨ ᠮᠡᠳᠡᠯᠬᠡ ᠣᠯᠭᠤᠵᠦ ᠦᠭᠭᠦᠭᠰᠡᠨ ᠲᠡᠳᠣᠢ ᠪᠠᠷ ᠵᠣᠭᠰᠣᠬᠤ ᠪᠢᠰᠢ᠂ ᠡᠨᠡ ᠮᠡᠳᠡᠯᠬᠡ ᠳᠡᠭᠡᠨ | ᠰᠠᠭᠤᠷᠢᠯᠠᠵᠦ᠂ ᠡᠷᠳᠡᠨ ᠡᠳᠣᠬᠡ᠂ ᠵᠦᠪ ᠪᠤᠷᠣᠭᠤ ᠶᠢᠨ ᠲᠣᠬᠠᠢ ᠦᠪᠡᠷ ᠤᠨ ᠦᠵᠡᠯᠳᠡ ᠵᠣᠭᠰᠣᠯᠳᠠ ᠪᠠᠨ ᠰᠢᠭᠤᠳ | ᠢᠯᠡᠷᠬᠡᠶᠢᠯᠡᠵᠡᠢ᠃ ᠡᠨᠡ ᠪᠤᠯ ᠲᠠᠷᠣᠢ ᠨᠢᠬᠡᠨ ᠰᠡᠬᠡᠬᠡᠳᠡᠨ ᠬᠦᠮᠦᠨ ᠤ ᠣᠭᠤᠷᠴᠣ ᠦᠯᠦ ᠪᠤᠯᠬᠤ ᠲᠠᠷᠬᠠᠨ | ᠬᠠᠷᠢᠭᠤᠴᠠᠯᠭ᠎ᠠ ᠨᠢ ᠶᠣᠮ᠃ ᠲᠡᠷᠡ ︽ᠪᠢᠳᠡᠨ ᠢ ᠠᠩᠵᠠᠭᠠᠷᠠᠬᠤ ᠦᠬᠡᠢ ᠶᠢᠨ ᠵᠠᠪ ᠲᠤ᠂ ᠰᠣᠶᠣᠯ ᠤᠨ ᠵᠠᠷᠢᠮ | ᠦᠨᠡᠳᠣ ᠵᠦᠢᠯ ᠤᠳ ᠠᠮᠠᠷᠬᠠᠨ ᠢᠶᠠᠷ ᠬᠡᠬᠡᠭᠳᠡᠨ ᠬᠠᠶᠠᠭᠳᠠᠵᠦ︾᠂ ᠣᠵᠠᠭᠤᠷ ᠰᠣᠶᠣᠯ ᠠᠴᠠ ᠪᠠᠨ ᠣᠯᠠᠮ ᠢᠶᠠᠷ | ᠬᠤᠯᠠᠳᠠᠨ ᠪᠠᠶᠢᠭ᠎ᠠ᠂ ᠭᠠᠶᠢᠬᠠᠮᠰᠢᠭᠳᠣ ᠰᠣᠶᠣᠯ ᠪᠠᠯᠠᠷᠠᠨ ᠰᠦᠢᠳᠴᠣ᠂ ᠠᠯᠳᠠᠭᠳᠠᠵᠦ ᠭᠡᠭᠡᠭᠳᠡᠵᠦ ᠪᠠᠶᠢᠭ᠎ᠠ ᠳᠤ | ᠰᠡᠳᠬᠢᠯ ᠡᠮᠵᠡᠭᠯᠡᠵᠦ ᠪᠠᠶᠢᠳᠠᠭ ᠠᠴᠠ ︽ᠦᠨᠳᠣᠰᠣᠳᠠᠨ ᠤ ᠪᠠᠨ ᠪᠢᠴᠢᠭ ᠰᠣᠶᠣᠯ ᠤᠨ ᠲᠠᠩᠬᠢᠯ ᠪᠢᠯᠢᠭ ᠲᠤ ᠲᠦᠰᠢᠨ | ᠲᠡᠬᠦᠨ ᠤ ᠰᠢᠮ᠎ᠡ ᠬᠦᠴᠦᠨ ᠢᠶᠠᠷ ᠪᠢᠴᠢᠭᠳᠡᠨ ᠰᠡᠬᠡᠬᠡᠳᠡᠨ ᠪᠤᠯᠵᠦ ᠡᠳᠣᠢ ᠳᠤ ᠬᠦᠷᠦᠬᠡᠳ ᠮᠡᠳᠡᠭᠰᠡᠨ | ᠰᠣᠷᠣᠭᠰᠠᠨ ᠢᠶᠠᠨ ᠲᠡᠯᠡᠬᠡᠢ ᠶᠢᠨ ᠲᠦᠮᠡᠨ᠎ᠡ ᠲᠠᠨᠢᠭᠤᠯᠬᠤ ᠡᠬᠦᠷᠬᠡ ᠶᠢ ᠬᠦᠯᠢᠶᠡᠭᠰᠡᠨ ᠨᠠᠳᠠ ᠳᠤ ᠠᠷᠠᠳ ᠤᠨ ᠲᠣᠮᠳᠠ | ᠦᠯᠡᠳᠡᠭᠳᠡᠭᠰᠡᠨ ᠣᠯᠠᠨ ᠨᠣᠮ ᠲᠡᠪᠳᠡᠷ ᠢ ᠰᠣᠷᠪᠤᠯᠵᠢᠯᠠᠨ ᠪᠠᠶᠢᠴᠠᠭᠠᠵᠦ᠂ ᠢᠯᠡᠷᠡᠬᠦᠯᠦᠨ ᠰᠣᠳᠣᠯᠬᠤ ᠨᠢ ᠲᠦᠯᠬᠢᠵᠦ | ᠪᠤᠯᠤᠰᠢ ᠦᠬᠡᠢ ᠬᠠᠷᠢᠭᠤᠴᠠᠯᠭ᠎ᠠ ᠭᠡᠵᠦ ᠬᠡᠵᠢᠶᠡᠳᠡ ᠪᠤᠳᠣᠳᠠᠭ︾᠃ ᠵᠣᠬᠢᠶᠠᠭᠴᠢ ᠪᠤᠯ ︽ᠵᠣᠪᠠᠨᠢᠯ ᠢᠶᠠᠷ ᠲᠦᠬᠦᠷᠡᠩ | ᠬᠦᠦᠷᠨᠢᠭᠴᠢ︾ ᠶᠣᠮ᠃ | ᠲᠡᠷᠡ ᠬᠦᠨᠳᠣ ᠴᠢᠬᠢᠮᠠᠢ ᠭᠤᠨᠢᠭᠳᠣ ᠰᠡᠳᠬᠢᠯᠬᠡ ᠪᠠᠷ ᠰᠣᠶᠣᠯ ᠤᠨ ᠲᠣᠯᠭᠠᠷᠠᠵᠦ ᠪᠠᠶᠢᠭ᠎ᠠ ᠬᠢᠮᠦᠷᠠᠯ ᠳᠤ | ᠰᠡᠳᠬᠢᠯ ᠵᠣᠪᠠᠵᠦ ᠪᠠᠶᠢᠭ᠎ᠠ ᠪᠣᠯᠪᠠᠴᠣ᠂ ᠬᠦᠰᠡᠯᠡᠩᠳᠦ ᠦᠵᠡᠯ ᠰᠠᠨᠠᠭ᠎ᠠ ᠡᠪᠤᠷᠯᠡᠵᠦ ᠦᠪᠡᠷ ᠤᠨ ᠰᠡᠳᠬᠢᠯ ᠢᠶᠠᠨ | ᠲᠠᠶᠢᠳᠬᠤᠷᠠᠭᠤᠯᠵᠦ ᠪᠠᠶᠢᠳᠠᠭ᠃ ᠴᠠᠭ ᠦᠶ᠎ᠡ ᠳᠤ ᠠᠷᠴᠢᠭᠳᠠᠨ ᠠᠷᠢᠯᠵᠦ ᠪᠤᠢ ᠪᠢᠴᠢᠭᠳᠡᠨ ᠬᠦᠮᠦᠰ ᠲᠤ ᠢᠳᠡᠭᠡᠯ | ᠵᠣᠷᠢᠭ᠂ ᠡᠷᠴᠢ ᠬᠦᠴᠦ ᠣᠯᠭᠤᠵᠦ ᠪᠠᠶᠢᠳᠠᠭ᠃ ᠵᠣᠬᠢᠶᠠᠭᠴᠢ ᠶᠢᠨ ᠠᠯᠮᠠᠶᠢᠷᠠᠯ ᠪᠤᠯ ᠰᠣᠶᠣᠯ ᠤᠨ ᠬᠤᠪᠢ | ᠲᠠᠪᠢᠯᠠᠩ ᠤᠨ ᠲᠦᠯᠦᠬᠡᠨ ᠤ ᠠᠯᠮᠠᠶᠢᠷᠠᠯ ᠪᠦᠬᠡᠳ ᠲᠡᠬᠦᠨ ᠤ ᠬᠠᠰᠬᠢᠷᠣᠯ ᠪᠤᠯ ᠰᠣᠶᠣᠯ ᠤᠨ ᠪᠤᠴᠠᠵᠦ | ᠬᠠᠳᠠᠭᠠᠯᠠᠭᠳᠠᠬᠤ ᠶᠢᠨ ᠲᠦᠯᠦᠬᠡᠨ ᠤ ᠬᠠᠰᠬᠢᠷᠣᠯ ᠶᠣᠮ᠃ | ᠬᠤᠶᠠᠷ᠂ ᠨᠠᠶᠢᠷᠠᠭᠤᠯᠣᠯ ᠤᠨ ᠬᠡᠯᠪᠡᠷᠢ ᠮᠠᠶ᠋ᠢᠭ ᠤᠨ ᠰᠢᠨᠡᠴᠢᠯᠡᠯ | ︽ᠶᠢᠷᠳᠢᠨᠴᠣ ᠶᠢᠨ ᠬᠢᠵᠠᠭᠠᠷ ᠲᠠᠬᠢ ᠰᠠᠷᠠᠨ ᠤ ᠭᠡᠷᠡᠯ︾ ᠨᠣᠮ ᠤᠨ ᠪᠠᠰᠠ ᠨᠢᠬᠡ ᠠᠮᠵᠢᠯᠳᠠ ᠳᠤ ᠬᠦᠷᠦᠭᠰᠡᠨ | ᠵᠦᠢᠯ ᠬᠡᠪᠡᠯ ᠲᠣᠰ ᠨᠣᠮ ᠳᠠᠬᠢ ᠨᠠᠶᠢᠷᠠᠭᠤᠯᠣᠯ ᠤᠳ ᠨᠢ ᠨᠠᠶᠢᠷᠠᠭᠤᠯᠣᠯ ᠤᠨ ᠵᠣᠬᠢᠶᠠᠯ ᠤᠨ ᠪᠢᠴᠢᠯᠬᠡ ᠶᠢᠨ ᠲᠠᠩ | ᠴᠣᠯᠭᠤᠢ ᠠᠷᠭ᠎ᠠ ᠪᠠᠷᠢᠯ ᠠᠴᠠ ᠵᠠᠶᠢᠯᠠᠰᠬᠢᠵᠦ᠂ ᠰᠣᠷᠪᠤᠯᠵᠢᠯᠠᠭ᠎ᠠ ᠴᠢᠮᠡᠬᠡᠯᠡᠯ ᠤᠨ ᠠᠷᠭ᠎ᠠ᠂ ᠡᠷᠳᠡᠮ ᠰᠢᠨᠵᠢᠯᠡᠬᠡᠨ ᠤ | ᠦᠬᠦᠯᠡᠯ ᠪᠢᠴᠢᠬᠦ ᠠᠷᠭ᠎ᠠ᠂ ᠲᠣᠭᠤᠵᠢᠰ ᠤᠨ ᠠᠷᠭ᠎ᠠ᠂ ᠺᠢᠨᠣ᠋ ᠶᠢᠨ ᠮᠣᠨᠲ᠋ᠠᠵᠢ ᠶᠢᠨ ᠠᠷᠭ᠎ᠠ᠂ ᠲᠣᠮᠤᠭ ᠲᠣᠣᠯᠢᠰ ᠤᠨ | ᠠᠷᠭ᠎ᠠ ᠵᠡᠷᠬᠡ ᠶᠢ ᠣᠶᠠᠯᠳᠣᠭᠤᠯᠣᠨ ᠬᠡᠷᠡᠭᠯᠡᠭᠰᠡᠨ ᠳᠤ ᠪᠤᠢ᠃ ᠦᠩᠭᠡᠷᠡᠭᠰᠡᠨ ᠤ ᠨᠠᠶᠢᠷᠠᠭᠤᠯᠣᠯ ᠳᠤ ᠦᠵᠡᠮᠵᠢ ᠠᠴᠠ | ᠰᠡᠳᠬᠢᠯᠬᠡ ᠲᠦᠷᠦᠭᠳᠡᠬᠦ᠂ ᠰᠡᠳᠬᠢᠯᠬᠡ ᠪᠠᠨ ᠦᠵᠡᠮᠵᠢ ᠪᠤᠳᠠᠰ ᠦᠵᠡᠭᠳᠡᠯ ᠳᠤ ᠠᠭᠤᠰᠬᠠᠬᠤ ᠲᠠᠩ ᠴᠣᠯᠭᠤᠢ | ᠰᠡᠳᠬᠢᠯᠬᠡ ᠶᠢ ᠴᠢᠬᠤᠯᠠᠴᠢᠯᠠᠬᠤ ᠬᠡᠯᠪᠡᠷᠢ ᠵᠣᠩᠬᠢᠯᠠᠵᠦ ᠪᠠᠶᠢᠭᠰᠠᠨ ᠪᠤᠯ ᠲᠣᠰ ᠨᠣᠮ ᠤᠨ ᠵᠣᠬᠢᠶᠠᠭᠴᠢ ᠠᠶᠠᠯᠠᠭᠴᠢ᠂ | ᠵᠠᠮᠴᠢ ᠮᠡᠳᠣ ᠪᠠᠷ ᠣᠩᠰᠢᠭᠴᠢ ᠶᠢ ᠲᠠᠭᠠᠭᠤᠯᠣᠨ ᠲᠡᠦᠬᠡ ᠶᠢᠨ ᠲᠣᠷᠠᠰᠬᠠᠯᠳᠣ ᠭᠠᠵᠠᠷ ᠤᠳ ᠢᠶᠠᠷ ᠠᠶᠠᠯᠠᠵᠦ᠂ ᠲᠡᠦᠬᠡ | ᠬᠦᠣᠷᠨᠢᠨ ᠲᠣᠭᠠᠴᠢᠵᠦ᠂ ᠰᠢᠬᠦᠮᠵᠢᠯᠡᠭᠴᠢ ᠲᠠᠶᠢᠯᠪᠤᠷᠢᠯᠠᠭᠴᠢ ᠰᠢᠭ᠋ ᠲᠡᠦᠬᠡ ᠶᠢᠨ ᠬᠦᠮᠦᠨ ᠢ ᠦᠨᠡᠯᠡᠨ ᠰᠢᠬᠦᠮᠵᠢᠯᠡᠵᠦ᠂ | ᠲᠡᠦᠬᠡᠳᠣ ᠬᠡᠷᠡᠭ ᠶᠠᠪᠣᠳᠠᠯ ᠢ ᠵᠠᠳᠠᠯᠣᠨ ᠰᠢᠬᠦᠮᠵᠢᠯᠡᠪᠡ᠃ ᠲᠣᠰ ᠨᠣᠮ ᠪᠤᠯ ᠵᠣᠬᠢᠶᠠᠭᠴᠢ ᠶᠢᠨ ᠠᠷᠪᠠ ᠭᠠᠷᠣᠢ | ᠵᠢᠯ ᠤᠨ ᠬᠡᠬᠡᠷ᠎ᠡ ᠶᠢᠨ ᠪᠠᠶᠢᠴᠠᠭᠠᠯᠳᠠ ᠬᠢᠵᠦ ᠴᠣᠭᠯᠠᠭᠤᠯᠣᠭᠰᠠᠨ ᠮᠠᠲᠧᠷᠢᠶᠠᠯ ᠳᠤ ᠰᠠᠭᠤᠷᠢᠯᠠᠵᠦ ᠬᠢᠭᠰᠡᠨ ᠡᠷᠳᠡᠮ | ᠰᠢᠨᠵᠢᠯᠡᠬᠡᠨ ᠤ ᠦᠬᠦᠯᠡᠯ ᠢᠶᠠᠨ ᠨᠠᠶᠢᠷᠠᠭᠤᠯᠣᠯ ᠤᠨ ᠵᠣᠬᠢᠶᠠᠯ ᠪᠤᠯᠭᠠᠵᠦ ᠪᠢᠴᠢᠭᠰᠡᠨ ᠵᠣᠬᠢᠶᠠᠯ ᠪᠤᠯᠬᠤᠷ ᠮᠡᠳᠡᠯᠬᠡᠳᠣ | ᠴᠢᠨᠠᠷ ᠮᠠᠰᠢ ᠴᠢᠩᠭ᠎ᠠ ᠪᠠᠶᠢᠳᠠᠭ ᠨᠢ ᠲᠣᠰ ᠨᠣᠮ ᠤᠨ ᠲᠣᠪᠤᠶᠢᠮ᠎ᠠ ᠣᠨᠴᠠᠯᠢᠭ ᠪᠤᠯᠤᠨ᠎ᠠ᠃ ᠪᠢᠳᠡ ᠲᠣᠰ ᠨᠣᠮ ᠠᠴᠠ | ︽ᠠᠯᠳᠠᠨᠭᠡᠷᠡᠯ︾ ︽ᠡᠷᠳᠡᠨᠢ ᠱᠠᠰᠳᠢᠷ︾ ︽ᠮᠤᠩᠭᠤᠯ ᠬᠤᠷᠳᠤᠨ ᠮᠤᠷᠢᠨ ᠤ ᠰᠢᠨᠵᠢ︾ ︽ᠠᠩ ᠤᠨ ᠰᠠᠩ︾ ︽ | ᠲᠦᠷᠪᠡᠨ ᠬᠠᠭᠠᠨ ᠤ ᠵᠠᠯᠪᠠᠷᠢᠯ︾ ︽ᠠᠯᠳᠠᠨ ᠡᠷᠢᠭᠡ︾ ︽ᠴᠠᠴᠤᠯᠢ ᠶᠢᠨ ᠪᠢᠴᠢᠭ︾ ︽ᠨᠠᠢᠮᠠᠨ ᠮᠢᠩᠭᠠᠳᠤ | ᠤᠷᠤᠰᠢᠪᠠ︾ ︽ᠴᠠᠭᠠᠨ ᠪᠠᠳᠮ᠎ᠠ︾ ︽ᠪᠠᠨᠵᠠᠷᠠᠭᠴᠠ︾ ︽ᠵᠤᠰᠤ ᠶᠢᠨ ᠦᠭᠡ ᠬᠡᠮᠡᠬᠦ ᠰᠤᠳᠤᠷ ᠤᠷᠤᠰᠢᠪᠠ︾ ︽ | ᠮᠤᠩᠭᠤᠯ ᠤᠨ ᠤᠭ ᠡᠬᠢ ᠶᠢᠨ ᠲᠤᠭᠤᠵᠢ︾ ︽ᠬᠦᠮᠦᠨ ᠤ ᠰᠢᠨᠵᠢ︾ ᠭᠡᠬᠦ ᠵᠡᠷᠬᠡ ᠰᠣᠳᠣᠷ ᠬᠠᠳᠠᠭᠠᠯᠠᠬᠳᠠᠵᠦ | ᠪᠠᠶᠢᠭ᠎ᠠ ᠶᠢ ᠣᠯᠵᠦ ᠮᠡᠳᠡᠪᠡ︔ ᠨᠤᠮ ᠨᠡᠭᠡᠭᠡᠬᠦ᠂ ᠨᠤᠮ ᠪᠠᠷᠢᠨᠳᠠᠭᠯᠠᠬᠤ᠂ ᠨᠤᠮ ᠪᠤᠮᠪᠠᠯᠠᠬᠤ᠂ ᠨᠤᠮ ᠰᠡᠪᠡᠷᠭᠡᠬᠦ᠂ | ᠨᠤᠮ ᠪᠤᠰᠬᠠᠬᠤ᠂ ᠰᠤᠳᠤᠷ ᠵᠠᠯᠠᠬᠤ᠂ ᠰᠤᠳᠤᠷ ᠠᠴᠠ ᠠᠳᠢᠰᠯᠠᠬᠤ ᠵᠡᠷᠭᠡ ᠵᠠᠩ ᠦᠢᠯᠡ ᠲᠠᠢ ᠲᠠᠨᠢᠯᠴᠠᠪᠠ︔ ᠲᠣᠳᠣ | ᠦᠰᠦᠭ ᠤᠨ ᠵᠣᠬᠢᠶᠠᠭᠳᠠᠭᠰᠠᠨ ᠲᠡᠦᠬᠡᠳᠣ ᠠᠬᠤᠢ᠂ ᠵᠣᠬᠢᠶᠠᠭᠳᠠᠭᠰᠠᠨ ᠶᠠᠪᠤᠴᠠ᠂ ᠲᠣᠳᠣ ᠦᠰᠦᠭ ᠤᠨ | ᠣᠶᠢᠷᠠᠳ ᠤᠨ ᠲᠡᠦᠬᠡᠨ ᠳᠤ ᠦᠵᠡᠬᠦᠯᠦᠭᠰᠡᠨ ᠨᠦᠯᠦᠬᠡ ᠲᠡᠳᠣᠢ ᠦᠬᠡᠢ ᠮᠣᠩᠭᠤᠯᠴᠣᠳ ᠤᠨ ᠦᠰᠦᠭ ᠪᠢᠴᠢᠭ ᠤᠨ | ᠲᠡᠦᠬᠡ ᠶᠢ ᠣᠶᠢᠯᠠᠭᠠᠪᠠ᠃ ︽ᠬᠠᠮᠤᠭ ᠰᠡᠬᠦᠯᠴᠢ ᠶᠢᠨ ᠮᠠᠭᠳᠠᠭᠠᠯ ᠬᠠᠶᠢᠯᠠᠭᠴᠢ︾ ᠵᠣᠬᠢᠶᠠᠯ ᠳᠤ᠂ | ᠣᠶᠢᠷᠠᠳᠴᠣᠳ ᠤᠨ ᠪᠠᠷ ᠤᠨ ᠨᠣᠮ ᠤᠨ ᠰᠣᠳᠣᠯᠭᠠᠨ ᠤ ᠪᠠᠶᠢᠳᠠᠯ ᠢ ᠲᠠᠨᠢᠯᠴᠠᠭᠤᠯᠵᠦ᠂ ᠣᠶᠢᠷᠠᠳᠴᠣᠳ ᠤᠨ ᠨᠣᠮ | ᠬᠡᠪᠯᠡᠯ ᠤᠨ ᠲᠡᠦᠬᠡ ᠶᠢ 18 ᠳ᠋ᠣᠭᠠᠷ ᠵᠠᠭᠤᠨ ᠪᠤᠶᠤ ᠭᠠᠯᠳᠠᠨᠴᠡᠷᠡᠩ ᠬᠠᠨ ᠤ ᠦᠶ᠎ᠡ ᠠᠴᠠ ᠡᠬᠢᠯᠡᠭᠰᠡᠨ ᠭᠡᠬᠦ ᠦᠵᠡᠯᠳᠡ | ᠲᠣᠷᠠᠳᠴᠣ᠂ ᠡᠨᠡ ᠦᠵᠡᠯᠳᠡ ᠪᠠᠨ ᠪᠠᠷᠢᠮᠳᠠ ᠪᠠᠷ ᠨᠣᠳᠠᠯᠠᠭᠰᠠᠨ ᠪᠠᠶᠢᠨ᠎ᠠ᠃ ︽ᠰᠢᠪᠠᠷ ᠬᠡᠷᠡᠮ ᠤᠨ ᠲᠣᠳᠣᠷ᠎ᠠ | ᠠᠰᠠᠭᠰᠠᠨ ᠵᠣᠯᠠ ᠶᠢᠨ ᠭᠡᠷᠡᠯ︾ ᠳᠤ ᠮᠣᠩᠭᠤᠯᠴᠣᠳ ᠤᠨ ᠨᠣᠮ ᠪᠢᠴᠢᠭ ᠬᠠᠳᠠᠭᠠᠯᠠᠳᠠᠭ ᠦᠬᠡᠢ ᠭᠡᠬᠦ ᠦᠵᠡᠯᠳᠡ ᠶᠢ | ᠪᠠᠷᠢᠮᠳᠠ ᠪᠠᠷ ᠨᠢᠴᠣᠭᠠᠵᠦ᠂ ᠮᠣᠩᠭᠤᠯᠴᠣᠳ ᠤᠨ ᠨᠣᠮ ᠪᠢᠴᠢᠭ ᠬᠠᠳᠠᠭᠠᠯᠠᠵᠦ ᠪᠠᠶᠢᠭᠰᠠᠨ ᠪᠦᠬᠡᠳ ᠬᠠᠳᠠᠭᠠᠯᠠᠭᠰᠠᠭᠠᠷ | ᠪᠠᠶᠢᠨ᠎ᠠ ᠭᠡᠳᠡᠭ ᠦᠵᠡᠯᠳᠡ ᠶᠢ ᠲᠡᠪᠰᠢᠬᠦᠯᠪᠡ᠃ ᠲᠡᠶᠢᠮᠦ ᠠᠴᠠ ᠦᠵᠡᠯᠳᠡ ᠲᠣᠳᠣ᠂ ᠦᠵᠡᠯ ᠰᠠᠨᠠᠭ᠎ᠠ ᠲᠣᠳᠣᠷᠬᠠᠢ᠂ | ᠪᠠᠷᠢᠮᠳᠠ ᠦᠨᠡᠨ᠂ ᠢᠳᠡᠭᠡᠬᠦᠯᠬᠦ ᠬᠦᠴᠦᠨ ᠴᠢᠩᠭ᠎ᠠ ᠪᠤᠯᠵᠦ ᠴᠢᠳᠠᠵᠠᠢ᠃ ︽ᠮᠣᠩᠭᠤᠯ ᠰᠣᠶᠣᠯ ᠢ ᠠᠯᠪᠠ ᠪᠠᠷ᠂ | ᠦᠬᠦᠮᠡᠯ ᠢᠶᠠᠷ ᠡᠷᠬᠦᠭᠰᠡᠨ ᠮᠠᠭᠳᠠᠭᠰᠠᠨ ᠪᠢᠰᠢ᠂ ᠰᠣᠶᠣᠯ ᠤᠨ ᠬᠦᠨ ᠲᠠᠯ᠎ᠠ ᠠᠴᠠ ᠨᠢ ᠪᠠᠷᠢᠮᠳᠠ ᠲᠠᠢ ᠦᠬᠦᠯᠡᠬᠦ ᠭᠡᠰᠡᠨ | ᠪᠤᠯ ᠲᠡᠬᠦᠪᠤᠷᠢ ᠶᠢᠨ ᠮᠢᠨᠢ ᠭᠤᠣᠯ ᠬᠠᠷᠠᠯᠳᠠ ᠪᠠᠶᠢᠭᠰᠠᠨ︾ ︵︽ᠰᠢᠷ᠎ᠠ ᠮᠦᠷᠡᠨ︾ ᠰᠡᠳᠬᠦᠯ᠂ 2015 ᠣᠨ ᠤ | 1 ᠳ᠋ᠣᠭᠡᠷ ᠬᠤᠭᠤᠴᠠᠭ᠎ᠠ︶ ᠭᠡᠵᠦ ᠵᠣᠬᠢᠶᠠᠭᠴᠢ ᠶᠢᠨ ᠦᠬᠦᠯᠡᠭᠰᠡᠨ ᠰᠢᠭ ᠲᠣᠰ ᠲᠡᠬᠦᠪᠤᠷᠢ ᠨᠢ ︽ᠡᠷᠳᠡᠮ | ᠰᠢᠨᠵᠢᠯᠡᠬᠡᠨ ᠤ ᠦᠵᠡᠯᠳᠡ ᠪᠠ ᠨᠡᠬᠦᠳᠡᠯ ᠰᠣᠶᠣᠯ ᠤᠨ ᠲᠣᠬᠠᠢ ᠲᠠᠶᠢᠯᠣᠯ︾ ᠪᠤᠯᠵᠦ ᠴᠢᠳᠠᠵᠠᠢ᠃ | ᠭᠡᠪᠡᠴᠣ ᠲᠣᠰ ᠵᠣᠬᠢᠶᠠᠯ ᠨᠢ ᠴᠣᠯ ᠡᠷᠳᠡᠮ ᠰᠢᠨᠵᠢᠯᠡᠬᠡᠨ ᠤ ᠦᠬᠦᠯᠡᠯ ᠲᠠᠢ ᠪᠠᠰᠠ ᠠᠳᠠᠯᠢ ᠦᠬᠡᠢ ᠶᠣᠮ᠃ | ᠵᠣᠬᠢᠶᠠᠭᠴᠢ ᠡᠷᠳᠡᠮ ᠰᠢᠨᠵᠢᠯᠡᠬᠡᠨ ᠤ ᠦᠬᠦᠯᠡᠯ ᠢ ᠲᠣᠭᠤᠵᠢᠰ ᠤᠨ ᠠᠷᠭ᠎ᠠ᠂ ᠺᠢᠨᠣ᠋ ᠶᠢᠨ ᠮᠣᠨᠲ᠋ᠠᠵᠢ᠂ ᠲᠣᠮᠤᠭ | ᠲᠣᠣᠯᠢᠰ ᠤᠨ ᠠᠷᠭ᠎ᠠ ᠵᠡᠷᠬᠡ ᠲᠠᠢ ᠡᠪᠯᠢᠭ ᠰᠠᠶᠢᠬᠠᠨ ᠣᠶᠠᠯᠳᠣᠭᠤᠯᠣᠭᠰᠠᠨ ᠠᠴᠠ ᠣᠩᠰᠢᠬᠤ ᠳᠤ ᠵᠠᠯᠬᠠᠭᠤ ᠬᠦᠷᠬᠡᠮᠡ | ᠠᠮᠳᠠ ᠰᠢᠮᠳᠠ ᠦᠬᠡᠢ ᠪᠤᠯᠬᠤ ᠠᠴᠠ ᠵᠠᠶᠢᠯᠠᠰᠬᠢᠵᠦ ᠴᠢᠳᠠᠵᠠᠢ᠃ | ︽ᠬᠠᠮᠤᠭ ᠰᠡᠬᠦᠯᠴᠢ ᠶᠢᠨ ᠮᠠᠭᠳᠠᠭᠠᠯ ᠬᠠᠶᠢᠯᠠᠭᠴᠢ︾ ᠵᠣᠬᠢᠶᠠᠯ ᠡᠬᠢᠯᠡᠮᠡᠭᠴᠠ ᠰᠣᠷᠪᠤᠯᠵᠢᠯᠠᠭ᠎ᠠ ᠶᠢᠨ | ᠬᠡᠯᠪᠡᠷᠢ ᠪᠠᠷ ᠬᠤᠭᠠᠢ ᠠᠪᠤ ᠲᠠᠢ ᠠᠭᠤᠯᠵᠠᠬᠤ ᠠᠴᠠ ᠡᠮᠦᠨᠡᠬᠢ ᠶᠠᠪᠤᠴᠠ᠂ ᠠᠭᠤᠯᠵᠠᠨ ᠶᠠᠷᠢᠯᠴᠠᠭᠰᠠᠨ᠂ ᠬᠤᠭᠠᠢ | ᠠᠪᠤ ᠶᠢᠨ ᠨᠠᠮᠳᠠᠷ ᠲᠡᠦᠬᠡ ᠶᠢ ᠲᠣᠭᠠᠴᠢᠭᠰᠠᠨ ᠪᠤᠯ᠂ ᠲᠠᠷᠠᠭᠠᠬᠢ ︽ᠨᠣᠮ ᠨᠡᠬᠡᠬᠡᠬᠦ︾ ᠵᠠᠩ ᠦᠢᠯᠡ ᠶᠢᠨ ᠲᠣᠬᠠᠢ | ᠲᠠᠨᠢᠯᠴᠠᠭᠤᠯᠭ᠎ᠠ ᠪᠠ ᠨᠣᠮ ᠬᠡᠪᠯᠡᠯ ᠤᠨ ᠲᠣᠬᠠᠢ ᠡᠷᠳᠡᠮ ᠰᠢᠨᠵᠢᠯᠡᠬᠡᠨ ᠤ ᠦᠬᠦᠯᠡᠯ ᠪᠤᠯᠤᠭᠰᠠᠨ ᠪᠠᠶᠢᠳᠠᠭ᠃ | ᠲᠣᠰ ᠨᠣᠮ ᠤᠨ ᠠᠭᠤᠯᠭ᠎ᠠ ᠰᠡᠳᠣᠪ ᠨᠢ ᠲᠣᠮᠣ᠂ ᠬᠠᠮᠣᠷᠣᠭᠰᠠᠨ ᠴᠠᠭ ᠣᠷᠳᠣ᠂ ᠪᠠᠷᠤᠭ ᠬᠠᠭᠠᠰ ᠮᠢᠩᠭᠠᠨ | ᠵᠢᠯ ᠤᠨ ᠦᠭᠡᠯᠡᠳ ᠤᠨ ᠲᠡᠦᠬᠡ ᠶᠢ ᠪᠢᠴᠢᠪᠡ᠃ ᠡᠶᠢᠮᠦ ᠶᠡᠭᠡ ᠴᠠᠭ ᠣᠷᠣᠨ ᠵᠠᠢ ᠶᠢᠨ ᠬᠡᠷᠡᠭ ᠣᠴᠢᠷ ᠢ ᠦᠬᠦᠯᠡᠵᠦ | ᠬᠦᠣᠷᠨᠢᠬᠦ ᠳᠤ ᠲᠣᠮᠣ ᠬᠠᠭᠤᠳᠠᠰᠣ ᠱᠠᠭᠠᠷᠳᠠᠭᠳᠠᠨ᠎ᠠ᠃ ᠭᠡᠪᠡᠴᠣ ᠲᠣᠰ ᠨᠣᠮ ᠣᠨᠵᠠᠷᠠᠭᠤ ᠰᠣᠨᠵᠢᠷᠠᠭᠤ | ᠰᠠᠨᠠᠭᠳᠠᠭᠤᠯᠬᠤ ᠦᠬᠡᠢ ᠪᠠᠶᠢᠭ᠎ᠠ ᠨᠢ ᠵᠣᠬᠢᠶᠠᠭᠴᠢ ᠶᠢᠨ ᠺᠢᠨᠣ᠋ ᠶᠢᠨ ᠮᠣᠨᠲ᠋ᠠᠵᠢ ᠶᠢᠨ ᠠᠷᠭ᠎ᠠ ᠶᠢ ᠠᠰᠢᠳᠠᠢ ᠰᠠᠶᠢᠬᠠᠨ | ᠬᠡᠷᠡᠭᠯᠡᠭᠰᠡᠨ ᠳᠤ ᠪᠤᠢ᠃ ᠡᠨᠡ ᠠᠷᠭ᠎ᠠ ᠶᠢ ᠬᠡᠷᠡᠭᠯᠡᠭᠰᠡᠨ ᠠᠴᠠ ᠶᠡᠭᠡ ᠬᠡᠮᠵᠢᠶᠠᠨ ᠤ ᠬᠡᠷᠡᠭ ᠦᠬᠡᠢ ᠵᠦᠢᠯ ᠢ ᠲᠠᠶᠠᠭᠳᠠᠵᠦ | ᠂ ᠣᠬᠢ ᠰᠢᠯᠢᠳᠡᠭ ᠢ ᠨᠢ ᠰᠢᠷᠭᠠᠭᠠᠵᠦ᠂ ᠬᠠᠮᠤᠭ ᠠᠮᠢᠳᠣᠯᠢᠭ ᠪᠦᠬᠡᠳ ᠪᠠᠶᠠᠯᠢᠭ ᠲᠣᠭᠠᠴᠢᠯ ᠪᠤᠯᠵᠦ ᠴᠢᠳᠠᠵᠠᠢ᠃ | ᠲᠡᠷᠡ ᠨᠢ ᠬᠦᠦᠷᠨᠢᠭᠴᠢ ᠶᠢᠨ ᠵᠣᠭᠰᠣᠴᠠ ᠬᠠᠷᠠᠭᠠᠰᠣ ᠶᠢ ᠰᠤᠯᠢᠪᠴᠠᠭᠤᠯᠤᠨ᠂ ᠵᠣᠬᠢᠶᠠᠭᠴᠢ ᠶᠢᠨ ᠪᠤᠰᠣᠳᠴᠢ | ᠲᠣᠭᠠᠴᠢᠯᠳᠠ ᠠᠴᠠ ᠰᠡᠳᠬᠢᠯᠬᠡ ᠶᠢᠨ ᠪᠡᠶᠡᠴᠢ ᠢᠯᠡᠷᠡᠬᠦᠯᠦᠯ ᠪᠤᠯᠵᠦ ᠴᠢᠳᠠᠭᠰᠠᠨ᠃ ᠺᠢᠨᠣ᠋ ᠶᠢᠨ ᠦᠵᠡᠭᠳᠡᠯ ᠰᠣᠯᠢᠵᠦ | ᠪᠠᠶᠢᠭ᠎ᠠ ᠰᠢᠭ᠋ ᠵᠣᠬᠢᠶᠠᠯ ᠢ ᠠᠶᠢᠵᠠᠮ ᠲᠠᠢ ᠪᠤᠯᠭᠠᠵᠦ᠂ ᠣᠩᠰᠢᠭᠴᠢ ᠶᠢᠨ ᠬᠦᠯᠢᠶᠡᠨ ᠠᠪᠬᠤ ᠰᠡᠳᠬᠢᠴᠠ ᠶᠢ | ᠨᠦᠯᠦᠬᠡᠯᠡᠭᠰᠡᠨ ᠪᠠᠶᠢᠨ᠎ᠠ᠃ ᠲᠡᠦᠬᠡ ᠠᠬᠤᠢ ᠶᠢᠨ ᠰᠣᠯᠢᠪᠴᠠᠯ ᠲᠣᠮᠳᠠ ᠲᠡᠦᠬᠡ ᠠᠴᠠ ᠠᠬᠤᠢ ᠬᠦᠷᠴᠣ᠂ | ᠠᠬᠤᠢ ᠠᠴᠠ ᠲᠡᠦᠬᠡ ᠬᠦᠷᠴᠣ ᠴᠢᠳᠠᠭᠰᠠᠨ ᠪᠠᠶᠢᠨ᠎ᠠ᠃ | ︽ᠰᠢᠪᠠᠷ ᠬᠡᠷᠡᠮ ᠤᠨ ᠲᠣᠳᠣᠷ᠎ᠠ ᠠᠰᠠᠭᠰᠠᠨ ᠵᠣᠯᠠ ᠶᠢᠨ ᠭᠡᠷᠡᠯ︾ ᠨᠢ ᠲᠣᠮᠤᠭ ᠢᠶᠠᠷ ᠡᠬᠢᠯᠡᠵᠦ ᠲᠣᠮᠤᠭ ᠢᠶᠠᠷ | ᠲᠡᠬᠦᠰᠦᠭᠰᠡᠨ ᠶᠣᠮ᠃ ᠵᠣᠬᠢᠶᠠᠯ ᠡᠬᠢᠯᠡᠩᠬᠦᠳᠡ ︽ᠰᠣᠯᠬᠠᠷᠨᠠᠢ ᠶᠢᠨ ᠲᠣᠭᠤᠵᠢ︾ ᠶᠢ ᠪᠢᠴᠢᠵᠦ᠂ ᠡᠨᠡ ᠲᠣᠮᠤᠭ ᠢᠶᠠᠷ | ᠲᠠᠮᠵᠢᠭᠤᠯᠣᠨ ᠦᠪᠡᠷ ᠤᠨ ᠰᠣᠳᠣᠷ ᠨᠣᠮ ᠬᠠᠳᠠᠭᠠᠯᠠᠬᠳᠠᠳᠠᠭ ᠮᠦᠷᠳᠡᠯ᠎ᠡ ᠪᠠᠨ ᠪᠤᠰᠣᠳ ᠠᠴᠠ ᠨᠢᠭᠤᠵᠦ ᠬᠠᠷᠠᠮᠨᠠᠯ | ᠦᠬᠡᠢ ᠪᠠᠶᠢᠳᠠᠭ ᠦᠬᠡᠯᠡᠳ ᠠᠷᠠᠳ ᠲᠦᠮᠡᠨ ᠤ ᠡᠷᠬᠢᠮ ᠲᠡᠬᠡᠳᠣ ᠵᠠᠩ ᠴᠢᠨᠠᠷ ᠢ ᠢᠯᠡᠷᠡᠬᠦᠯᠦᠭᠰᠡᠨ ᠪᠤᠯ᠂ ᠨᠣᠮ | ᠪᠢᠴᠢᠭ ᠢ ᠨᠢᠭᠤᠴᠠᠯᠠᠨ ᠬᠠᠳᠠᠭᠠᠯᠠᠳᠠᠭ ᠮᠣᠩᠭᠤᠯ ᠰᠣᠶᠣᠯ ᠤᠨ ᠡᠴᠢᠨ᠎ᠡ ᠬᠦᠨ ᠲᠠᠪᠬᠤᠷᠭ᠎ᠠ ᠶᠢᠨ ᠨᠡᠬᠡᠬᠡᠵᠦ ᠴᠢᠳᠠᠰᠢ | ᠦᠬᠡᠢ ᠨᠢᠭᠤᠴᠠᠭᠠᠢ ᠣᠨᠢᠰᠣ ᠶᠢ ᠲᠠᠶᠢᠯᠪᠤᠷᠢᠯᠠᠨ ᠭᠠᠷᠭᠠᠬᠤ ᠶᠢᠨ ᠲᠦᠯᠦᠬᠡ ᠡᠷᠳᠡᠮ ᠰᠢᠨᠵᠢᠯᠡᠬᠡᠨ ᠤ ᠦᠬᠦᠯᠡᠯ ᠤᠨ | ᠰᠣᠳᠣᠯᠭᠠᠨ ᠤ ᠪᠠᠶᠢᠳᠠᠯ ᠢ ᠲᠦᠢᠮᠦᠴᠢᠯᠠᠨ ᠪᠢᠴᠢᠬᠦ ᠠᠴᠠ ᠵᠠᠶᠢᠯᠠᠰᠬᠢᠨ ᠲᠣᠮᠤᠭ ᠪᠢᠴᠢᠬᠦ ᠪᠢᠴᠢᠯᠬᠡ ᠶᠢᠨ ᠠᠷᠭ᠎ᠠ ᠪᠠᠷ | ᠷᠢᠳᠢ ᠰᠢᠳᠢ ᠶᠢᠨ ᠦᠩᠬᠡ ᠠᠶᠠᠰ ᠣᠷᠣᠭᠤᠯᠣᠭᠰᠠᠨ ᠠᠴᠠ ᠣᠩᠰᠢᠬᠤ ᠳᠤ ᠣᠨᠵᠢᠷᠠᠭᠤ ᠰᠠᠨᠠᠭᠳᠠᠭᠤᠯᠬᠤ ᠦᠬᠡᠢ | ᠪᠤᠯᠵᠦ ᠴᠢᠳᠠᠵᠠᠢ᠃ | ︽ᠦᠭᠡᠯᠡᠳᠴᠣᠳ ᠤᠨ ᠰᠣᠶᠣᠯ ᠲᠡᠦᠬᠡ ᠶᠢᠨ ᠮᠠᠲᠧᠷᠢᠶᠠᠯ ᠢ ᠠᠰᠢᠬᠯᠠᠵᠤ ᠮᠣᠩᠭᠤᠯ ᠨᠡᠬᠦᠳᠡᠯ ᠤᠨ | ᠪᠤᠯᠪᠠᠰᠣᠨ ᠳᠤ ᠬᠢᠭᠰᠡᠨ ᠵᠣᠬᠢᠶᠠᠭᠴᠢ ᠶᠢᠨ ᠲᠣᠩᠭᠠᠯᠳᠠ︾ ᠪᠠ ︽ᠲᠡᠭᠷᠢ ᠭᠠᠵᠠᠷ ᠤᠨ ᠲᠣᠮᠳᠠ ᠪᠤᠰᠤᠭ᠎ᠠ ᠶᠠᠪᠤᠭᠰᠠᠨ | ᠮᠣᠩᠭᠤᠯᠴᠣᠳ︾ ᠵᠡᠷᠬᠡ ᠲᠣᠷᠪᠢᠯᠢᠭ ᠨᠠᠶᠢᠷᠠᠭᠤᠯᠣᠯ ᠪᠠ ︽ᠲᠠᠯᠠᠪᠴᠢ ᠦᠬᠡᠢ ᠰᠢᠪᠠᠭᠤ︾ ᠵᠡᠷᠬᠡ ᠰᠢᠯᠦᠭ ᠤᠨ | ᠲᠡᠬᠦᠪᠤᠷᠢ ᠬᠡᠪᠯᠡᠬᠦᠯᠵᠦ ᠶᠠᠪᠤᠭᠰᠠᠨ ᠵᠣᠬᠢᠶᠠᠭᠴᠢ ᠶᠢᠨ ᠵᠣᠬᠢᠶᠠᠨ ᠪᠢᠴᠢᠯᠬᠡ ᠶᠢᠨ ᠲᠣᠷᠰᠢᠯᠭ᠎ᠠ ᠲᠣᠰ ᠨᠣᠮ ᠤᠨ | ᠪᠢᠴᠢᠭᠳᠡᠬᠦ ᠳᠤ ᠶᠡᠭᠡ ᠬᠦᠴᠦ ᠨᠡᠮᠡᠭᠰᠡᠨ ᠶᠣᠮ᠃ | ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ | ᠲᠡᠪᠰᠢᠭᠦᠯᠦᠭᠰᠡᠨ ᠨᠢ᠄ ᠤᠶᠠᠬᠠᠨ | | |