ᠲᠡᠯᠡᠭᠡᠢ ᠶᠢᠨ ᠠᠩᠬᠠᠳᠠᠭᠴᠢ ᠪᠦᠷᠢᠨ ᠡᠭᠡ ᠪᠠᠷ ᠢᠶᠠᠨ ᠬᠠᠳᠠᠭᠠᠯᠠᠭᠳᠠᠵᠤ ᠪᠠᠶᠢᠭ᠎ᠠ ᠮᠤᠩᠭᠤᠯ ᠤᠢᠢᠰᠤᠨ ᠪᠢᠴᠢᠭ ᠢ ᠢᠯᠡᠷᠡᠭᠦᠯᠪᠡ
ᠨᠡᠶᠢᠲᠡᠯᠡᠭᠰᠡᠨ ᠴᠠᠭ᠄
2023/11/24
ᠲᠡᠯᠡᠭᠡᠢ ᠶᠢᠨ ᠠᠩᠬᠠᠳᠠᠭᠴᠢ ᠪᠦᠷᠢᠨ ᠡᠭᠡ ᠪᠠᠷ ᠢᠶᠠᠨ ᠬᠠᠳᠠᠭᠠᠯᠠᠭᠳᠠᠵᠤ ᠪᠠᠶᠢᠭ᠎ᠠ ᠮᠤᠩᠭᠤᠯ ᠤᠢᠢᠰᠤᠨ ᠪᠢᠴᠢᠭ ᠢ ᠢᠯᠡᠷᠡᠭᠦᠯᠪᠡ                          ᠮᠤᠩᠭᠤᠯᠴᠤᠳ ᠬᠤᠰᠤ ᠮᠤᠳᠤᠨ ᠤ ᠬᠠᠯᠢᠰᠤ ᠶᠢ ᠤᠢᠢᠰᠤ ᠬᠡᠳᠡᠭ ᠪᠦᠭᠡᠳ ᠤᠢᠢᠰᠤᠨ ᠲᠡᠭᠡᠷ᠎ᠡ ᠪᠢᠴᠢᠵᠤ ᠲᠡᠮᠳᠡᠭᠯᠡᠭᠰᠡᠨ ᠰᠤᠷᠪᠤᠯᠵᠢ ᠪᠢᠴᠢᠭ ᠢ ᠤᠢᠢᠰᠤᠨ ᠪᠢᠴᠢᠭ ᠬᠡᠵᠤ ᠨᠡᠷᠡᠯᠡᠳᠡᠭ ᠶᠤᠮ᠃ ᠰᠤᠳᠤᠯᠭᠠᠨ ᠢ ᠦᠨᠳᠦᠰᠦᠯᠡᠪᠡᠯ᠂ ᠤᠳᠤᠬᠠᠨ ᠳᠤ ᠤᠯᠠᠨ ᠤᠯᠤᠰ ᠤᠨ ᠬᠡᠪᠴᠢᠶᠡᠨ ᠳᠤ ᠢᠯᠡᠷᠡᠬᠦᠯᠦᠭᠰᠡᠨ ᠤᠢᠢᠰᠤᠨ ᠪᠢᠴᠢᠭ ᠨᠡᠯᠢᠶᠡᠳ ᠤᠯᠠᠨ ᠪᠠᠶᠢᠳᠠᠭ ᠴᠤ ᠶᠡᠭᠡᠨᠭᠬᠢ ᠨᠢ ᠦᠵᠢᠷᠡᠨ ᠡᠯᠡᠭᠳᠡᠬᠦ ᠪᠤᠶᠤ ᠰᠦᠢᠳᠤᠨ ᠰᠡᠮᠡᠷᠡᠵᠤ᠂ ᠪᠦᠷᠢᠨ ᠡᠭᠡ ᠪᠦᠬᠦᠢ ᠮᠤᠩᠭᠤᠯ ᠦᠰᠦᠭᠳᠤ ᠤᠢᠢᠰᠤᠨ ᠪᠢᠴᠢᠭ ᠤᠯᠳᠠᠭᠠᠳᠤᠢ ᠪᠠᠶᠢᠭᠰᠠᠭᠠᠷ ᠪᠠᠶᠢᠨ᠎ᠠ᠃                 ᠤᠢᠢᠷ᠎ᠠ ᠳᠤ ᠦᠪᠦᠷ ᠮᠤᠩᠭᠤᠯ ᠤᠨ ︽ᠮᠤᠩᠭᠤᠯ ᠤᠨ ᠨᠢᠭᠤᠴᠠ ᠲᠤᠪᠴᠢᠶᠠᠨ︾ ᠰᠤᠷᠪᠤᠯᠵᠢ ᠪᠢᠴᠢᠭ ᠤᠨ ᠬᠦᠷᠢᠶᠡᠯᠡᠩ ᠤᠨ ᠵᠠᠬᠢᠷᠤᠯ ᠬ᠊ · ᠴᠤᠭᠳᠤᠨᠠᠷᠠᠨ ᠭᠤᠸᠠᠢ ᠨᠢᠭᠡᠨ ᠬᠠᠭᠤᠴᠢᠨ ᠨᠤᠮ ᠬᠠᠳᠠᠭᠠᠯᠠᠭᠴᠢ ᠶᠢᠨ ᠭᠠᠷ ᠠᠴᠠ ︽ᠠᠯᠳᠠᠨ ᠬᠤᠶᠠᠭ ᠨᠡᠷᠡᠳᠦ ᠰᠤᠳᠤᠷ ᠤᠷᠤᠰᠢᠭᠤᠯᠪᠠᠢ︾ ᠬᠡᠰᠡᠨ ᠪᠦᠷᠢᠨ ᠡᠭᠡ ᠪᠠᠷ ᠬᠠᠳᠠᠭᠠᠯᠠᠭᠳᠠᠵᠤ ᠪᠠᠶᠢᠭ᠎ᠠ ᠮᠤᠩᠭᠤᠯ ᠦᠰᠦᠭᠳᠤ ᠦᠢᠰᠤᠨ ᠪᠢᠴᠢᠭ ᠢ ᠢᠯᠡᠷᠡᠬᠦᠯᠵᠤ ᠤᠯᠠᠨ ᠤᠯᠤᠰ ᠤᠨ ᠮᠤᠩᠭᠤᠯ ᠰᠤᠳᠤᠯᠤᠯ ᠤᠨ ᠬᠦᠷᠢᠶᠡᠨ ᠳᠤ ᠰᠢᠨ᠎ᠡ ᠲᠤᠷᠬᠢᠯᠳᠡ ᠡᠭᠦᠰᠭᠡᠭᠰᠡᠨ ᠮᠦᠷᠳᠡᠭᠡᠨ ᠲᠡᠯᠡᠭᠡᠢ ᠶᠢᠨ ᠮᠤᠩᠭᠤᠯᠴᠢ ᠡᠷᠳᠡᠮᠳᠡᠳ ᠤᠨ ᠠᠩᠬᠠᠷᠤᠯ ᠢ ᠬᠦᠴᠦᠳᠡᠢ ᠲᠠᠳᠠᠵᠤ ᠪᠠᠶᠢᠨ᠎ᠠ᠃ ᠡᠨᠡ ᠬᠦ ᠤᠢᠢᠰᠤᠨ ᠪᠢᠴᠢᠭ ᠢ ᠢᠯᠡᠷᠡᠬᠦᠯᠦᠭᠰᠡᠨ ᠨᠢ ᠮᠤᠩᠭᠤᠯ ᠤᠨ ᠪᠤᠷᠬᠠᠨ ᠤ ᠱᠠᠰᠢᠨ᠂ ᠮᠤᠩᠭᠤᠯᠴᠤᠳ ᠤᠨ ᠤᠢᠢᠰᠤᠨ ᠰᠤᠶᠤᠯ ᠬᠢᠭᠡᠳ ᠮᠤᠩᠭᠤᠯ ᠦᠰᠦᠭ ᠪᠢᠴᠢᠭ ᠤᠨ ᠲᠡᠤᠭᠡᠨ ᠰᠤᠳᠤᠯᠭᠠᠨ ᠳᠤ ᠬᠤᠪᠤᠷ ᠴᠤᠬᠠᠭ ᠦᠨᠡᠳᠦ ᠮᠠᠲ᠋ᠧᠷᠢᠶᠠᠯ ᠬᠠᠨᠭ᠍ᠭᠠᠭᠳᠠᠭᠰᠠᠨ ᠶᠠᠪᠤᠳᠠᠯ ᠪᠤᠯᠤᠨ᠎ᠠ ᠬᠡᠵᠤ ᠡᠷᠳᠡᠮᠳᠡᠳ ᠰᠠᠨᠠᠯ ᠨᠢᠭᠡᠳᠡᠢ ᠦᠵᠡᠵᠡᠭᠡᠵᠤ ᠪᠤᠢ᠃ ᠰᠤᠷᠪᠤᠯᠵᠢᠯᠠᠭᠴᠢ ᠶᠢᠨ ᠤᠢᠢᠯᠠᠭᠠᠭᠰᠠᠨ ᠢᠶᠠᠷ᠂ ᠲᠤᠰ ᠤᠢᠢᠰᠤᠨ ᠪᠢᠴᠢᠭ ᠤᠨ ᠡᠬᠢᠨ ᠤ ᠬᠠᠭᠤᠳᠠᠰᠤᠨ ᠳᠤ ︽ᠠᠯᠳᠠᠨ ᠬᠤᠶᠠᠭ ᠨᠡᠷᠡᠳᠦ ᠰᠤᠳᠤᠷ ᠤᠷᠤᠰᠢᠭᠤᠯᠪᠠᠢ︾ ᠬᠡᠮᠡᠬᠦ ᠭᠠᠷᠴᠠᠭ ᠲᠠᠢ᠂ ᠨᠡᠶᠢᠳᠡ 12 ᠬᠠᠭᠤᠳᠠᠰᠤ 24 ᠨᠢᠭᠤᠷ᠂ ᠪᠢᠴᠢᠭ ᠤᠨ ᠬᠡᠮᠵᠢᠶ᠎ᠡ 11cmX7cm᠂ ᠨᠢᠭᠤᠷ ᠪᠦᠷᠢ ᠳᠤ 10 ᠮᠦᠷ ᠲᠠᠢ᠂ ᠮᠦᠷ ᠪᠦᠷᠢ ᠶᠢᠨ ᠦᠰᠦᠭ ᠤᠨ ᠲᠤᠭ᠎ᠠ ᠠᠳᠠᠯᠢ ᠪᠤᠰᠤ ᠪᠦᠭᠡᠳ ᠮᠤᠩᠭᠤᠯ ᠪᠢᠴᠢᠭ ᠤᠨ ᠬᠠᠭᠤᠳᠠᠰᠤᠨ ᠤ ᠳ᠋ᠤᠭᠠᠷ ᠲᠠᠢ᠃ ᠬᠠᠷᠢᠨ ᠰᠤᠳᠤᠷ ᠤᠨ ᠲᠡᠭᠦᠰᠭᠡᠯ ᠳᠤ ︽ᠬᠤᠳᠤᠭ ᠲᠤ ᠬᠤᠨᠭ᠍ᠰᠢᠮ ᠪᠤᠳᠠᠰᠤᠩ ᠤᠨ ᠠᠯᠳᠠᠷᠰᠢᠭᠰᠠᠨ ᠲᠡᠭᠦᠷᠢᠭᠰᠡᠨ ᠠᠷ᠎ᠠ ᠳᠤ ᠰᠤᠳᠤᠷ︾ ᠬᠡᠮᠡᠨ ᠲᠡᠮᠳᠡᠭᠯᠡᠵᠤ ᠪᠠᠶᠢᠨ᠎ᠠ᠃ ᠤᠢᠢᠰᠤᠨ ᠪᠢᠴᠢᠭ ᠤᠨ ᠠᠭᠤᠯᠭ᠎ᠠ ᠶᠢᠨ ᠬᠤᠪᠢ ᠳᠤ ᠬᠤᠨᠭ᠍ᠰᠢᠮ ᠪᠤᠳᠢᠰᠳ᠋ᠸ᠎ᠠ ᠶᠢᠨ ᠮᠠᠭᠳᠠᠭᠠᠯ ᠪᠠᠶᠢᠵᠤ᠂ ᠬᠤᠨᠭ᠍ᠰᠢᠮ ᠪᠤᠳᠢᠰᠳ᠋ᠸ᠎ᠠ ᠶᠢᠨ ᠵᠢᠷᠦᠭᠡᠨ ᠲᠠᠷᠨᠢ ᠶᠢ ᠨᠢ ᠤᠡᠭᠰᠢᠨ ᠪᠢᠰᠢᠯᠭᠠᠵᠤ ᠶᠠᠪᠤᠪᠠᠯ ᠮᠠᠭᠤ ᠮᠠᠭᠤᠬᠠᠢ ᠵᠦᠢᠯ ᠠᠷᠢᠯᠵᠤ᠂ ᠰᠠᠶᠢᠨ ᠰᠠᠶᠢᠬᠠᠨ ᠪᠦᠬᠦᠨ ᠢᠷᠡᠨ᠎ᠡ ᠬᠡᠰᠡᠨ ᠰᠠᠨᠠᠭ᠎ᠠ ᠶᠢ ᠢᠯᠡᠳᠭᠡᠵᠡᠢ᠃                  ᠦᠪᠦᠷ ᠮᠤᠩᠭᠤᠯ ᠤᠨ ᠨᠤᠮ ᠤᠨ ᠰᠠᠩ ᠤᠨ ᠰᠤᠳᠤᠯᠤᠭᠴᠢ ᠰᠠᠩᠴᠢ᠂ ᠡᠷᠳᠡᠨ ᠤ ᠰᠤᠷᠪᠤᠯᠵᠢ ᠪᠢᠴᠢᠭ ᠤᠨ ᠲᠤᠰᠬᠠᠢ ᠮᠡᠷᠭᠡᠵᠢᠯᠳᠡᠨ ᠰᠡᠴᠡᠨᠪᠢᠯᠢᠭ᠄ ︽ᠲᠤᠰ ᠤᠢᠢᠰᠤᠨ ᠪᠢᠴᠢᠭ ᠲᠡᠭᠡᠷᠡᠬᠢ ᠮᠤᠩᠭᠤᠯ ᠦᠰᠦᠭ ᠤᠨ ᠪᠢᠴᠢᠯᠭᠡ ᠶᠢᠨ ᠲᠢᠭ ᠬᠡᠯᠪᠡᠷᠢ ᠬᠢᠭᠡᠳ ᠤᠨᠴᠠᠯᠢᠭ ᠢ ᠦᠨᠳᠦᠰᠦᠯᠡᠪᠡᠯ᠂ 17 ᠳ᠋ᠤᠭᠠᠷ ᠵᠠᠭᠤᠨ ᠤ ᠲᠤᠮᠳᠠᠴᠢ ᠰᠡᠬᠦᠯᠴᠢ ᠦᠶ᠎ᠡ ᠳᠤ ᠪᠢᠴᠢᠭᠳᠡᠭᠰᠡᠨ ᠪᠤᠷᠬᠠᠨ ᠤ ᠱᠠᠰᠢᠨ ᠤ ᠬᠤᠪᠤᠷ ᠴᠤᠬᠠᠭ ᠰᠤᠷᠪᠤᠯᠵᠢ ᠪᠢᠴᠢᠭ ᠪᠤᠯᠬᠤ ᠶᠤᠮ︾ ᠬᠡᠵᠤ ᠦᠵᠡᠯᠳᠡ ᠪᠠᠨ ᠶᠠᠷᠢᠭᠰᠠᠨ ᠪᠦᠭᠡᠳ ︽ᠲᠤᠰ ᠢᠯᠡᠷᠡᠬᠦᠯᠦᠯᠳᠡ ᠨᠢ ᠮᠠᠨ ᠤ ᠤᠷᠤᠨ ᠲᠡᠷᠡᠴᠢᠯᠡᠨ ᠲᠡᠯᠡᠭᠡᠢ ᠶᠢᠨ ᠬᠡᠪᠴᠢᠶᠡᠨ ᠳᠤ ᠤᠳᠤᠬᠠᠨ ᠳᠤ ᠤᠯᠳᠠᠭᠠᠳ ᠪᠠᠶᠢᠭ᠎ᠠ ᠠᠩᠬᠠᠳᠠᠭᠴᠢ ᠪᠦᠷᠢᠨ ᠪᠦᠳᠦᠨ ᠮᠤᠩᠭᠤᠯ ᠦᠰᠦᠭᠳᠤ ᠦᠢᠰᠤᠨ ᠨᠤᠮ ᠪᠠᠶᠢᠵᠤ᠂ ᠲᠦᠢᠯ ᠤᠨ ᠶᠡᠭᠡ ᠲᠡᠤᠭᠡᠨ ᠲᠤᠷᠠᠰᠬᠠᠯᠳᠤ ᠵᠦᠢᠯᠡᠰ ᠤᠨ ᠦᠨ᠎ᠡ ᠦᠷᠳᠡᠭ ᠲᠠᠢ ᠪᠦᠭᠡᠳ ᠡᠷᠳᠡᠨ ᠤ ᠲᠡᠤᠭᠡᠨ ᠰᠤᠷᠪᠤᠯᠵᠢ ᠪᠢᠴᠢᠭ ᠰᠤᠳᠤᠯᠤᠯ ᠬᠢᠭᠡᠳ ᠡᠷᠳᠡᠮ ᠰᠢᠨᠵᠢᠯᠡᠭᠡᠨ ᠤ ᠰᠤᠳᠤᠯᠭᠠᠨ ᠳᠤ ᠦᠨᠳᠦᠷ ᠦᠨ᠎ᠡ ᠴᠠᠨ᠎ᠠ ᠲᠠᠢ ᠰᠢᠨ᠎ᠡ ᠰᠡᠳᠦᠪ ᠮᠠᠲ᠋ᠧᠷᠢᠶᠠᠯ ᠬᠠᠨᠭ᠍ᠭᠠᠨ ᠦᠭᠴᠡᠢ︾ ᠬᠡᠵᠤ ᠦᠨᠡᠯᠡᠭᠰᠡᠨ ᠪᠠᠶᠢᠨ᠎ᠠ᠃ ᠲᠦᠷᠦᠭᠦᠭᠡᠨ ᠂ ᠬᠠᠨᠭ᠍ᠭᠠᠷᠢ ᠶᠢᠨ ᠷᠤᠯᠠᠨᠳ᠋ ᠶᠡᠭᠡ ᠰᠤᠷᠭᠠᠭᠤᠯᠢ ᠳᠤ ᠬᠤᠷᠠᠯᠳᠤᠭᠰᠠᠨ ︽ᠮᠤᠩᠭᠤᠯ ᠤᠨ ᠪᠤᠷᠬᠠᠨ ᠱᠠᠰᠢᠨ — ᠤᠯᠠᠮᠵᠢᠯᠠᠯ ᠪᠠ ᠰᠢᠨᠡᠴᠢᠯᠡᠯ︾ ᠬᠡᠬᠦ ᠤᠯᠠᠨ ᠤᠯᠤᠰ ᠤᠨ ᠲᠦᠷᠪᠡᠳᠦᠭᠡᠷ ᠤᠳᠠᠭᠠᠨ ᠤ ᠶᠡᠭᠡ ᠬᠤᠷᠠᠯ ᠳᠤ ᠬ᠊ · ᠴᠤᠭᠳᠤᠨᠠᠷᠠᠨ ᠤᠷᠢᠯᠭ᠎ᠠ ᠪᠠᠷ ᠬᠦᠷᠴᠤ ︽ᠰᠢᠨ᠎ᠡ ᠪᠠᠷ ᠤᠯᠳᠠᠭᠰᠠᠨ ᠪᠤᠷᠬᠠᠨ ᠱᠠᠰᠢᠨ ᠤ ᠬᠤᠯᠪᠤᠭᠳᠠᠯᠳᠤ ᠤᠢᠢᠰᠤᠨ ᠪᠢᠴᠢᠭ ᠤᠨ ᠲᠤᠬᠠᠢ︾ ᠬᠡᠬᠦ ᠰᠡᠳᠦᠪ ᠢᠶᠠᠷ ᠲᠤᠰ ᠤᠢᠢᠰᠤᠨ ᠪᠢᠴᠢᠭ ᠢ ᠠᠩᠬ᠎ᠠ ᠤᠳᠠᠭ᠎ᠠ ᠲᠡᠯᠡᠭᠡᠢ ᠳ᠋ᠡᠬᠢᠨ ᠳᠤ ᠲᠠᠨᠢᠯᠴᠠᠭᠤᠯᠬᠤ ᠳᠤ ᠲᠤᠮᠳᠠᠳᠤ᠂ ᠮᠤᠩᠭᠤᠯ᠂ ᠤᠷᠤᠰ᠂ ᠬᠧᠷᠮᠠᠨ᠂ ᠬᠠᠨᠭ᠍ᠭᠠᠷᠢ ᠵᠡᠷᠭᠡ ᠤᠯᠠᠨ ᠤᠯᠤᠰ ᠤᠨ ᠮᠤᠩᠭᠤᠯᠴᠢ ᠡᠷᠳᠡᠮᠳᠡᠳ ᠤᠨ ᠠᠩᠬᠠᠷᠤᠯ ᠢ ᠶᠡᠬᠡᠳᠡ ᠲᠠᠳᠠᠵᠤ᠂ ᠲᠡᠭᠦᠨ ᠲᠠᠢ ᠬᠠᠮᠳᠤᠷᠠᠨ ᠠᠵᠢᠯᠯᠠᠬᠤ  ᠰᠠᠨᠠᠯ ᠢᠶᠠᠨ ᠲᠡᠪᠰᠢᠬᠦᠯᠦᠭᠰᠡᠨ ᠬᠡᠯ᠎ᠡ᠃ ︽ᠪᠢᠳᠡ ᠬᠠᠮᠤᠭ ᠤᠨ ᠬᠤᠷᠳᠤᠨ ᠢᠶᠠᠷ ᠲᠤᠰ ᠤᠢᠢᠰᠤᠨ ᠪᠢᠴᠢᠭ ᠢ ᠬᠡᠷᠡᠯ ᠵᠢᠷᠤᠭᠯᠠᠬᠤ ︵ᠹᠦᠲ᠋ᠣ᠋ ᠬᠡᠪᠯᠡᠯ︶ ᠪᠠ ᠤᠳᠤ ᠦᠶ᠎ᠡ ᠶᠢᠨ ᠮᠤᠩᠭᠤᠯ ᠬᠡᠯᠡᠨ ᠳᠤ ᠪᠠᠭᠤᠯᠭᠠᠬᠤ ᠵᠢᠴᠢ ᠤᠯᠠᠨ ᠤᠯᠤᠰ ᠤᠨ ᠭᠠᠯᠢᠭ ᠬᠠᠳᠠᠵᠤ᠂ ᠤᠤᠯ ᠡᠭᠡ ᠶᠢ ᠨᠢ ᠲᠠᠭᠠᠯᠳᠤᠭᠤᠯᠤᠨ ᠬᠡᠪᠯᠡᠬᠦᠯᠵᠤ᠂ ᠤᠯᠤᠰ ᠤᠷᠤᠨ ᠤ ᠪᠠᠨ ᠰᠤᠶᠤᠯ ᠤᠨ ᠴᠡᠴᠡᠭᠯᠡᠨ ᠬᠦᠭᠵᠢᠯᠳᠡ ᠳᠤ ᠬᠤᠪᠢ ᠨᠡᠮᠡᠷᠢ ᠦᠵᠡᠬᠦᠯᠬᠦ ᠬᠡᠮᠡᠨ ᠴᠢᠷᠮᠠᠶᠢᠨ ᠠᠵᠢᠯᠯᠠᠵᠤ ᠪᠠᠶᠢᠨ᠎ᠠ︾ ᠬᠡᠵᠤ ᠦᠪᠦᠷ ᠮᠤᠩᠭᠤᠯ ᠤᠨ ︽ᠮᠤᠩᠭᠤᠯ ᠤᠨ ᠨᠢᠭᠤᠴᠠ ᠲᠤᠪᠴᠢᠶᠠᠨ︾ ᠰᠤᠷᠪᠤᠯᠵᠢ ᠪᠢᠴᠢᠭ ᠤᠨ ᠬᠦᠷᠢᠶᠡᠯᠡᠩ ᠤᠨ ᠵᠠᠬᠢᠷᠤᠯ ᠬ᠊ · ᠴᠤᠭᠳᠤᠨᠠᠷᠠᠨ ᠲᠤᠰ ᠤᠢᠢᠰᠤᠨ ᠪᠢᠴᠢᠭ ᠢ ᠡᠷᠳᠡ ᠨᠢᠭᠡ ᠡᠳᠦᠷ ᠤᠤᠯ ᠲᠦᠷᠬᠦ ᠪᠠᠷ ᠨᠢ ᠤᠯᠠᠨ ᠲᠦᠮᠡᠨ ᠳᠤ ᠵᠤᠯᠭᠠᠭᠤᠯᠵᠤ᠂ ᠡᠷᠳᠡᠮ ᠰᠢᠨᠵᠢᠯᠡᠭᠡ ᠪᠠ ᠰᠢᠨᠵᠢᠯᠡᠭᠡ ᠰᠤᠳᠤᠯᠭᠠᠨ ᠳᠤ ᠠᠰᠢᠭᠯᠠᠭᠤᠯᠬᠤ ᠵᠤᠷᠢᠯᠳᠠ ᠪᠠᠨ ᠬᠡᠯᠡᠵᠤ ᠪᠠᠶᠢᠯ᠎ᠠ᠃   ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ᠄  ᠲᠡᠷᠭᠡᠯ
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2