ᠪᠦᠬᠦ ᠬᠤᠰᠢᠭᠤᠨ ᠤ ᠦᠷᠭᠡᠨ ᠤᠯᠠᠨ ᠬᠤᠳᠠ ᠬᠦᠳᠡᠭᠡ ᠶᠢᠨ ᠰᠠᠭᠤᠭᠠᠯᠢ ᠠᠷᠠᠳ ᠲᠤ᠄ | ᠪᠦᠬᠦ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠢ ᠰᠡᠷᠭᠡᠶᠢᠯᠡᠨ ᠡᠵᠡᠮᠳᠡᠬᠦ ᠠᠵᠢᠯ | ᠢ ᠰᠠᠶᠢᠳᠤᠷ ᠬᠢᠬᠦ ᠶᠢᠨ ᠲᠤᠯᠠᠳᠠ᠂ ᠤᠨᠴᠠᠭᠠᠶᠢᠯᠠᠨ ᠰᠠᠨᠠᠭᠤᠯᠬᠤ ᠨᠢ᠄ ︽ᠭᠤᠷᠪᠠ ᠶᠢ ᠪᠠᠭᠠᠰᠬᠠᠵᠤ᠂ ᠭᠤᠷᠪᠠ ᠶᠢ | ᠴᠢᠩᠭᠠᠳᠬᠠᠬᠤ︾ ︵ᠬᠦᠮᠦᠰ ᠤᠨ ᠰᠢᠯᠵᠢᠨ ᠶᠠᠪᠤᠬᠤ ᠶᠢ ᠪᠠᠭᠠᠰᠬᠠᠬᠤ᠂ ᠬᠦᠮᠦᠰ ᠤᠨ ᠴᠤᠭᠯᠠᠷᠠᠬᠤ ᠶᠢ ᠪᠠᠭᠠᠰᠬᠠᠬᠤ᠂ | ᠠᠶᠠᠨ ᠵᠠᠮ ᠤᠨ ᠬᠠᠯᠳᠠᠪᠤᠷᠢᠯᠠᠬᠤ ᠲᠦᠭᠰᠢᠭᠦᠷᠢ ᠶᠢ ᠪᠠᠭᠠᠰᠬᠠᠬᠤ᠂ ᠬᠤᠪᠢ ᠬᠦᠮᠦᠨ ᠤ ᠬᠠᠮᠠᠭᠠᠯᠠᠯᠳᠠ ᠶᠢ | ᠴᠢᠩᠭᠠᠳᠬᠠᠬᠤ᠂ ᠰᠤᠮᠤ ᠰᠢᠶᠠᠩ ᠪᠠᠯᠭᠠᠰᠤ ︿ᠲᠠᠯᠠᠪᠠᠢ﹀ ᠪᠠ ᠭᠠᠴᠠᠭ᠎ᠠ ᠲᠤᠰᠬᠤᠨ ︿ᠨᠡᠶᠢᠭᠡᠮ ᠲᠤᠭᠤᠷᠢᠭ﹀ ᠢ | ᠴᠢᠩᠭᠠᠳᠬᠠᠬᠤ᠂ ᠪᠠᠶᠢᠭᠤᠯᠭ᠎ᠠ ᠶᠢᠨ ᠬᠠᠮᠢᠶᠠᠷᠤᠯᠳᠠ ᠪᠠ ᠲᠤᠭᠳᠠᠭᠰᠠᠨ ᠡᠮᠴᠢᠯᠡᠭᠡᠨ ᠤ ᠭᠠᠵᠠᠷ ︿ᠬᠤᠰᠢᠭᠤᠨ ᠤ | ᠠᠷᠠᠳ ᠤᠨ ᠡᠮᠨᠡᠯᠭᠡ ᠶᠢᠨ ᠬᠤᠷᠢᠶ᠎ᠠ﹀ ᠤᠨ ᠡᠮᠨᠡᠨ ᠵᠠᠰᠠᠬᠤ ᠶᠢ ᠴᠢᠩᠭᠠᠳᠬᠠᠬᠤ︶ ᠰᠡᠷᠭᠡᠶᠢᠯᠡᠨ ᠡᠵᠡᠮᠳᠡᠬᠦ ᠶᠢ | ᠪᠠᠷᠢᠮᠳᠠᠯᠠᠵᠤ᠂ ᠲᠤᠤᠷᠠᠬᠢ ᠮᠡᠳᠦ ᠶᠢᠨ ᠰᠡᠷᠭᠡᠶᠢᠯᠡᠨ ᠡᠵᠡᠮᠳᠡᠬᠦ ᠠᠷᠭ᠎ᠠ ᠠᠪᠴᠢᠯ ᠢ ᠰᠠᠶᠢᠳᠤᠷ ᠬᠡᠷᠡᠭᠵᠢᠭᠦᠯᠬᠦ ᠬᠡᠷᠡᠭᠳᠠᠢ | ᠄ | ᠨᠤᠳᠤᠭ ᠲᠠᠭᠠᠨ ᠪᠤᠴᠠᠭᠰᠠᠳ ᠵᠢᠴᠢ ᠭᠠᠳᠠᠨ᠎ᠠ ᠠᠴᠠ ᠢᠷᠡᠭᠰᠡᠳ᠂ ᠴᠠᠭ ᠲᠤᠬᠠᠢ ᠳᠤᠨᠢ ᠦᠨᠡᠨ ᠢᠶᠠᠷ | ᠲᠡᠮᠳᠡᠭᠯᠡᠨ ᠲᠠᠩᠰᠠᠯᠠᠭᠤᠯᠤᠨ᠎ᠠ᠃ ᠬᠢᠯᠢ ᠳᠤ ᠤᠷᠤᠭᠰᠠᠨ ᠨᠤᠳᠤᠭ ᠲᠠᠭᠠᠨ ᠪᠤᠴᠠᠭᠰᠠᠳ᠂ ᠬᠢᠵᠢᠭ ᠤᠨ ᠲᠦᠭᠰᠢᠭᠦᠷᠢ | ᠶᠢᠨ ᠲᠤᠮᠳᠠ ᠲᠡᠭᠡᠳᠦ ᠬᠡᠮᠵᠢᠶᠠᠨ ᠤ ᠤᠷᠤᠨ ᠠᠴᠠ ᠪᠤᠴᠠᠵᠤ ᠢᠷᠡᠭᠰᠡᠨ ᠬᠦᠮᠦᠰ᠂ ᠭᠠᠳᠠᠭᠠᠳᠤ ᠠᠴᠠ ᠤᠷᠤᠭᠤᠯᠬᠤ | ᠲᠤᠬᠠᠶᠢᠯᠠᠭᠰᠠᠨ ᠠᠵᠢᠯ ᠬᠢᠵᠤ ᠪᠠᠶᠢᠭ᠎ᠠ ᠬᠠᠮᠢᠶ᠎ᠠ ᠪᠦᠬᠦᠢ ᠠᠵᠢᠯᠳᠠᠳ᠂ ᠬᠢᠵᠢᠭ ᠤᠨ ᠲᠦᠭᠰᠢᠭᠦᠷᠢ ᠶᠢᠨ ᠲᠤᠮᠳᠠ | ᠲᠡᠭᠡᠳᠦ ᠬᠡᠮᠵᠢᠶᠠᠨ ᠤ ᠤᠷᠤᠨ ᠢᠶᠠᠷ ᠦᠩᠭᠡᠷᠡᠵᠤ ᠰᠠᠳᠤᠨ ᠨᠠᠶᠢᠵᠠ ᠪᠠᠨ ᠡᠷᠬᠢᠭᠰᠡᠨ ᠬᠦᠮᠦᠰ᠂ ᠰᠤᠷᠤᠭᠴᠢᠳ᠂ | ᠭᠠᠳᠠᠨ᠎ᠠ ᠬᠦᠯᠦᠰᠦᠨ ᠠᠵᠢᠯ ᠬᠢᠵᠤ ᠪᠠᠶᠢᠭ᠎ᠠ ᠬᠦᠮᠦᠰ ᠮᠠᠨ ᠤ ᠬᠤᠰᠢᠭᠤᠨ ᠤ ᠤᠷᠤᠵᠤ ᠢᠷᠡᠬᠦ ᠳᠡᠭᠡᠨ ᠬᠠᠮᠤᠭ | ᠲᠡᠷᠢᠭᠦᠨ ᠳᠤ ᠬᠠᠮᠢᠶᠠᠷᠤᠭᠳᠠᠬᠤ ᠨᠡᠶᠢᠭᠡᠮ ᠲᠤᠭᠤᠷᠢᠭ ︵ᠭᠠᠴᠠᠭ᠎ᠠ᠂ ᠲᠤᠰᠬᠤᠨ︶ ᠳᠤ ᠲᠡᠮᠳᠡᠭᠯᠡᠭᠦᠯᠦᠨ᠎ᠡ᠃ ᠮᠠᠨ | ᠤ ᠬᠤᠰᠢᠭᠤᠨ ᠤ ᠬᠢᠵᠢᠭ ᠢ ᠰᠡᠷᠭᠡᠶᠢᠯᠡᠨ ᠡᠵᠡᠮᠳᠡᠬᠦ ᠬᠠᠮᠢᠶ᠎ᠠ ᠪᠦᠬᠦᠢ ᠲᠦᠷᠢᠮ ᠲᠤᠭᠳᠠᠭᠠᠯ ᠢ ᠰᠠᠨᠠᠭᠠᠴᠢᠯᠠᠭ᠎ᠠ ᠠᠴᠠ | ᠪᠠᠨ ᠵᠢᠷᠤᠮᠯᠠᠨ ᠰᠠᠬᠢᠵᠤ᠂ ᠤᠷᠤᠢ ᠮᠡᠳᠡᠭᠦᠯᠬᠦ᠂ ᠬᠤᠳᠠᠯ ᠢᠶᠠᠷ ᠮᠡᠳᠡᠭᠦᠯᠬᠦ ᠡᠰᠡᠭᠦᠯ᠎ᠡ ᠬᠢᠵᠢᠭ ᠢ ᠰᠡᠷᠭᠡᠶᠢᠯᠡᠨ ᠡᠵᠡᠮᠳᠡᠬᠦ | ᠳᠤ ᠢᠳᠡᠪᠬᠢᠳᠠᠢ ᠬᠠᠮᠵᠢᠯᠴᠠᠬᠤ ᠦᠭᠡᠢ ᠪᠠᠶᠢᠳᠠᠯ ᠠᠴᠠ ᠬᠢᠵᠢᠭ ᠢ ᠲᠠᠷᠬᠠᠭᠠᠵᠤ ᠬᠦᠨᠳᠦ ᠨᠤᠴᠢᠳᠠᠢ ᠦᠷ᠎ᠡ ᠳ᠋ᠦᠩ | ᠭᠠᠷᠭᠠᠪᠠᠯ᠂ ᠬᠠᠤᠯᠢ ᠶᠤᠰᠤᠭᠠᠷ ᠬᠠᠮᠢᠶ᠎ᠠ ᠪᠦᠬᠦᠢ ᠬᠠᠷᠢᠭᠤᠴᠠᠯᠭ᠎ᠠ ᠶᠢ ᠨᠡᠬᠡᠮᠵᠢᠯᠡᠨ᠎ᠡ᠃ ᠭᠠᠳᠠᠨ᠎ᠠ ᠠᠵᠢᠯ ᠬᠢᠵᠤ | ᠪᠠᠶᠢᠭ᠎ᠠ ᠬᠦᠮᠦᠰ ᠪᠤᠯᠬᠤ ᠶᠢᠨ ᠲᠤᠳᠤᠷ᠎ᠠ ᠠᠵᠢᠯᠯᠠᠵᠤ ᠪᠠᠶᠢᠭ᠎ᠠ ᠭᠠᠵᠠᠷ ᠲᠠᠭᠠᠨ ᠦᠯᠡᠳᠡᠵᠤ᠂ ᠨᠤᠳᠤᠭ ᠲᠠᠭᠠᠨ ᠶᠠᠭ | ᠪᠤᠴᠠᠬᠤ ᠱᠠᠭᠠᠷᠳᠠᠯᠭ᠎ᠠ ᠲᠠᠢ ᠪᠤᠯ᠂ ᠵᠠᠮ ᠲᠤᠮᠳᠠ ᠪᠠᠨ ᠦᠪᠡᠷ ᠤᠨ ᠬᠠᠮᠠᠭᠠᠯᠠᠯᠳᠠ ᠪᠠᠨ ᠰᠠᠶᠢᠳᠤᠷ ᠬᠢᠵᠤ᠂ | ᠬᠠᠯᠳᠠᠪᠤᠷᠢᠯᠠᠭᠳᠠᠬᠤ ᠲᠦᠭᠰᠢᠭᠦᠷᠢ ᠶᠢ ᠪᠠᠭᠠᠰᠬᠠᠨ᠎ᠠ᠃ | ᠰᠠᠯᠬᠢ ᠨᠡᠪᠳᠡᠷᠡᠭᠦᠯᠵᠤ᠂ ᠭᠠᠷ ᠢᠶᠠᠨ ᠰᠠᠶᠢᠳᠤᠷ ᠤᠬᠢᠶᠠᠨ᠂ ᠦᠪᠡᠷ ᠤᠨ ᠪᠡᠶ᠎ᠡ ᠪᠠᠨ ᠬᠠᠮᠠᠭᠠᠯᠠᠬᠤ ᠤᠬᠠᠮᠰᠠᠷ | ᠢᠶᠠᠨ ᠴᠢᠩᠭᠠᠳᠬᠠᠨ᠎ᠠ᠃ ᠠᠵᠢᠯ ᠪᠠ ᠠᠮᠢᠳᠤᠷᠠᠯ ᠤᠨ ᠤᠷᠴᠢᠨ ᠢᠶᠠᠨ ᠠᠷᠢᠭᠤᠨ ᠴᠡᠪᠡᠷ ᠪᠠᠶᠢᠯᠭᠠᠬᠤ ᠪᠠ ᠰᠠᠯᠬᠢ | ᠨᠡᠪᠳᠡᠷᠡᠭᠦᠯᠬᠦ ᠶᠢ ᠪᠠᠳᠤᠯᠠᠵᠤ᠂ ᠡᠳᠦᠷ ᠲᠤ 2— 3 ᠤᠳᠠᠭ᠎ᠠ ᠰᠠᠯᠬᠢ ᠨᠡᠪᠳᠡᠷᠡᠭᠦᠯᠦᠨ᠂ ᠤᠳᠠᠭ᠎ᠠ ᠪᠤᠯᠭᠠᠨ 20 | —30 ᠮᠢᠨᠦ᠋ᠲ ᠪᠠᠶᠢᠵᠤ᠂ ᠲᠤᠯᠠᠭᠠᠯᠠᠬᠤ ᠪᠠᠨ ᠠᠩᠬᠠᠷᠤᠨ᠎ᠠ︔ ᠭᠠᠷ ᠤᠨ ᠠᠷᠢᠭᠤᠨ ᠴᠡᠪᠡᠷ ᠢᠶᠠᠨ ᠪᠠᠳᠤᠯᠠᠬᠤ ᠨᠢ | ᠠᠮᠢᠰᠬᠤᠯ ᠤᠨ ᠡᠪᠡᠳᠴᠢᠨ ᠤ ᠬᠠᠯᠳᠠᠪᠤᠷᠢᠯᠠᠬᠤ ᠲᠦᠭᠰᠢᠭᠦᠷᠢ ᠶᠢ ᠪᠠᠭᠠᠰᠬᠠᠵᠤ᠂ ᠤᠷᠤᠵᠤ ᠭᠠᠷᠬᠤ ᠳᠠᠭᠠᠨ ᠠᠮᠠᠪᠴᠢ | ᠪᠠᠨ ᠵᠡᠬᠦᠬᠦ᠂ ᠨᠢᠰᠦ᠂ ᠨᠢᠯᠪᠤᠰᠤ ᠪᠠᠨ ᠠᠷᠴᠢᠬᠤ᠂ ᠬᠠᠨᠢᠶᠠᠵᠤ ᠨᠠᠶᠢᠳᠠᠬᠤ ᠳᠠᠭᠠᠨ ᠭᠠᠷ ᠢᠶᠠᠷ ᠢᠶᠠᠨ ᠬᠠᠯᠬᠠᠯᠠᠬᠤ᠂ | ᠵᠤᠷᠯᠤᠩ ᠳᠤ ᠤᠷᠤᠬᠤ᠂ ᠨᠡᠶᠢᠳᠡ ᠶᠢᠨ ᠲᠤᠨᠤᠭ ᠲᠦᠬᠦᠭᠡᠷᠦᠮᠵᠢ ᠪᠠ ᠡᠳ᠋ ᠪᠤᠳᠠᠰ ᠲᠠᠢ ᠬᠦᠷᠦᠯᠴᠡᠬᠦ᠂ ᠦᠭᠡᠷ᠎ᠡ | ᠪᠤᠰᠤᠳ ᠠᠮᠢᠳᠠᠨ ᠢ ᠪᠠᠷᠢᠬᠤ ᠪᠠ ᠠᠮᠢᠳᠠᠨ ᠤ ᠢᠯᠭᠠᠳᠠᠰᠦ ᠶᠢ ᠴᠡᠪᠡᠷᠯᠡᠭᠰᠡᠨ ᠵᠡᠷᠭᠡ ᠪᠠᠶᠢᠳᠠᠯ ᠤᠨ ᠲᠠᠷᠠᠭ᠎ᠠ᠂ ᠲᠡᠷᠡ | ᠲᠤᠬᠠᠢ ᠳᠤᠨᠢ ᠰᠠᠪᠤᠩ ᠪᠠ ᠴᠡᠪᠡᠷ ᠤᠰᠤ ︵ᠤᠷᠤᠰᠬᠠᠯ ᠤᠰᠤ︶ ᠪᠠᠷ ᠭᠠᠷ ᠢᠶᠠᠨ ᠭᠦᠢᠴᠡᠳ ᠤᠬᠢᠶᠠᠨ᠎ᠠ᠃ | ᠭᠡᠷ ᠠᠴᠠ ᠪᠠᠨ ᠲᠤᠳᠠᠭᠤ ᠭᠠᠷᠴᠦ᠂ ᠴᠤᠭᠯᠠᠷᠠᠬᠤ ᠪᠠᠨ ᠪᠠᠭᠠᠰᠬᠠᠨ᠂ ᠨᠡᠶᠢᠭᠡᠮ ᠤᠨ ᠬᠠᠷᠢᠯᠴᠠᠭᠠᠨ ᠤ ᠤᠷᠤᠨ | ᠵᠠᠢ ᠶᠢ ᠪᠠᠷᠢᠮᠳᠠᠯᠠᠵᠤ᠂ ᠰᠢᠨᠵᠢᠯᠡᠬᠦ ᠤᠬᠠᠭᠠᠨᠴᠢ ᠪᠠᠷ ᠠᠮᠠᠪᠴᠢ ᠪᠠᠨ ᠵᠡᠭᠦᠨ᠎ᠡ᠃ ᠤᠶᠢᠷ᠎ᠠ ᠬᠤᠭᠤᠴᠠᠭᠠᠨ ᠳᠤ | ᠭᠠᠳᠠᠨ᠎ᠠ ᠭᠠᠷᠬᠤ ᠪᠠ ᠴᠤᠭᠯᠠᠷᠠᠨ ᠨᠠᠭᠠᠳᠬᠤ ᠪᠠᠨ ᠪᠠᠭᠠᠰᠬᠠᠨ ᠬᠦᠮᠦᠰ ᠤᠨ ᠬᠤᠷᠠᠨ ᠴᠤᠭᠯᠠᠷᠠᠬᠤ ᠭᠠᠵᠠᠷ᠂ | ᠤᠨᠴᠠᠭᠠᠶᠢᠯᠠᠨ ᠪᠢᠳᠡᠭᠦᠦ ᠤᠷᠴᠢᠨ ᠳᠤ ᠠᠵᠢᠯᠯᠠᠬᠤ ᠪᠠᠨ ᠪᠠᠭᠠᠰᠬᠠᠨ᠎ᠠ᠃ ᠲᠤᠯᠠᠭᠠᠨ ᠢᠶᠠᠨ ᠬᠡᠮᠵᠢᠬᠦ᠂ ᠺᠤᠳ᠋ ᠰᠢᠷᠪᠢᠬᠦ | ᠂ ᠠᠮᠠᠪᠴᠢ ᠵᠡᠭᠦᠭᠦ ᠵᠡᠷᠭᠡ ᠰᠡᠷᠭᠡᠶᠢᠯᠡᠨ ᠡᠵᠡᠮᠳᠡᠬᠦ ᠲᠦᠷᠢᠮ ᠲᠤᠭᠳᠠᠭᠠᠯ ᠢ ᠰᠠᠨᠠᠭᠠᠴᠢᠯᠠᠭ᠎ᠠ ᠠᠴᠠ ᠪᠠᠨ ᠵᠢᠷᠤᠮᠯᠠᠵᠤ᠂ | ᠤᠨᠴᠠᠭᠠᠶᠢᠯᠠᠨ ᠤᠯᠠᠨ ᠨᠡᠶᠢᠳᠡ ᠶᠢᠨ ᠭᠠᠵᠠᠷ᠂ ᠬᠦᠮᠦᠰ ᠤᠨ ᠬᠤᠷᠠᠨ ᠴᠤᠭᠯᠠᠷᠠᠬᠤ ᠭᠠᠵᠠᠷ ᠡᠰᠡᠭᠦᠯ᠎ᠡ ᠴᠠᠬᠢᠯᠭᠠᠨ | ᠱᠠᠳᠤ ᠵᠡᠷᠭᠡ ᠪᠢᠳᠡᠭᠦᠦ ᠤᠷᠴᠢᠨ᠂ ᠨᠡᠶᠢᠳᠡ ᠶᠢᠨ ᠮᠠᠰᠢᠨ ᠲᠡᠷᠭᠡ ᠮᠡᠳᠦ ᠶᠢᠨ ᠵᠠᠮ ᠬᠠᠷᠢᠯᠴᠠᠭᠠᠨ ᠤ ᠪᠠᠭᠠᠵᠢ᠂ | ᠡᠮᠨᠡᠯᠭᠡ ᠶᠢᠨ ᠬᠤᠷᠢᠶ᠎ᠠ ᠵᠡᠷᠭᠡ ᠤᠨᠴᠠᠭᠠᠢ ᠤᠷᠴᠢᠨ ᠳᠤ ᠵᠠᠪᠠᠯ ᠠᠮᠠᠪᠴᠢ ᠪᠠᠨ ᠵᠦᠪ ᠤᠨᠤᠪᠴᠢᠳᠠᠢ ᠵᠡᠬᠦᠬᠦ | ᠮᠦᠷᠳᠡᠭᠡᠨ 1 ᠮᠧᠲᠷ ᠠᠴᠠ ᠲᠡᠭᠡᠭᠰᠢ ᠵᠠᠢ ᠶᠢ ᠪᠠᠳᠤᠯᠠᠬᠤ ᠬᠡᠷᠡᠭᠳᠠᠢ︔ ᠤᠨᠴᠠᠭᠠᠢ ᠪᠠᠶᠢᠳᠠᠯ ᠦᠭᠡᠢ ᠪᠤᠯ ᠬᠤᠰᠢᠭᠤ | ᠠᠴᠠ ᠪᠠᠨ ᠭᠠᠷᠬᠤ ᠦᠭᠡᠢ᠂ ᠵᠠᠪᠠᠯ ᠭᠠᠷᠬᠤ ᠬᠡᠷᠡᠭᠳᠠᠢ ᠤᠴᠢᠷ ᠲᠤᠬᠢᠶᠠᠯᠳᠤᠪᠠᠯ᠂ ᠦᠪᠡᠷ ᠤᠨ ᠬᠠᠮᠭᠠᠯᠠᠯᠳᠠ ᠪᠠᠨ | ᠰᠠᠶᠢᠳᠤᠷ ᠬᠢᠵᠤ᠂ ᠶᠠᠪᠤᠵᠤ ᠰᠠᠭᠤᠭᠰᠠᠨ ᠲᠡᠮᠳᠡᠭᠯᠡᠯ ᠲᠠᠢ᠂ ᠪᠤᠴᠠᠵᠤ ᠢᠷᠡᠬᠦ ᠳᠡᠭᠡᠨ ᠰᠠᠭᠤᠵᠤ ᠪᠠᠶᠢᠭ᠎ᠠ ᠲᠤᠭᠤᠷᠢᠭ ︵ | ᠭᠠᠴᠠᠭ᠎ᠠ᠂ ᠲᠤᠰᠬᠤᠨ︶᠂ ᠪᠠᠶᠢᠭᠤᠯᠭ᠎ᠠ ᠳᠤ ᠪᠠᠨ ᠰᠠᠨᠠᠭᠠᠴᠢᠯᠠᠭ᠎ᠠ ᠠᠴᠠ ᠪᠠᠨ ᠮᠡᠳᠡᠭᠦᠯᠦᠯᠳᠡ ᠬᠢᠵᠤ᠂ ᠬᠠᠮᠢᠶ᠎ᠠ | ᠪᠦᠬᠦᠢ ᠰᠡᠷᠭᠡᠶᠢᠯᠡᠨ ᠡᠵᠡᠮᠳᠡᠬᠦ ᠠᠷᠭ᠎ᠠ ᠶᠢ ᠬᠠᠮᠵᠢᠯᠴᠠᠨ ᠨᠠᠶᠢᠳᠠᠪᠤᠷᠢᠵᠢᠭᠤᠯᠤᠨ᠎ᠠ︔ ᠴᠠᠭᠠᠨ ᠰᠠᠷ᠎ᠠ ᠳᠤ ᠲᠤᠤᠷ | ᠰᠦᠯᠵᠢᠶᠡᠨ ᠳᠤ ᠮᠡᠨᠳᠦᠴᠢᠯᠡᠵᠤ᠂ ᠬᠡᠷ ᠬᠤᠳᠠᠯᠠᠭᠠᠷ ᠢᠶᠠᠷ ᠢᠶᠠᠨ 10 ᠬᠦᠮᠦᠨ ᠠᠴᠠ ᠲᠤᠷᠤᠭᠰᠢ ᠴᠤᠭᠯᠠᠷᠠᠬᠤ ᠶᠢ | ᠰᠠᠨᠠᠭᠠᠴᠢᠯᠠᠵᠤ ᠪᠠᠶᠢᠨ᠎ᠠ᠃ | ᠡᠪᠡᠳᠴᠢᠨ ᠤ ᠢᠯᠡᠷᠡᠯ ᠲᠠᠢ ᠪᠠᠶᠢᠪᠠᠯ᠂ ᠡᠷᠳᠡᠬᠡᠨ ᠡᠮᠴᠢᠯᠡᠭᠦᠯᠦᠨ᠎ᠡ᠃ ᠬᠡᠷ ᠲᠡᠭᠡᠨ ᠲᠤᠯᠠᠭᠠᠨ ᠤ ᠬᠡᠮᠵᠢᠭᠦᠷ᠂ | ᠠᠮᠠᠪᠴᠢ᠂ ᠠᠷᠢᠭᠤᠳᠬᠠᠬᠤ ᠪᠤᠳᠠᠰ ᠵᠡᠷᠭᠡ ᠬᠠᠮᠠᠭᠠᠯᠠᠯᠳᠠ ᠶᠢᠨ ᠪᠤᠳᠠᠰ ᠬᠠᠳᠠᠭᠠᠯᠬᠤ ᠶᠢ ᠰᠠᠨᠠᠭᠠᠴᠢᠯᠠᠵᠤ᠂ ᠬᠤᠪᠢ | ᠪᠡᠶ᠎ᠡ ᠶᠢᠨ ᠡᠷᠡᠭᠦᠯ ᠴᠢᠬᠢᠷᠠᠭ ᠤᠨ ᠬᠢᠨᠠᠨ ᠬᠡᠮᠵᠢᠯᠳᠡ ᠶᠢ ᠴᠢᠩᠭᠠᠳᠬᠠᠨ᠎ᠠ᠃ ᠬᠠᠯᠠᠭᠤᠷᠠᠵᠤ᠂ ᠬᠠᠨᠢᠶᠠᠬᠤ ᠵᠡᠷᠭᠡ | ᠢᠯᠡᠷᠡᠯ ᠲᠠᠢ ᠪᠤᠯᠪᠠᠯ᠂ ᠦᠪᠡᠷ ᠤᠨ ᠪᠡᠶ᠎ᠡ ᠶᠢᠨ ᠬᠠᠮᠠᠭᠠᠯᠠᠯᠳᠠ ᠪᠠᠨ ᠵᠠᠪᠠᠯ ᠰᠠᠶᠢᠳᠤᠷ ᠬᠢᠵᠤ᠂ ᠪᠦᠬᠦ ᠶᠠᠪᠤᠴᠠ ᠳᠤ | ᠠᠮᠠᠪᠴᠢ ᠪᠠᠨ ᠰᠠᠶᠢᠨ ᠵᠡᠭᠦᠵᠤ᠂ ᠲᠡᠷᠡ ᠲᠠᠷᠤᠢ ᠳᠤᠨᠢ ᠬᠤᠰᠢᠭᠤᠨ ᠤ ᠠᠷᠠᠳ ᠤᠨ ᠡᠮᠨᠡᠯᠭᠡ ᠶᠢᠨ ᠬᠤᠷᠢᠶᠠᠨ ᠤ | ᠬᠠᠯᠠᠭᠤᠷᠠᠬᠤ ᠶᠢ ᠡᠮᠴᠢᠯᠡᠬᠦ ᠡᠭᠦᠳᠡᠨ ᠡᠮᠨᠡᠯᠭᠡ ᠳᠤ ᠤᠴᠢᠨ ᠡᠮᠨᠡᠭᠦᠯᠵᠤ᠂ ᠨᠡᠶᠢᠳᠡ ᠶᠢᠨ ᠮᠠᠰᠢᠨ ᠲᠡᠷᠭᠡ ᠮᠡᠳᠦ ᠶᠢᠨ | ᠵᠠᠮ ᠬᠠᠷᠢᠯᠴᠠᠭᠠᠨ ᠤ ᠪᠠᠭᠠᠵᠢ ᠳᠤ ᠰᠠᠭᠤᠬᠤ ᠦᠭᠡᠢ ᠪᠠᠶᠢᠵᠤ᠂ ᠬᠠᠮᠳᠤ ᠶᠠᠪᠤᠬᠤ ᠬᠦᠮᠦᠨ ᠨᠢ ᠴᠦ ᠦᠪᠡᠷ ᠤᠨ | ᠬᠠᠮᠠᠭᠠᠯᠠᠯᠳᠠ ᠪᠠᠨ ᠰᠠᠶᠢᠳᠤᠷ ᠬᠢᠬᠦ ᠬᠡᠷᠡᠭᠳᠠᠢ᠃ ᠡᠮᠨᠡᠭᠦᠯᠬᠦ ᠦᠶᠡᠰ᠂ ᠡᠪᠡᠳᠴᠢᠯᠡᠭᠰᠡᠨ ᠪᠠᠶᠢᠳᠠᠯ ᠪᠠ ᠦᠩᠭᠡᠷᠡᠭᠰᠡᠨ | ᠳᠤ ᠦᠵᠡᠭᠦᠯᠦᠭᠰᠡᠨ ᠪᠠᠶᠢᠳᠠᠯ ᠢᠶᠠᠨ ᠦᠨᠡᠨ ᠪᠤᠳᠠᠳᠠᠢ ᠪᠠᠷ ᠮᠡᠳᠡᠭᠦᠯᠦᠨ᠂ ᠤᠨᠴᠠᠭᠠᠶᠢᠯᠠᠨ ᠤᠶᠢᠷ᠎ᠠ ᠬᠤᠭᠤᠴᠠᠭᠠᠨ ᠤ | ᠵᠤᠭᠠᠴᠠᠭᠰᠠᠨ ᠪᠠ ᠰᠠᠭᠤᠵᠤ ᠬᠤᠨᠤᠭᠰᠠᠨ ᠪᠠᠶᠢᠳᠠᠯ᠂ ᠰᠡᠵᠢᠭᠯᠡᠯᠳᠠᠢ ᠬᠦᠮᠦᠰ ᠲᠠᠢ ᠤᠶᠢᠷᠠᠳᠤᠭᠰᠠᠨ ᠵᠡᠷᠭᠡ ᠪᠠᠶᠢᠳᠠᠯ ᠢ | ᠪᠦᠷ ᠲᠤᠰᠬᠠᠨ᠎ᠠ᠃ | ᠦᠷᠭᠡᠨ ᠤᠯᠠᠨ ᠠᠷᠠᠳ ᠢᠷᠭᠡᠳ ᠵᠠᠪᠠᠯ ︽ᠡᠷᠡᠭᠦᠯ ᠮᠡᠨᠳᠦ ᠶᠢᠨ ᠨᠢᠭᠡᠳᠦᠭᠡᠷ ᠬᠠᠷᠢᠭᠤᠴᠠᠯᠭᠠᠳᠤ ᠬᠦᠮᠦᠨ︾ | ᠤ ᠤᠬᠠᠮᠰᠠᠷ ᠢ ᠪᠠᠳᠤᠳᠬᠠᠨ᠂ ᠰᠢᠨᠵᠢᠯᠡᠬᠦ ᠤᠬᠠᠭᠠᠨ ᠢ ᠢᠳᠡᠭᠡᠵᠤ᠂ ᠰᠡᠷᠬᠡᠶᠢᠯᠡᠨ ᠡᠵᠡᠮᠳᠡᠬᠦ ᠶᠢ ᠴᠢᠩᠭᠠᠳᠬᠠᠨ᠂ | ᠠᠶᠤᠵᠤ ᠡᠮᠢᠶᠡᠬᠦ ᠦᠭᠡᠢ᠂ ᠬᠤᠳᠠᠯ ᠴᠤᠤᠷᠬᠠᠯ ᠲᠠᠷᠬᠠᠭᠠᠬᠤ ᠦᠭᠡᠢ ᠪᠠᠶᠢᠬᠤ ᠶᠢ ᠲᠠ ᠪᠢᠳᠡᠨ ᠠᠴᠠ ᠡᠬᠢᠯᠡᠵᠤ᠂ ᠮᠠᠨ | ᠤ ᠬᠤᠰᠢᠭᠤᠨ ᠤ ︽ᠬᠢᠵᠢᠭ︾ ᠢ ᠰᠡᠷᠭᠡᠶᠢᠯᠡᠨ ᠡᠵᠡᠮᠳᠡᠬᠦ ᠦᠷ᠎ᠡ ᠪᠦᠳᠦᠮᠵᠢ ᠶᠢ ᠬᠠᠮᠳᠤ ᠪᠠᠷ ᠢᠶᠠᠨ ᠪᠠᠬᠢᠵᠢᠭᠦᠯᠦᠶ᠎ᠡ︕ | | | ᠲᠦᠷᠪᠡᠳ ᠬᠤᠰᠢᠭᠤᠨ ᠤ ᠠᠷᠠᠳ ᠤᠨ ᠡᠮᠨᠡᠯᠭᠡ ᠶᠢᠨ ᠬᠤᠷᠢᠶᠠᠨ ᠤ ᠬᠠᠯᠠᠭᠤᠷᠠᠬᠤ ᠶᠢ ᠡᠮᠴᠢᠯᠡᠬᠦ ᠡᠭᠦᠳᠡᠨ | ᠡᠮᠨᠡᠯᠭᠡ ᠶᠢᠨ ᠤᠳᠠᠰᠤ᠄ | 04745202451 13754046368᠂ 13947461312 | ᠲᠦᠷᠪᠡᠳ ᠬᠤᠰᠢᠭᠤᠨ ᠤ ᠡᠪᠡᠳᠴᠢᠨ ᠬᠢᠵᠢᠭ ᠢ ᠰᠡᠷᠭᠡᠶᠢᠯᠡᠨ ᠡᠵᠡᠮᠳᠡᠬᠦ ᠲᠦᠪ ᠤᠨ ᠤᠳᠠᠰᠤ᠄ | 15849431538᠂ 13739958719᠂ 13947424995 | | | | | | ᠲᠦᠷᠪᠡᠳ ᠬᠤᠰᠢᠭᠤᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠦᠪᠯᠡᠯ | 2021 ᠤᠨ ᠤ 1 ᠰᠠᠷ᠎ᠠ ᠶᠢᠨ 7 ᠤ ᠡᠳᠦᠷ |