ᠰᠠᠶᠢᠨ ᠰᠠᠨᠠᠭᠠᠨ ᠤ ᠦᠵᠦᠬᠦᠷ ᠲᠤ ᠰᠦ ᠬᠡᠳᠡᠭ ᠮᠤᠩᠭᠤᠯ ᠬᠡᠯᠡᠴᠠ ᠠᠴᠠ ᠰᠡᠳᠤᠪᠯᠡᠬᠦ ᠨᠢ
ᠨᠡᠶᠢᠲᠡᠯᠡᠭᠰᠡᠨ ᠴᠠᠭ᠄
2023/11/24
ᠰᠠᠶᠢᠨ ᠰᠠᠨᠠᠭᠠᠨ ᠤ ᠦᠵᠦᠬᠦᠷ ᠲᠤ ᠰᠦ ᠬᠡᠳᠡᠭ ᠮᠤᠩᠭᠤᠯ ᠬᠡᠯᠡᠴᠠ ᠠᠴᠠ ᠰᠡᠳᠤᠪᠯᠡᠬᠦ ᠨᠢ                               ᠰᠠᠶᠢᠨ ᠰᠡᠳᠬᠢᠯ ᠲᠠᠢ ᠬᠦᠮᠦᠨ ᠳᠤ ᠰᠠᠶᠢᠨ ᠤᠴᠠᠷᠡᠯ ᠲᠠᠢ ᠬᠡᠳᠡᠭ ᠮᠤᠩᠭᠤᠯ ᠰᠠᠶᠢᠬᠠᠨ ᠬᠡᠯᠡᠴᠠ  ᠳᠤ ᠬᠦᠮᠦᠨ ᠪᠤᠯᠭᠠᠨ ᠤᠶᠢᠯᠠᠭᠠᠵᠤ ᠲᠠᠶᠢᠯᠬᠦ ᠦᠭᠡᠢ ᠰᠡᠳᠬᠢᠴᠠ ᠵᠦᠢ ᠶᠢᠨ ᠤᠬᠠᠭᠠᠨ ᠠᠭᠤᠯᠤᠭᠳᠠᠵᠤ ᠪᠠᠶᠢᠬᠤ ᠶᠤᠮ ᠃ ᠬᠡᠵᠢᠶᠡᠳᠠ ᠰᠠᠶᠢᠨ ᠰᠠᠶᠢᠬᠠᠨ ᠵᠦᠢᠯ ᠢ ᠬᠦᠰᠡᠨ ᠳᠠᠭᠠᠳᠬᠠᠵᠤ᠂ ᠬᠦᠰᠡᠯ ᠢᠶᠠᠨ ᠪᠡᠶᠡᠯᠡᠬᠦᠯᠬᠦ ᠠᠵᠢᠯᠯᠠᠭ᠎ᠠ ᠲᠠᠢ ᠪᠠᠶᠢᠪᠠᠯ ᠯᠠᠪᠳᠠᠢ ᠰᠠᠶᠢᠨ ᠰᠠᠶᠢᠬᠠᠨ ᠦᠷ᠎ᠡ ᠪᠦᠳᠤᠮᠵᠢ ᠤᠯᠵᠤ ᠴᠢᠳᠠᠨ᠎ᠠ᠂ ᠡᠨᠡ ᠪᠤᠯ ᠲᠠᠯᠳᠠ ᠤᠬᠠᠮᠰᠠᠷ ᠤᠨ ᠨᠢᠭᠤᠴᠠ ᠬᠦᠴᠦᠨ᠃ ᠰᠠᠶᠢᠨ ᠰᠠᠨᠠᠭᠠᠨ ᠤ ᠦᠵᠦᠬᠦᠷ ᠲᠤ ᠰᠦ ᠬᠡᠬᠦ ᠬᠡᠯᠡᠴᠠ ᠳᠤ ᠮᠥᠨ ᠡᠶᠢᠮᠦᠷᠬᠦ ᠨᠢᠭᠤᠴᠠ ᠠᠭᠤᠯᠤᠭᠳᠠᠵᠤ ᠪᠠᠶᠢᠬᠤ ᠶᠢ ᠪᠢ ᠤᠶᠢᠯᠠᠭᠠᠯ᠎ᠠ᠃                        ᠨᠠᠳᠠ ᠳᠤ ᠢᠷᠡᠭᠰᠡᠨ ᠰᠠᠶᠢᠨ ᠰᠠᠶᠢᠬᠠᠨ ᠤᠴᠠᠷᠡᠯ ᠪᠦᠬᠦᠨ ᠨᠢ ᠪᠦᠷ ᠯᠠ ᠡᠪᠦᠭᠡ ᠡᠮᠡᠭᠡ᠂ ᠠᠪᠤ ᠡᠵᠢ ᠂ ᠲᠦᠷᠤᠯ ᠰᠠᠳᠤᠨ᠂ ᠨᠠᠶᠢᠵᠠ ᠨᠦᠬᠦᠳ ᠤᠨ ᠰᠠᠶᠢᠨ ᠰᠠᠶᠢᠬᠠᠨ ᠢᠷᠦᠭᠡᠯ ᠵᠦᠩᠨᠡᠯ ᠤᠨ ᠦᠷ᠎ᠡ ᠳ᠋ᠦᠩ ᠬᠡᠵᠤ ᠪᠢ ᠪᠤᠳᠤᠨ᠎ᠠ᠃ ᠦᠪᠡᠷ ᠤᠨ ᠬᠦᠰᠡᠯᠡᠩ ᠢᠶᠠᠨ ᠪᠡᠶᠡᠯᠡᠬᠦᠯᠦᠶ᠎ᠠ ᠭᠡᠰᠡᠨ ᠬᠠᠷᠠᠯᠳᠠ᠂ ᠠᠵᠢᠯᠯᠠᠭ᠎ᠠ ᠪᠠᠶᠢᠭᠰᠠᠨ ᠠᠴᠠ ᠪᠤᠯᠤᠯ᠎ᠠ ᠬᠡᠵᠤ ᠪᠢ ᠪᠤᠳᠤᠨ᠎ᠠ᠃ ᠠᠷᠠᠳ ᠤᠨ ᠪᠠᠭᠰᠢ ᠶᠢᠨ ᠠᠵᠢᠯ ᠢ ᠴᠢᠷᠮᠠᠶᠢᠵᠤ ᠬᠢᠬᠦ᠂ ᠰᠤᠳᠤᠯᠵᠤ ᠬᠢᠬᠦ ᠨᠢ ᠢᠯᠭᠠᠭ᠎ᠠ ᠲᠠᠢ ᠪᠠᠶᠢᠳᠠᠭ᠂ ᠰᠤᠳᠤᠯᠵᠤ ᠬᠢᠪᠡᠯ ᠨᠡᠩ ᠤᠯᠠᠨ ᠬᠡᠤᠭᠡᠳ ᠠᠰᠢᠭ ᠬᠦᠷᠳᠡᠨ᠎ᠠ ᠭᠡᠵᠤ ᠪᠤᠳᠤᠨ᠎ᠠ︔ ᠬᠡᠬᠦ  ᠳᠤ ᠪᠠᠨ ᠵᠢᠭᠠᠬᠤ ᠶᠢ ᠰᠤᠳᠤᠯᠤᠭᠴᠢ ᠶᠢᠨ ᠠᠵᠢᠯ ᠤᠨ ᠪᠠᠶᠢᠷᠢᠨ ᠳᠤ ᠭᠠᠷᠤᠭᠰᠠᠨ ᠤ ᠳᠠᠷᠠᠭ᠎ᠠ ᠨᠢᠭᠡ ᠪᠠᠭᠰᠢ ᠶᠢ ᠴᠦ ᠭᠡᠰᠡᠨ ᠲᠤᠰᠠᠯᠠᠵᠤ ᠶᠠᠪᠤᠶ᠎ᠠ᠂ ᠲᠡᠬᠦᠨ ᠢᠶᠠᠷ ᠲᠠᠮᠵᠢᠨ ᠨᠡᠩ ᠤᠯᠠᠨ ᠬᠡᠤᠭᠡᠳ ᠠᠰᠢᠭ ᠬᠦᠷᠳᠡᠨ᠎ᠠ ᠭᠡᠵᠤ ᠪᠤᠳᠤᠬᠤ ᠶᠢᠨ ᠤᠯᠠᠮ ᠢᠶᠠᠷ ᠲᠤᠭᠠᠨ ᠤ ᠤᠬᠠᠭᠠᠨ ᠤ ᠬᠢᠴᠢᠶᠡᠯ ᠢ ᠶᠠᠭᠠᠬᠢᠵᠤ ᠵᠢᠭᠠᠪᠠᠯ ᠨᠡᠩ ᠪᠦᠳᠤᠮᠵᠢᠳᠠᠢ ᠪᠤᠯᠬᠤ ᠶᠢ ᠤᠷᠤᠯᠳᠤᠵᠤ ᠰᠠᠭᠤᠨ᠎ᠠ᠂ ᠵᠠᠯᠠᠭᠤ ᠪᠠᠭᠰᠢ ᠨᠠᠷ ᠲᠠᠢ ᠪᠠᠨ ᠬᠠᠮᠳᠤ ᠬᠢᠴᠢᠶᠡᠯ ᠤᠨ ᠵᠢᠱᠢᠶ᠎ᠠ ᠶᠢᠨ ᠵᠠᠳᠠᠯᠤᠯᠳᠠ ᠬᠢᠵᠤ ᠰᠠᠭᠤᠨ᠎ᠠ᠃ ᠰᠠᠶᠢᠨ ᠰᠠᠨᠠᠭᠠᠨ ᠤ ᠦᠵᠦᠬᠦᠷ ᠲᠤ ᠰᠦ ᠬᠡᠳᠡᠭ ᠶᠤᠮ᠂ ᠡᠳ᠋ ᠮᠦᠩᠬᠦ᠂ ᠡᠷᠭᠡ ᠠᠰᠢᠭ᠂ ᠨᠡᠷ᠎ᠡ ᠲᠦᠷᠤ ᠴᠠᠭᠠᠰᠢ  ᠪᠠᠨ ᠪᠠᠢ᠂ ᠰᠠᠶᠢᠨ ᠰᠡᠳᠬᠢᠯ ᠲᠠᠢ ᠶᠠᠪᠤᠭᠰᠠᠨ ᠤ ᠬᠠᠷᠢᠭᠤ ᠳᠤ ᠬᠡᠷ ᠪᠦᠯᠢ ᠪᠠᠷ ᠢᠶᠠᠨ ᠡᠷᠡᠬᠦᠯ ᠴᠢᠬᠢᠷᠠᠭ᠂ ᠵᠤᠯ ᠵᠢᠷᠭᠠᠯ ᠲᠠᠢ ᠪᠠᠶᠢᠵᠤ᠂ ᠦᠷ᠎ᠡ ᠬᠡᠤᠭᠡᠳ ᠮᠢᠨᠢ ᠡᠷᠡᠬᠦᠯ ᠴᠢᠬᠢᠷᠠᠭ᠂ ᠪᠠᠶᠠᠰᠤᠩᠭᠤᠢ ᠦᠰᠤᠨ ᠪᠤᠶᠢᠵᠢᠬᠤ ᠶᠢ ᠯᠠ ᠬᠦᠰᠡᠨ ᠳᠠᠭᠠᠳᠬᠠᠨ᠎ᠠ᠃    ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ᠄   ᠲᠡᠷᠭᠡᠯ  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2