ᠵᠦᠪ ᠰᠡᠳᠬᠢᠯ ᠵᠦᠪ ᠠᠵᠢᠯᠯᠠᠭ᠎ᠠ ᠠᠴᠠ ᠵᠤᠯ ᠵᠢᠷᠭᠠᠯᠳᠤ ᠠᠮᠢᠳᠤᠷᠡᠯ ᠢᠷᠡᠨ᠎ᠠ
ᠨᠡᠶᠢᠲᠡᠯᠡᠭᠰᠡᠨ ᠴᠠᠭ᠄
2023/11/24
ᠵᠦᠪ ᠰᠡᠳᠬᠢᠯ ᠵᠦᠪ ᠠᠵᠢᠯᠯᠠᠭ᠎ᠠ ᠠᠴᠠ ᠵᠤᠯ ᠵᠢᠷᠭᠠᠯᠳᠤ ᠠᠮᠢᠳᠤᠷᠡᠯ ᠢᠷᠡᠨ᠎ᠠ                                ᠦᠨᠡᠨ ᠢᠶᠠᠷ ᠢᠶᠠᠨ ᠶᠠᠪᠤᠪᠠᠯ ᠦᠭᠡᠷ ᠲᠡᠷᠭᠡ ᠪᠠᠷ ᠲᠠᠤᠯᠠᠢ ᠬᠦᠭᠡᠭᠡᠵᠤ ᠬᠦᠢᠴᠡᠨ᠎ᠠ ᠬᠡᠳᠡᠭ ᠢᠶᠠᠷ ᠨᠢᠭᠡ ᠬᠦᠮᠦᠨ ᠤ ᠵᠦᠪ ᠰᠡᠳᠬᠢᠯ ᠵᠦᠪ ᠠᠵᠢᠯᠯᠠᠭ᠎ᠠ ᠲᠠᠢ ᠪᠠᠶᠢᠬᠤ ᠨᠢ ᠲᠤᠰ ᠬᠦᠮᠦᠨ ᠵᠢᠴᠢ ᠲᠡᠬᠦᠨ ᠤ ᠭᠡᠷ ᠪᠦᠯᠢ᠂ ᠲᠦᠷᠤᠯ ᠰᠠᠳᠤᠨ ᠤ ᠠᠵᠢᠯ ᠠᠮᠢᠳᠤᠷᠡᠯ ᠤᠨ ᠴᠢᠨᠠᠷ ᠴᠢᠨᠰᠠᠭ᠎ᠠ ᠶᠢ ᠰᠢᠭᠤᠳ ᠨᠦᠯᠦᠭᠡᠯᠡᠬᠦ ᠶᠢ ᠬᠠᠵᠠᠭᠤ ᠬᠠᠪᠢ ᠳᠤ ᠪᠠᠶᠢᠭ᠎ᠠ ᠬᠡᠷᠡᠭ ᠶᠠᠪᠤᠳᠠᠯ ᠠᠴᠠ ᠤᠯᠵᠤ ᠬᠠᠷᠠᠨ᠎ᠠ᠃ ᠢᠩᠬᠢᠬᠦ ᠠᠴᠠ ᠮᠠᠨ ᠤ ᠮᠤᠩᠭᠤᠯ ᠦᠨᠳᠤᠰᠤᠳᠠᠨ ᠤ ᠴᠡᠭᠡᠷ ᠰᠤᠷᠭᠠᠯ᠂ ᠵᠦᠢᠷ ᠰᠡᠴᠠᠨ ᠦᠭᠡᠰ ᠤᠨ ᠡᠴᠢᠨ᠎ᠠ ᠲᠠᠯᠳᠠ ᠤᠬᠠᠭᠠᠨ ᠢ ᠤᠬᠠᠬᠤ ᠶᠢᠨ ᠤᠯᠠᠮ ᠢᠶᠠᠷ ᠮᠤᠩᠭᠤᠯ ᠰᠤᠶᠤᠯ  ᠢᠶᠠᠨ ᠪᠠᠭ᠋ᠠᠷᠬᠠᠵᠤ ᠯᠠ ᠰᠠᠭᠤᠨ᠎ᠠ᠃                       ᠬᠡᠤᠭᠡᠳ ᠤᠨ ᠲᠤᠰ ᠪᠡᠶ᠎ᠡ ᠪᠠᠷ ᠭᠤᠤᠯ ᠴᠤᠭᠴᠠ ᠪᠤᠯᠭᠠᠭᠰᠠᠨ ᠤᠯᠠᠮᠵᠢᠯᠠᠯᠳᠤ ᠬᠡᠷ ᠪᠦᠯᠢ ᠶᠢᠨ ᠰᠤᠷᠭᠠᠨ ᠬᠦᠮᠦᠵᠢᠯ ᠤᠨ ᠬᠡᠯᠪᠡᠷᠢ ᠵᠢᠴᠢ ᠰᠤᠷᠭᠠᠯ ᠦᠭᠡ᠂ ᠵᠦᠢᠷ ᠦᠭᠡ᠂ ᠬᠤᠷᠰᠢᠶ᠎ᠠ ᠦᠭᠡ᠂ ᠬᠦᠨᠳᠤᠯᠡᠵᠤ ᠮᠡᠨᠳᠤᠯᠡᠬᠦ ᠶᠤᠰᠤ ᠵᠠᠩᠰᠢᠯ ᠨᠢ ᠮᠠᠨ ᠳᠤ ᠵᠦᠪ ᠰᠡᠳᠬᠢᠯ ᠵᠦᠪ ᠠᠵᠢᠯᠯᠠᠭ᠎ᠠ ᠲᠠᠢ ᠬᠦᠮᠦᠨ ᠪᠤᠯᠵᠤ ᠬᠦᠮᠦᠵᠢᠬᠦ ᠵᠠᠮ ᠢ ᠵᠢᠭᠠᠵᠤ ᠦᠭᠬᠦᠭᠰᠡᠨ ᠬᠡᠳᠡᠭ ᠢ ᠤᠯᠠᠮ ᠠᠴᠠ ᠤᠯᠠᠮ ᠮᠡᠳᠡᠷᠡᠵᠤ᠂ ᠦᠷ᠎ᠡ ᠬᠡᠤᠭᠡᠳ ᠲᠤ ᠪᠠᠨ ᠤᠯᠠᠮᠵᠢᠯᠠᠵᠤ ᠦᠭᠬᠦᠶ᠎ᠡ ᠬᠡᠵᠤ ᠯᠠ ᠪᠤᠳᠤᠨ᠎ᠠ᠃ ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ᠄   ᠲᠡᠷᠭᠡᠯ  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2