ᠬᠠᠯᠳᠠᠪᠤᠷᠢᠯᠠᠭᠳᠠᠬᠤ ᠳᠤ ᠬᠦᠷᠪᠡᠯ ᠬᠤᠶᠠᠷ ᠭᠠᠷᠠᠭ ᠰᠢᠬᠠᠮ ᠬᠢᠴᠢᠶᠡᠯ ᠵᠣᠭᠰᠣᠨ᠎ᠠ︕ | | ᠨᠠᠮᠤᠷ ᠡᠪᠦᠯ ᠤᠨ ᠤᠯᠠᠷᠢᠯ ᠪᠣᠯ ᠰᠡᠷᠬᠡᠨᠦᠳ ᠠᠮᠠᠷᠬᠠᠨ ᠳᠡᠯᠭᠡᠷᠡᠬᠦ ᠬᠤᠭᠤᠴᠠᠭ᠎ᠠ ᠪᠤᠯᠤᠨ᠎ᠠ᠃ ᠰᠡᠷᠬᠡᠨᠦᠳ | ᠨᠢ ᠪᠦᠬᠦᠵᠢᠯ ᠳᠤ ᠪᠦᠷ ᠡᠭᠦᠰᠳᠡᠭ᠂ ᠭᠡᠬᠦ ᠳᠡᠭᠡᠨ ᠡᠪᠦᠯ ᠬᠠᠪᠤᠷ ᠤᠨ ᠬᠤᠶᠠᠷ ᠤᠯᠠᠷᠢᠯ ᠳᠤ ᠣᠯᠠᠨ | ᠲᠣᠬᠢᠶᠠᠯᠳᠤᠳᠠᠭ᠂ ᠵᠢᠯ ᠪᠦᠷᠢ ᠶᠢᠨ11 ᠰᠠᠷ᠎ᠠ ᠠᠴᠠ ᠳᠠᠷᠠᠭ᠎ᠠ ᠵᠢᠯ ᠤᠨ 1 ᠰᠠᠷ᠎ᠠ ᠬᠦᠷᠲᠡᠯᠡᠬᠢ ᠬᠤᠭᠤᠴᠠᠭ᠎ᠠ ᠪᠣᠯ | ᠰᠡᠷᠬᠡᠨᠦᠳ ᠠᠮᠠᠷᠬᠠᠨ ᠳᠡᠯᠭᠡᠷᠡᠬᠦ ᠬᠤᠭᠤᠴᠠᠭ᠎ᠠ ᠪᠣᠯᠤᠨ᠎ᠠ᠃ ᠰᠡᠷᠬᠡᠨᠦᠳ ᠨᠢ ᠭᠤᠤᠯᠳᠠᠭᠤ 2 ᠵᠦᠢᠯ ᠤᠨ ᠠᠷᠭ᠎ᠠ | ᠵᠠᠮ ᠢᠶᠠᠷ ᠲᠠᠷᠬᠠᠳᠠᠭ᠄ ᠠᠮᠢᠰᠬᠤᠯ ᠤᠨ ᠵᠠᠮ ᠤᠨ ᠰᠢᠯᠦᠰᠦ ᠨᠢᠰᠤ ᠪᠠ ᠰᠢᠭᠤᠳ ᠬᠦᠷᠦᠯᠴᠡᠬᠦ ᠠᠴᠠ | ᠬᠠᠯᠳᠠᠪᠤᠷᠢᠯᠠᠳᠠᠭ᠃ ᠪᠦᠬᠦᠯᠢ 1 ᠨᠠᠰᠤᠨ ᠠᠴᠠ 12 ᠨᠠᠰᠤᠨ ᠤ ᠬᠡᠦᠬᠡᠳ ᠪᠤᠯ ᠴᠥᠮ ᠠᠮᠠᠷᠬᠠᠨ | ᠬᠠᠯᠳᠠᠪᠤᠷᠢᠯᠠᠬᠳᠠᠳᠠᠭ ᠬᠦᠮᠦᠰ ᠪᠣᠯᠤᠨ᠎ᠠ᠃ ᠬᠠᠯᠳᠠᠪᠤᠷᠢᠯᠠᠮᠠᠲᠠᠭᠠᠢ ᠡᠪᠡᠳᠴᠢᠲᠡᠨ ᠲᠠᠢ ᠬᠦᠷᠦᠯᠴᠡᠭᠰᠡᠨ ᠤ ᠳᠠᠷᠠᠭ᠎ᠠ | ᠪᠠᠷᠤᠭ90 % ᠨᠢ ᠪᠦᠷ ᠡᠪᠡᠳᠴᠢᠯᠡᠳᠡᠭ᠃ ᠡᠶᠢᠮᠦ ᠠᠴᠠ ᠬᠡᠦᠬᠡᠳ ᠤᠨ ᠴᠡᠴᠡᠷᠯᠢᠭ ᠪᠤᠯᠤᠨ ᠪᠠᠭ᠎ᠠ ᠰᠤᠷᠭᠠᠭᠤᠯᠢ | ᠶᠢᠨ ᠬᠡᠤᠬᠡᠳ ᠤᠳ ᠮᠠᠰᠢ ᠠᠮᠠᠷᠬᠠᠨ ᠡᠨᠡ ᠬᠦ ᠡᠪᠡᠳᠴᠢᠨ ᠢ ᠤᠯᠳᠠᠭ ᠪᠠᠶᠢᠨ᠎ᠠ᠃ | ᠰᠡᠷᠬᠡᠨᠦᠳ ᠤᠨ ᠨᠢᠭᠤᠭᠳᠠᠮᠠᠯ ᠬᠤᠭᠤᠴᠠᠭ᠎ᠠ ᠨᠢ ᠨᠡᠯᠢᠶᠡᠳ ᠤᠷᠲᠤ᠂ ᠶᠡᠷᠦ ᠳᠡᠭᠡᠨ ᠸᠢᠷᠦ᠋ᠰ ᠲᠠᠢ | ᠬᠦᠷᠦᠯᠴᠡᠭᠰᠡᠨ ᠤᠲ᠋ᠠᠷᠠᠭᠠᠬᠢ 14 ᠠᠴᠠ 16 ᠡᠳᠦᠷ ᠤᠨ ᠲᠤᠳᠤᠷ᠎ᠠ ᠢᠯᠡᠷᠡᠳᠡᠭ᠃ ᠬᠡᠰᠡᠭ ᠡᠪᠡᠳᠴᠢᠲᠡᠨ | ᠡᠷᠡᠭᠦᠯᠵᠢᠭᠰᠡᠨ ᠤ ᠳᠠᠷᠠᠭ᠎ᠠ ᠴᠤ ᠪᠡᠶᠡᠲ᠋ᠣᠲᠣᠷᠠ ᠨᠢ ᠸᠢᠷᠦ᠋ᠰ ᠨᠢᠭᠤᠭᠳᠠᠵᠤ ᠮᠡᠳᠡᠬᠦ ᠪᠥᠭᠡᠳ ᠬᠤᠵᠢᠮ | ᠡᠭᠡᠯᠢᠯᠡᠭᠡ ᠶᠢᠨ ᠴᠢᠳᠠᠪᠤᠷᠢ ᠮᠠᠭᠤᠳᠠᠬᠤ ᠦᠶ᠎ᠡ ᠳᠤ ᠳᠠᠬᠢᠨᠬᠥ᠋ᠳᠡᠯᠵᠦ᠂ ᠪᠦᠰᠡᠯᠢᠭ ᠴᠥᠪᠥᠷᠢᠭᠦᠲᠦ ᠡᠰᠡᠷᠭᠡᠨ᠎ᠡ | ᠭᠠᠷᠴᠤ ᠮᠡᠳᠡᠨ᠎ᠡ᠂ ᠡᠭᠦᠨ ᠢ ᠶᠡᠷᠦ ᠳᠡᠭᠡᠨ ︽ᠮᠣᠭᠠᠶ ᠢᠯᠢᠳᠦ︾ ᠭᠡᠳᠡᠭ᠃ | ᠬᠡᠦᠬᠡᠳ ᠲᠤ ᠰᠡᠷᠬᠡᠨᠦᠳ ᠬᠠᠯᠳᠠᠪᠤᠷᠢᠯᠠᠭᠰᠠᠨ ᠤ ᠳᠠᠷᠠᠭ᠎ᠠ᠂ ᠬᠦᠨᠳᠦ ᠨᠣᠴᠢᠲᠠᠶ ᠡᠪᠡᠳᠴᠢᠳᠡᠨ ᠳᠤᠨᠢ | ᠠᠭᠤᠰᠬᠢᠨᠦᠷᠪᠢᠰᠦᠯ ᠪᠠ ᠲᠠᠷᠢᠬᠢᠨ ᠦᠷᠪᠢᠰᠦᠯ ᠳᠠᠪᠬᠤᠴᠠᠵᠤ ᠮᠡᠳᠡᠨ᠎ᠡ᠂ ᠵᠠᠷᠢᠮ ᠦᠶ᠎ᠡ ᠳᠤ ᠡᠭᠦᠷᠢᠳᠡ ᠶᠢᠨ | ᠠᠷᠬᠠᠭ ᠬᠡᠮ ᠦᠯᠡᠳᠡᠬᠦ ᠪᠤᠶᠤ ᠦᠬᠦᠯ ᠳᠤ ᠬᠦᠷᠦᠬᠦᠯᠳᠡᠭ᠃ ᠬᠡᠦᠬᠡᠳ ᠠᠪᠬᠤ ᠰᠠᠨᠠᠭ᠎ᠠ ᠲᠠᠢ ᠪᠦᠰᠡᠬᠦᠶᠢᠴᠤᠳ | ᠬᠡᠷᠪᠡ ᠰᠡᠷᠬᠡᠨᠦᠳ ᠣᠯᠵᠤ ᠥᠩᠭᠡᠷᠡᠭᠰᠡᠨ ᠦᠭᠡᠢ ᠪᠣᠯ᠂ ᠠᠳᠠᠭ ᠲᠤ ᠪᠠᠨ ᠵᠢᠷᠮᠦᠰᠦᠯᠡᠬᠦ ᠠᠴᠠ ᠪᠠᠨ 3 | ᠰᠠᠷ᠎ᠠ ᠶᠢᠨ ᠡᠮᠦᠨ᠎ᠡ ᠰᠡᠷᠬᠡᠨᠦᠳ ᠤᠨ ᠲᠠᠷᠢᠯᠭ᠎ᠠ ᠲᠠᠷᠢᠬᠤ ᠬᠡᠷᠡᠭᠲᠡᠶ᠃ | ᠢᠷᠡᠯᠲᠡ᠄ ᠠᠷᠠᠤᠨ ᠤᠨ ᠰᠦᠯᠵᠢᠶ᠎ᠡ | ᠳᠡᠪᠰᠢᠭᠦᠯᠦᠭᠴᠢ᠄ ᠲᠡᠷᠭᠡᠯ | | | |