ᠮᠤᠩᠭᠤᠯ ᠦᠰᠦᠭ ᠪᠢᠴᠢᠭ ᠤᠨ ᠤᠤᠭᠠᠨ ᠮᠦᠽᠸᠢ ᠮᠡᠨᠳᠦᠯᠡᠯᠠ | | | 10 ᠰᠠᠷ᠎ᠠ ᠶᠢᠨ 16 ᠠᠴᠠ 17 ᠤ ᠡᠳᠦᠷ ᠪᠤᠯᠳᠠᠯ᠎ᠠ᠂ ᠳᠠᠳᠠᠳᠤᠩᠭ᠎ᠠ ᠨᠡᠷᠡᠮᠵᠢᠳᠤ ᠮᠤᠩᠭᠤᠯ | ᠦᠰᠦᠭ ᠪᠢᠴᠢᠭ ᠤᠨ ᠮᠦᠽᠸᠢ ᠶᠢᠨ ᠨᠡᠭᠡᠭᠡᠯᠳᠡ ᠶᠢᠨ ᠶᠤᠰᠤᠯᠠᠯ ᠪᠠ ᠮᠤᠩᠭᠤᠯ ᠬᠡᠯᠡ ᠰᠤᠶᠤᠯ ᠤᠨ ᠡᠷᠳᠡᠮ | ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ ᠨᠠᠢᠮᠠᠨ ᠬᠤᠰᠢᠭᠤᠨ ᠤ ᠲᠦᠪ ᠲᠠᠴᠢᠨᠳᠠᠯ᠎ᠠ ᠪᠠᠯᠭᠠᠰᠤᠨ ᠳᠤ | ᠶᠠᠪᠤᠭᠳᠠᠨ᠂ ᠲᠡᠯᠡᠬᠡᠢ ᠲᠡᠭᠡᠷᠡᠬᠢ ᠴᠤᠷ ᠤᠨ ᠭᠠᠭᠴᠠ ᠮᠤᠩᠭᠤᠯ ᠦᠰᠦᠭ ᠪᠢᠴᠢᠭ ᠤᠨ ᠲᠤᠰᠬᠠᠢ ᠮᠦᠽᠸᠢ ᠨᠠᠢᠮᠠᠨ | ᠸᠠᠩ ᠤᠨ ᠤᠷᠳᠤᠨ ᠳᠤ ᠪᠠᠶᠢᠭᠤᠯᠤᠭᠳᠠᠭᠰᠠᠨ ᠪᠠᠶᠢᠯ᠎ᠠ᠃ ᠳᠠᠳᠠᠳᠤᠩᠭ᠎ᠠ ᠨᠡᠷᠡᠮᠵᠢᠳᠤ ᠮᠤᠩᠭᠤᠯ ᠦᠰᠦᠭ ᠪᠢᠴᠢᠭ ᠤᠨ | ᠮᠦᠽᠸᠢ ᠶᠢᠨ ᠨᠡᠭᠡᠭᠡᠯᠳᠡ ᠶᠢᠨ ᠶᠤᠰᠤᠯᠠᠯ 10 ᠰᠠᠷ᠎ᠠ ᠶᠢᠨ 16 ᠤ ᠦᠳᠡ ᠶᠢᠨ ᠡᠮᠦᠨ᠎ᠡ ᠶᠠᠪᠤᠭᠳᠠᠵᠦ᠂ ᠶᠤᠰᠤᠯᠠᠯ | ᠲᠡᠭᠡᠷ᠎ᠡ ᠴᠦᠢᠵᠤᠩᠵᠠᠪ᠂ ᠪ᠊ · ᠭᠡᠷᠡᠯᠳᠤ ᠵᠡᠷᠭᠡ ᠡᠷᠳᠡᠮᠳᠡᠨ ᠮᠡᠷᠭᠡᠳ ᠵᠢᠴᠢ ᠮᠤᠩᠭᠤᠯ ᠦᠰᠦᠭ ᠪᠢᠴᠢᠭ ᠤᠨ | ᠰᠤᠶᠤᠯ ᠳᠠᠭᠠᠨ ᠬᠠᠶᠢᠷᠠᠳᠠᠢ ᠤᠯᠠᠨ ᠴᠤ ᠬᠦᠮᠦᠨ ᠤᠷᠤᠯᠴᠠᠵᠦ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ | ᠫᠷᠤᠹᠧᠰᠰᠤᠷ ᠪ᠊ · ᠭᠡᠷᠡᠯᠳᠤ᠂ ᠦᠪᠦᠷ ᠮᠤᠩᠭᠤᠯ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠫᠷᠤᠹᠧᠰᠰᠤᠷ ᠪ᠊ · | ᠰᠦᠭᠡ᠂ ᠰᠢᠯᠢ ᠶᠢᠨ ᠭᠤᠤᠯ ᠠᠶᠢᠮᠠᠬ ᠤᠨ ᠪᠠᠷᠠᠭᠤᠨ ᠦᠵᠦᠮᠦᠴᠢᠨ ᠬᠤᠰᠢᠭᠤᠨ ᠤ ᠪᠠᠭᠰᠢ ᠲᠠᠷᠤᠴᠢᠨ ᠮᠠᠨᠳᠤᠬᠤ | ᠵᠡᠷᠭᠡ ᠬᠦᠮᠦᠰ ᠮᠤᠩᠭᠤᠯ᠂ ᠬᠢᠳᠡᠳ᠂ ᠶᠠᠫᠤᠨ᠂ ᠰᠤᠯᠤᠩᠭᠤᠰ᠂ ᠤᠷᠤᠰ᠂ ᠮᠠᠨᠵᠦ᠂ ᠲᠦᠪᠡᠳ᠂ ᠺᠢᠷᠢᠯ ᠵᠡᠷᠭᠡ | ᠤᠯᠠᠨ ᠲᠦᠷᠦᠯ ᠤᠨ ᠦᠰᠦᠭ ᠪᠢᠴᠢᠭ ᠢ ᠪᠠᠭᠳᠠᠭᠠᠭᠰᠠᠨ 2 ᠲᠦᠮᠡ ᠭᠠᠷᠤᠢ ᠲᠡᠪᠳᠡᠷ ᠨᠤᠮ ᠢ ᠮᠦᠽᠸᠢ ᠳᠤ | ᠬᠠᠨᠳᠢᠪᠯᠠᠵᠠᠢ᠃ | ᠮᠦᠽᠸᠢ ᠨᠢ ︽ᠶᠡᠷᠦᠩᠬᠡᠢ ᠤᠷᠤᠰᠢᠯ ᠤᠨ ᠲᠢᠩᠬᠢᠮ︾᠂ ︽ᠡᠷᠡᠨ ᠵᠠᠭᠤᠨ ᠤ ᠤᠷᠴᠢᠯ︾ | ᠨᠡᠷᠡᠮᠵᠢᠳᠤ ᠪᠠᠷᠠᠭᠤᠨ ᠭᠠᠷᠤᠨ ᠲᠢᠩᠬᠢᠮ᠂ ︽ᠬᠦᠭᠡ ᠮᠦᠩᠭᠡ ᠲᠡᠭᠷᠢ︾ ᠨᠡᠷᠡᠮᠵᠢᠳᠤ ᠭᠤᠤᠯ ᠲᠢᠩᠬᠢᠮ᠂ ︽ᠬᠤᠭᠤᠷ | ᠴᠤᠭᠤᠷ ᠤᠨ ᠠᠶᠠᠯᠭᠤ︾ ᠨᠡᠷᠡᠮᠵᠢᠳᠤ ᠵᠡᠬᠦᠨ ᠭᠠᠷᠤᠨ ᠲᠢᠩᠬᠢᠮ ᠪᠠ ︽ᠬᠤᠷ ᠠᠬᠰᠠᠬᠰᠠᠨ ᠬᠤᠷᠢᠨ ᠰᠡᠴᠡᠳ︾ | ᠨᠡᠷᠡᠮᠵᠢᠳᠤ ᠭᠡᠷᠡᠮ ᠤᠨ ᠰᠡᠶᠢᠯᠦᠮᠡᠯ ᠤᠨ ᠦᠵᠡᠮᠵᠢ᠂ ︽ᠮᠦᠩᠭᠡ ᠤᠷᠤᠰᠢᠬᠤ ᠮᠤᠩᠭᠤᠯ ᠪᠢᠴᠢᠭ︾ ᠨᠡᠷᠡᠮᠵᠢᠳᠤ | ᠴᠢᠯᠠᠭᠤᠨ ᠬᠦᠰᠢᠶ᠎ᠠ ᠶᠢᠨ ᠦᠵᠡᠮᠵᠢ ᠪᠠᠷ ᠪᠦᠷᠢᠯᠳᠦᠨ᠂ ᠤᠮᠠᠷᠠᠳᠤ ᠶᠢᠨ ᠦᠨᠳᠦᠰᠦᠳᠡᠨ ᠨᠦᠭᠦᠳ ᠪᠠ ᠮᠤᠩᠭᠤᠯ | ᠲᠤᠭᠤᠷᠭᠠᠳᠠᠨ ᠤ ᠵᠤᠬᠢᠶᠠᠬᠰᠠᠨ ᠪᠤᠶᠤ ᠭᠡᠷᠡᠭᠯᠡᠭᠰᠡᠨ ᠾᠦᠩᠨᠦ ᠲᠦᠷᠺ ᠰᠢᠰᠲ᠋ᠧᠮ ᠤᠨ ᠦᠰᠦᠭ᠂ ᠰᠠᠨᠰᠺᠷᠢᠲ | ᠲᠦᠪᠡᠳ ᠰᠢᠰᠲ᠋ᠧᠮ ᠤᠨ ᠦᠰᠦᠭ ︵ᠫᠠᠷᠠᠬᠮᠢ ᠦᠰᠦᠭ ᠪᠠᠭᠳᠠᠨ᠎ᠠ︶᠂ ᠰᠤᠭᠳᠠ ᠤᠢᠢᠭᠤᠷ ᠰᠢᠰᠲ᠋ᠧᠮ ᠤᠨ ᠦᠰᠦᠭ | ᠂ ᠠᠷᠠᠪ ᠫᠧᠷᠰ ᠰᠢᠰᠲ᠋ᠧᠮ ᠤᠨ ᠦᠰᠦᠭ᠂ ᠬᠢᠳᠡᠳ ᠰᠢᠰᠲ᠋ᠧᠮ ᠤᠨ ᠦᠰᠦᠭ ︵ᠬᠢᠳᠡᠨ᠂ ᠵᠦᠷᠴᠢᠨ᠂ ᠲᠠᠩᠭᠤᠳ | ᠦᠰᠦᠭ ᠢ ᠪᠠᠭᠳᠠᠭᠠᠨ᠎ᠠ︶ ᠵᠡᠷᠭᠡ ᠲᠠᠪᠤᠨ ᠶᠡᠭᠡ ᠲᠦᠷᠦᠯ ᠤᠨ ᠬᠤᠷᠢᠭᠠᠳ ᠵᠦᠢᠯ ᠤᠨ ᠦᠰᠦᠭ ᠪᠢᠴᠢᠭ ᠢ ᠲᠤᠪᠴᠢ | ᠲᠠᠨᠢᠯᠴᠠᠭᠤᠯᠤᠭᠰᠠᠨ ᠪᠦᠭᠡᠳ ᠵᠢᠷᠤᠭ ᠪᠠ ᠠᠷᠠᠰᠤᠨ ᠤᠷᠠᠯᠠᠯ ᠤᠨ ᠬᠡᠯᠪᠡᠷᠢ ᠪᠠᠷ ᠴᠢᠩᠬᠢᠰ ᠬᠠᠭᠠᠨ ᠲᠠᠳᠠᠳᠤᠩᠭ᠎ᠠ | ᠬᠤᠶᠠᠷ ᠤᠨ ᠠᠭᠤᠯᠵᠠᠯᠳᠠ ᠵᠢᠴᠢ ᠤᠢᠢᠭᠤᠷᠵᠢᠨ ᠮᠤᠩᠭᠤᠯ ᠦᠰᠦᠭ ᠢ ᠶᠡᠭᠡ ᠮᠤᠩᠭᠤᠯ ᠤᠯᠤᠰ ᠪᠠ ᠲᠦᠷᠪᠡᠨ | ᠬᠠᠨᠳᠤ ᠤᠯᠤᠰ ᠤᠨ ᠭᠡᠪᠴᠢᠶᠡᠨ᠎ᠡ ᠲᠡᠯᠭᠡᠷᠡᠬᠦᠯᠦᠭᠰᠡᠨ ᠪᠠᠶᠢᠳᠠᠯ ᠢ ᠲᠠᠨᠢᠯᠴᠠᠭᠤᠯᠵᠠᠢ᠃ ᠡᠷᠳᠡᠨ ᠤ ᠰᠢᠳᠦᠭ ︵ | ᠪᠡᠭᠡ ᠶᠢᠨ ᠵᠢᠭᠤᠷᠤᠯ︶᠂ ᠡᠷᠳᠡᠨ ᠤ ᠴᠠᠭᠠᠰᠤ ᠲᠠᠷᠤᠬᠤ ᠱᠤᠭᠤᠮ᠂ ᠡᠷᠳᠡᠨ ᠤ ᠲᠠᠮᠠᠭ᠎ᠠ᠂ ᠡᠷᠳᠡᠨ ᠤ ᠲᠠᠩᠭᠤᠳ | ᠦᠰᠦᠭ ᠤᠨ ᠵᠡᠰ ᠭᠡᠪ ᠵᠡᠷᠭᠡ ᠡᠷᠳᠡᠨ ᠤ ᠡᠳ᠋ ᠦᠯᠦᠭ ᠪᠠᠶᠢᠬᠤ ᠪᠦᠭᠡᠳ ︽ᠪᠠᠳᠮ᠎ᠠ ᠭᠠᠳᠠᠩ ᠰᠤᠳᠤᠷ︾᠂ ︽ | ᠭᠡᠰᠡᠷ ᠤᠨ ᠲᠤᠭᠤᠵᠢ︾ ᠵᠡᠷᠭᠡ ᠬᠤᠪᠤᠷ ᠴᠤᠬᠠᠭ ᠰᠤᠷᠪᠤᠯᠵᠢ ᠪᠢᠴᠢᠭ ᠢ ᠲᠡᠯᠭᠡᠨ ᠦᠵᠡᠬᠦᠯᠵᠦ᠂ ᠲᠠᠳᠠᠳᠤᠩᠭ᠎ᠠ᠂ | ᠫᠠᠭᠪᠠ᠂ ᠴᠦᠢᠵᠢᠡᠤᠳᠽᠡᠷ ᠵᠡᠷᠭᠡ ᠮᠤᠩᠭᠤᠯ ᠦᠰᠦᠭ ᠪᠢᠴᠢᠭ ᠤᠨ ᠬᠦᠭᠵᠢᠯᠳᠡ ᠶᠢᠨ ᠲᠡᠦᠭᠡᠨ ᠳᠤ ᠤᠨᠴᠠᠭᠠᠢ | ᠭᠠᠪᠢᠶ᠎ᠠ ᠵᠢᠳᠬᠦᠯ ᠦᠵᠡᠬᠦᠯᠦᠭᠰᠡᠨ 20 ᠰᠡᠴᠡᠳ ᠢ 24 ᠡᠷᠳᠡᠨ ᠤ ᠨᠡᠷᠡᠳᠤ ᠬᠦᠰᠢᠶᠡᠨ ᠪᠢᠴᠢᠭ ᠪᠠ ᠵᠤᠬᠢᠶᠠᠯ | ᠪᠦᠲᠦᠭᠡᠯ ᠢ ᠴᠢᠯᠠᠭᠤᠨ ᠲᠡᠭᠡᠷ᠎ᠡ ᠰᠡᠶᠢᠯᠦᠨ ᠦᠵᠡᠮᠦᠷᠢ ᠪᠤᠯᠭᠠᠵᠠᠢ᠃ | ︽ᠳᠠᠳᠠᠳᠤᠩᠭ᠎ᠠ ᠨᠡᠷᠡᠮᠵᠢᠳᠤ ᠮᠤᠩᠭᠤᠯ ᠦᠰᠦᠭ ᠪᠢᠴᠢᠭ ᠤᠨ ᠮᠦᠽᠸᠢ ᠪᠠᠶᠢᠭᠤᠯᠤᠭᠳᠠᠭᠰᠠᠨ ᠨᠢ | ᠤᠮᠠᠷᠠᠳᠤ ᠶᠢᠨ ᠡᠯ᠎ᠡ ᠦᠨᠳᠦᠰᠦᠳᠡᠨ ᠤ ᠦᠭᠡ ᠭᠡᠯᠡ ᠦᠰᠦᠭ ᠪᠢᠴᠢᠭ ᠤᠨ ᠰᠤᠳᠤᠯᠭᠠᠨ ᠳᠤ ᠰᠤᠷᠤᠯᠴᠠᠬᠤ᠂ | ᠰᠤᠯᠢᠯᠴᠠᠬᠤ᠂ ᠰᠦᠪᠡᠭᠴᠢᠯᠡᠬᠦ ᠵᠢᠴᠢ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠨ᠂ ᠤᠯᠠᠮᠵᠢᠯᠠᠨ | ᠬᠦᠭᠵᠢᠬᠦᠯᠬᠦ ᠲᠠᠪᠴᠠᠩ ᠬᠠᠩᠭᠠᠬᠰᠠᠨ ᠢᠶᠠᠷ ᠪᠠᠷᠠᠬᠤ ᠦᠭᠡᠢ ᠮᠤᠩᠭᠤᠯ ᠦᠰᠦᠭ ᠪᠢᠴᠢᠭ ᠤᠨ ᠲᠡᠦᠭᠡ ᠶᠢ ᠰᠤᠳᠤᠯᠬᠤ | ᠨᠢᠭᠡᠨ ᠰᠠᠭᠤᠷᠢᠨ ᠪᠤᠯᠤᠭᠰᠠᠨ ᠢᠶᠠᠷ ᠢᠶᠠᠨ ᠡᠷᠳᠡᠮ ᠰᠢᠨᠵᠢᠯᠡᠭᠡᠨ ᠤ ᠦᠨ᠎ᠡ ᠦᠷᠳᠡᠭ ᠲᠠᠢ ᠪᠦᠭᠡᠳ ᠨᠡᠶᠢᠭᠡᠮ | ᠰᠤᠶᠤᠯ ᠤᠨ ᠦᠨ᠎ᠡ ᠦᠷᠳᠡᠭ ᠲᠠᠢ᠃ ᠡᠬᠦᠨ ᠢᠶᠠᠷ ᠪᠠᠷᠠᠬᠤ ᠦᠭᠡᠢ ︿ᠨᠢᠭᠡ ᠪᠦᠰᠡ ᠨᠢᠭᠡ ᠵᠠᠮ﹀ ᠲᠠᠭᠠᠤ | ᠤᠯᠤᠰ ᠤᠳ ᠤᠨ ᠦᠭᠡ ᠭᠡᠯᠡ ᠦᠰᠦᠭ ᠪᠢᠴᠢᠭ ᠤᠨ ᠰᠤᠶᠤᠯ ᠤᠨ ᠰᠤᠳᠤᠯᠭᠠᠨ ᠤ ᠲᠠᠯ᠎ᠠ ᠪᠠᠷ ᠴᠤ ᠠᠯᠤᠰ | ᠭᠡᠳᠦ ᠶᠢᠨ ᠠᠴᠢ ᠬᠤᠯᠪᠤᠭᠳᠠᠯ ᠲᠠᠢ᠃ ᠡᠷᠳᠡᠨ ᠤ ᠮᠤᠩᠭᠤᠯ ᠨᠤᠮ ᠪᠢᠴᠢᠭ᠂ ᠰᠤᠷᠪᠤᠯᠵᠢ ᠪᠢᠴᠢᠭ ᠢ ᠴᠤᠬᠯᠠᠭᠤᠯᠤᠨ | ᠡᠮᠬᠢᠳᠭᠡᠵᠦ᠂ ᠤᠯᠠᠮᠵᠢᠯᠠᠨ ᠬᠠᠮᠠᠭᠠᠯᠠᠨ᠂ ᠲᠡᠬᠦᠨ ᠤ ᠲᠤᠳᠤᠷᠠᠬᠢ ᠦᠨᠳᠦᠰᠦᠳᠡᠨ ᠤ ᠪᠦᠯᠬᠦᠮᠳᠡᠯ ᠤᠨ ᠦᠵᠡᠯ | ᠰᠠᠨᠠᠭ᠎ᠠ᠂ ᠤᠴᠢᠷ ᠤᠳᠬ᠎ᠠ ᠶᠢ ᠠᠭᠤᠳᠠᠯᠤᠨ ᠲᠡᠯᠭᠡᠷᠡᠬᠦᠯᠬᠦ ᠳᠤ ᠴᠤ ᠮᠠᠰᠢ ᠴᠢᠬᠤᠯᠠ ᠠᠴᠢ ᠬᠤᠯᠪᠤᠭᠳᠠᠯ ᠲᠠᠢ︾ | ᠭᠡᠵᠦ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠤᠯᠠᠨ ᠤᠯᠤᠰ ᠤᠨ ᠰᠤᠷᠭᠠᠨ ᠬᠦᠮᠦᠵᠢᠯ ᠤᠨ ᠲᠡᠭᠡᠳᠤ | ᠰᠤᠷᠭᠠᠭᠤᠯᠢ ᠶᠢᠨ ᠵᠠᠬᠢᠷᠤᠯ᠂ ᠫᠷᠤᠹᠧᠰᠰᠤᠷ᠂ ᠳ᠋ᠤᠺᠲ᠋ᠤᠷᠠᠨᠲ ᠤᠨ ᠵᠢᠯᠤᠭᠤᠳᠤᠬᠴᠢ ᠪᠠᠭᠰᠢ ᠪᠠᠳᠮᠬᠤᠳᠽᠡᠷ ᠶᠠᠷᠢᠵᠦ | ᠪᠠᠶᠢᠯ᠎ᠠ᠃ | ᠢᠷᠡᠯᠲᠡ᠄ ᠬᠤᠯᠪᠤᠭ᠎ᠠ ᠪᠦᠷᠭᠡ | ᠳᠡᠪᠰᠢᠭᠦᠯᠦᠭᠴᠢ᠄ ᠲᠡᠷᠭᠡᠯ | |