ᠪᠠᠶᠢᠭᠠᠯᠢ ᠶᠢ ᠬᠠᠮᠠᠭᠠᠯᠠᠬᠤ ᠬᠠᠮᠤᠭ ᠡᠷᠲᠡᠨ ᠤ ᠬᠠᠤᠯᠢ ᠴᠠᠭᠠᠵᠠ | | | ᠮᠣᠩᠭᠤᠯᠴᠣᠳ ᠪᠠᠶᠢᠭᠠᠯᠢ ᠶᠢᠨ ᠪᠠᠶᠠᠯᠢᠭ ᠢ ᠲᠡᠭᠦᠨ ᠤ ᠠᠰᠢᠭ ᠰᠢᠮ᠎ᠡ ᠶᠢᠨ ᠲᠤᠬᠠᠢ ᠬᠠᠤᠯᠢᠴᠢᠯᠡᠨ | ᠬᠠᠮᠠᠭᠠᠯᠠᠬᠤ ᠶᠠᠪᠤᠳᠠᠯ ᠤᠳᠣ ᠮᠡᠳᠡᠭᠳᠡᠵᠦ ᠪᠠᠶᠢᠭ᠎ᠠ ᠪᠠᠷ ᠪᠠᠷᠤᠭ 800 ᠵᠢᠯ ᠤᠨ ᠲᠡᠤᠬᠡ ᠲᠠᠢ ᠶᠤᠮ᠃ ᠲᠤᠬᠠᠶᠢᠯᠠᠪᠠᠯ | ︽ᠶᠡᠭᠡ ᠵᠠᠰᠠᠭ︾ ᠬᠡᠮᠡᠬᠦ ᠬᠠᠤᠯᠢ ᠠᠴᠠ ᠡᠬᠢᠯᠡᠵᠡᠢ᠃ ᠤᠭ ᠬᠠᠣᠯᠢ ᠳᠤ ᠵᠢᠭᠠᠭᠰᠠᠨ ᠢᠶᠠᠷ ᠣᠰᠤ ᠶᠢ ᠶᠠᠮᠠᠷ ᠨᠢᠭᠡᠨ | ᠬᠡᠮᠵᠢᠶ᠎ᠡ ᠪᠠᠷ ᠪᠤᠬᠢᠷᠳᠣᠭᠤᠯᠬᠤ ᠳᠤ ᠬᠠᠳᠠᠭᠤ ᠶᠠᠯ᠎ᠠ ᠤᠨᠤᠭᠠᠵᠣ ᠪᠠᠶᠢᠵᠠᠢ᠃ ᠲᠡᠷᠡᠴᠢᠯᠡᠨ | ᠶᠤᠸᠠᠨᠤᠯᠣᠰ ᠤᠨ ᠦᠶ᠎ᠡ ᠳᠤ ᠬᠤᠨ᠂ ᠲᠡᠰ᠂ ᠬᠠᠷᠴᠠᠭᠠᠢ᠂ ᠱᠤᠩᠬᠤᠷ᠂ ᠠᠩᠨᠠᠬᠤ ᠶᠢ ᠪᠦᠷᠢᠮᠦᠰᠤᠨ | ᠴᠠᠭᠠᠵᠢᠯᠠᠭᠰᠠᠨ ᠨᠢ ᠮᠣᠩᠭᠤᠯᠴᠣᠳ ᠦᠪᠡᠷ ᠢᠶᠠᠷ ᠨᠢ ᠬᠠᠮᠠᠭᠠᠯᠠᠭᠤᠯᠬᠤ ᠭᠡᠰᠡᠨ ᠮᠡᠳᠡᠯᠬᠡ ᠲᠠᠢ ᠬᠤᠯᠪᠤᠭ᠎ᠠ ᠲᠠᠢ | ᠪᠠᠶᠢᠪᠠ᠃ ᠦᠯᠵᠡᠶᠢᠲᠦ ᠬᠠᠭᠠᠨ ᠤ ᠦᠶ᠎ᠡ ᠳᠤ ᠭᠠᠷᠭᠠᠭᠰᠠᠨ ᠬᠠᠤᠯᠢ ᠴᠠᠭᠠᠵᠠ ᠶᠢᠨ ᠪᠢᠴᠢᠭ ᠲᠤ ︵1294 | ᠤᠨ︶ ︽᠁ ᠬᠠᠪᠤᠷ ᠪᠤᠯᠬᠤ ᠳᠤ ᠬᠠᠮᠤᠭ ᠤᠨ ᠤᠷᠢᠳ ᠮᠣᠳᠤ ᠲᠠᠷᠢᠵᠤ ᠰᠠᠭᠤᠯᠭᠠᠬᠤ ᠬᠡᠷᠡᠭᠲᠡᠢ ᠁ | ᠮᠤᠳᠣ ᠶᠢ ᠵᠦᠢ ᠪᠤᠰᠤ ᠤᠭᠳᠣᠯᠵᠤ ᠥᠯᠦ ᠪᠣᠯᠣᠨ᠎ᠠ᠃ ᠵᠦᠷᠢᠴᠡᠭᠰᠡᠳ ᠢ ᠬᠠᠤᠯᠢ ᠶᠤᠰᠣᠭᠠᠷ ᠶᠠᠯᠠᠯᠠᠰᠣᠭᠠᠢ᠃ ᠤᠢ | ᠮᠤᠳᠣ ᠶᠡᠭᠡ ᠪᠣᠯᠬᠤ ᠠᠪᠠᠰᠣ ᠠᠯᠪᠠᠨ ᠪᠠ ᠠᠮᠢᠨ ᠳᠤ ᠴᠦᠮ ᠠᠰᠢᠭᠲᠠᠢ︾ ᠭᠡᠰᠡᠨ ᠪᠠᠶᠢᠳᠠᠭ᠃ 16 | ᠳ᠋ᠤᠭᠠᠷ ᠵᠠᠭᠤᠨ ᠤ ᠬᠠᠤᠯᠢ ᠴᠠᠭᠠᠵᠠ ᠶᠢᠨ ᠪᠢᠴᠢᠭ ᠲᠤ ︽᠁ ᠤᠰᠣ ᠪᠤᠷᠳᠠᠭᠯᠠᠬᠤᠯᠠ ︵ᠪᠤᠵᠠᠷᠳᠠᠭᠤᠯᠪᠠᠯ︶ | ᠮᠣᠷᠢ ᠦᠬᠡᠷ ᠬᠤᠨᠢ ᠭᠤᠷᠪᠠ ᠠᠪ ᠁︾ ᠭᠡᠵᠤ ᠵᠢᠭᠠᠭᠰᠠᠨ ᠪᠠᠶᠢᠳᠠᠭ᠃ ᠲᠡᠭᠦᠨ ᠠᠴᠠ ᠬᠤᠶᠢᠰᠢ ᠥᠶ᠎ᠡ ᠶᠢᠨ | ︽ᠬᠠᠯᠬ᠎ᠠ ᠵᠢᠷᠤᠮ︾ ᠴᠠᠭᠠᠵᠠ ᠶᠢᠨ ᠪᠢᠴᠢᠭ ᠲᠤ ︽ᠮᠡᠳᠡᠵᠤ ᠪᠠᠶᠢᠬᠤᠯ᠎ᠠ ᠱᠤᠭᠯᠠᠵᠤ ᠤᠰᠣ ᠪᠣᠷᠲᠠᠭᠯᠠᠪᠠᠰᠣ | ᠰᠢᠳᠦᠯᠡᠩ ᠮᠣᠷᠢ᠂ ᠦᠬᠡᠷ ᠬᠤᠶᠠᠷ ᠢ ᠠᠪ᠂ ᠦᠵᠡᠭᠰᠡᠨ ᠭᠡᠷᠡᠴᠢ ᠳᠤ ᠦᠬᠡᠷ ᠥᠭ︾ ᠭᠡᠵᠡᠢ᠃ ᠠᠩ ᠠᠮᠢᠲᠠᠨ ᠤ | ᠲᠠᠯ᠎ᠠ 1640 ᠣᠨ ᠤ ︽ᠶᠡᠭᠡ ᠴᠠᠭᠠᠵᠠ︾ ᠪᠢᠴᠢᠭ ᠲᠤ ︽᠁ ᠠᠩᠭᠢᠷ᠂ ᠪᠣᠯᠵᠤᠮᠣᠷ ᠠᠯᠠᠪᠠᠯ ᠮᠣᠷᠢ ᠠᠪ ᠁ | ᠪᠤᠯᠠᠭ᠎ᠠ᠂ ᠥᠨᠡᠭᠡ᠂ ᠬᠡᠷᠡᠮᠦ᠂ ᠬᠢᠷᠰᠠ ᠠᠯᠠᠪᠠᠯ ᠶᠡᠭᠡ ᠠᠴᠠ ᠨᠢ ᠭᠤᠨᠵᠢ᠂ ᠪᠠᠭ᠎ᠠ ᠠᠴᠠ ᠨᠢ ᠬᠤᠨᠢ ᠠᠪ︾ ᠭᠡᠵᠤ | ᠵᠢᠭᠠᠵᠠᠢ᠃ ᠲᠡᠭᠦᠨᠴᠢᠯᠡᠨ ︽ᠲᠥᠢᠮᠡᠷ ᠠᠯᠳᠠᠭᠰᠠᠨ ᠬᠦᠮᠦᠨ ᠢ ᠬᠡᠨ ᠦᠵᠡᠭᠰᠡᠨ ᠬᠦᠮᠦᠨ ᠨᠢᠭᠡ ᠮᠣᠷᠢ ᠠᠪ︾ | ᠭᠡᠵᠤ ᠵᠢᠭᠠᠭᠰᠠᠨ ᠪᠠᠶᠢᠳᠠᠭ᠃ ᠡᠶᠢᠮᠦ ᠠᠴᠠ ᠪᠠᠶᠢᠭᠠᠯᠢ ᠲᠡᠯᠡᠬᠡᠢ ᠪᠠᠨ ᠬᠠᠶᠢᠷᠠᠯᠠᠨ ᠬᠠᠮᠠᠭᠠᠯᠠᠬᠤ ᠲᠠᠯ᠎ᠠ ᠪᠠᠷ | ᠬᠠᠮᠤᠭ ᠤᠨ ᠡᠷᠲᠡ ᠬᠠᠤᠯᠢ ᠴᠠᠭᠠᠵᠠ ᠭᠠᠷᠭᠠᠨ ᠮᠦᠷᠳᠡᠭᠰᠡᠭᠡᠷ ᠢᠷᠡᠭᠰᠡᠨ ᠠᠷᠠᠳ ᠲᠦᠮᠡᠨ ᠪᠣᠯ ᠮᠣᠩᠭᠤᠯᠴᠤᠳ | ᠶᠤᠮ᠃ ᠡᠭᠦᠨ ᠢ ᠪᠠᠨ ᠡᠳᠦᠭᠡ ᠬᠦᠷᠲᠡᠯ᠎ᠡ ᠪᠢᠳᠡᠨ ᠤ ᠥᠶ᠎ᠡ ᠳᠤ ᠪᠠᠨ ᠬᠠᠷᠠᠮᠰᠠᠬᠤ ᠦᠭᠡᠢ ᠶᠤᠮ ᠪᠣᠯ ᠥᠭᠡᠷ᠎ᠡ | ᠶᠠᠭᠤᠨ ᠳᠤ ᠬᠠᠷᠠᠮᠰᠠᠬᠤ ᠪᠢᠯᠡ︖ | | | | | ᠢᠷᠡᠯᠲᠡ᠄ ᠬᠤᠯᠪᠤᠭ᠎ᠠ ᠪᠦᠷᠭᠡ | ᠳᠡᠪᠰᠢᠭᠦᠯᠦᠭᠴᠢ᠄ ᠲᠡᠷᠭᠡᠯ | |