ᠳᠤᠯᠤᠭᠠᠨ ᠣᠳᠣ ᠲᠠᠬᠢᠬᠤ ᠶᠠᠰᠤᠨ
ᠨᠡᠶᠢᠲᠡᠯᠡᠭᠰᠡᠨ ᠴᠠᠭ᠄
2023/11/24
        ᠳᠤᠯᠤᠭᠠᠨ ᠣᠳᠣ ᠲᠠᠬᠢᠬᠤ ᠶᠠᠰᠤᠨ                    ᠴᠠᠭᠠᠨ ᠰᠠᠷ᠎ᠠ ᠶᠢᠨ ᠰᠢᠨ᠎ᠡ ᠶᠢᠨ ᠳᠣᠯᠣᠭᠠᠨ ᠤ ᠦᠳᠡᠰᠢ ᠳᠣᠬᠢᠭᠤᠷ ᠳᠣᠯᠣᠭᠠᠨ ᠣᠳᠣ ᠲᠠᠬᠢᠲᠠᠭ ᠵᠠᠩᠰᠢᠯ᠃ ︽ᠳᠣᠯᠣᠭᠠᠨ ᠳᠤ ᠶᠠᠪᠤᠬᠤ ᠦᠭᠡᠢ᠂ ᠨᠠᠢᠮᠠᠨ ᠳᠤ ᠢᠷᠡᠬᠦ ᠦᠭᠡᠢ︾ ᠭᠡᠵᠦ ᠳᠣᠯᠣᠭᠠᠨ ᠤ ᠡᠳᠦᠷ ᠭᠠᠳᠠᠭᠰᠢ ᠬᠤᠯᠠ ᠶᠠᠪᠣᠬᠤ ᠶᠢ ᠴᠡᠭᠡᠷᠯᠠᠨ᠎ᠠ᠃ ᠨᠡᠩ ᠴᠠᠭᠠᠨ ᠰᠠᠷ᠎ᠠ ᠶᠢᠨ ᠰᠢᠨ᠎ᠡ ᠶᠢᠨ ᠳᠣᠯᠣᠭᠠᠨ ᠳᠤ ᠭᠠᠳᠠᠭᠰᠢ ᠬᠤᠯᠠ ᠶᠠᠪᠤᠳᠠᠭ ᠦᠭᠡᠢ᠃ ᠬᠠᠷᠢᠨ ᠪᠦᠰᠡᠲᠡᠶᠢᠴᠣᠳ ᠠᠩ ᠰᠢᠪᠠᠭᠤᠨ ᠳᠤ ᠶᠠᠪᠤᠵᠤ ᠠᠩ ᠬᠦᠷᠦᠭᠡ ᠬᠢᠵᠦ ᠪᠣᠯᠣᠨ᠎ᠠ ᠃ ᠦᠳᠡᠰᠢ ᠨᠢ ᠳᠣᠬᠢᠭᠤᠷ ᠳᠣᠯᠣᠭᠠᠨ ᠣᠳᠣᠨ ᠤ ᠲᠤᠯᠤᠭᠠᠢ ᠳᠡᠭᠡᠭᠰᠢᠯᠡᠮᠡᠭᠴᠡ ᠭᠡᠷ ᠤᠨ ᠡᠬᠦᠳᠡᠨ ᠳᠤ ᠰᠠᠩ ᠲᠠᠯᠪᠢᠨ ᠴᠠᠭᠠᠨ ᠢᠳᠡᠭᠡ ᠰᠡᠷᠵᠢᠮ ᠡᠷᠭᠦᠨ ᠳᠤᠯᠤᠭᠠᠨ ᠣᠳᠣᠨ ᠵᠦᠭ ᠬᠠᠨᠳᠤᠨ ᠮᠦᠷᠬᠦᠵᠦ ᠨᠠᠮᠠᠨᠴᠢᠯᠠᠨ᠎ᠠ᠃ ᠳᠣᠬᠢᠭᠤᠷ ᠳᠣᠯᠣᠭᠠᠨ ᠣᠳᠣ ᠶᠢ ᠪᠠᠰᠠ ᠳᠤᠯᠤᠭᠠᠨ ᠪᠣᠷᠬᠠᠨ ᠭᠡᠳᠡᠭ ᠲᠤᠯᠠ ᠡᠬᠦᠨ ᠢ ᠪᠠᠰᠠ ᠳᠣᠯᠣᠭᠠᠨ ᠪᠣᠷᠬᠠᠨ ᠲᠠᠬᠢᠬᠤ ᠭᠡᠳᠡᠭ᠃ ᠳᠣᠯᠣᠭᠠᠨ ᠣᠳᠣᠨ ᠤ ᠵᠦᠭ ᠬᠠᠨᠳᠤᠨ ᠳᠣᠯᠣᠭᠠᠨ ᠵᠤᠯᠠ ᠠᠰᠠᠭᠠᠨ ᠳᠣᠯᠣᠭᠠᠨ ᠬᠦᠵᠢ ᠡᠷᠬᠦᠭᠡᠳ ᠭᠠᠯ ᠲᠦᠯᠡᠨ ᠰᠠᠩ ᠲᠠᠯᠪᠢᠵᠤ ᠲᠠᠪᠠᠭ ᠲᠤ ᠠᠷᠪᠠᠨ ᠴᠢᠪᠠᠭ᠎ᠠ᠂ ᠠᠷᠪᠠᠨ ᠪᠣᠭᠤᠷᠰᠤᠭ ᠬᠢᠵᠦ ᠲᠠᠬᠢᠨ᠎ᠠ᠃ ᠲᠠᠬᠢᠯᠭ᠎ᠠ ᠲᠡᠭᠦᠰᠬᠦ ᠳᠤ ᠳᠣᠯᠣᠭᠠᠨ ᠴᠢᠪᠠᠭ᠎ᠠ᠂ ᠭᠤᠷᠪᠠᠨ ᠪᠣᠭᠤᠷᠰᠤᠭ ᠢ ᠲᠠᠬᠢᠯᠭ᠎ᠠ ᠶᠢᠨ ᠬᠡᠰᠢᠭ ᠭᠡᠵᠦ ᠭᠡᠷ ᠲᠤ  ᠪᠠᠨ ᠠᠪᠴᠢᠷᠠᠵᠤ ᠭᠡᠷ ᠤᠨ ᠪᠦᠬᠦᠳᠡᠭᠡᠷ ᠲᠤ ᠬᠤᠪᠢᠳᠠᠨ ᠠᠮᠰᠠᠭᠤᠯᠤᠨ᠎ᠠ᠃ ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ᠄  ᠲᠡᠷᠭᠡᠯ
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2