ᠰᠤᠷᠤᠬᠴᠢᠳ ᠤᠨ ᠲᠠᠷᠤᠭᠠᠰᠣ ᠶᠢ ᠬᠥᠩᠭᠡᠷᠡᠭᠦᠯᠬᠦ ᠠᠵᠢᠯ ᠡᠷᠴᠢᠮᠳᠡᠢ ᠶᠠᠪᠤᠬᠳᠠᠵᠦ ᠪᠠᠶᠢᠨ᠎ᠠ | ᠰᠣᠷᠭᠠᠨ ᠬᠥᠮᠥᠵᠢᠯ ᠤᠨ ᠶᠠᠮᠤᠨ ᠤ 21 ᠤ ᠡᠳᠣᠷ ᠤᠨ ᠨᠡᠶᠢᠳᠡᠯᠡᠭᠰᠡᠨ ᠢᠶᠠᠷ᠂ ᠰᠤᠷᠤᠬᠴᠢᠳ ᠤᠨ ︽ | ᠬᠤᠶᠠᠷ ᠲᠠᠯ᠎ᠠ ᠶᠢᠨ ᠲᠠᠷᠤᠭᠠᠰᠣ ᠶᠢ ᠬᠥᠩᠭᠡᠷᠡᠭᠦᠯᠬᠦ︾ ᠪᠤᠳᠤᠯᠭ᠎ᠠ ᠶᠢ ᠭᠡᠷᠡᠭᠵᠢᠬᠦᠯᠥᠭᠰᠡᠨ ᠠᠴᠠ ᠨᠠᠭᠠᠰᠢ᠂ ᠬᠢᠴᠢᠶᠠᠯ | ᠤᠨ ᠲᠢᠩᠬᠢᠮ ᠳᠤ ᠰᠤᠷᠭᠠᠯᠳᠡ ᠬᠢᠬᠦ ᠰᠤᠷᠭᠠᠭᠤᠯᠢ ᠶᠢᠨ ᠭᠠᠳᠠᠨᠠᠬᠢ ᠪᠤᠯᠪᠠᠰᠣᠷᠠᠯ ᠰᠤᠷᠭᠠᠯᠳᠡ ᠶᠢᠨ ᠭᠠᠵᠠᠷ ᠵᠠᠭᠤᠨ ᠤ | 83.8 ᠪᠠᠷ ᠪᠠᠭᠠᠰᠴᠣ᠂ ᠰᠥᠯᠵᠢᠶᠡᠨ ᠲᠡᠭᠡᠷ᠎ᠡ ᠰᠤᠷᠭᠠᠯᠳᠡ ᠬᠢᠬᠦ ᠰᠤᠷᠭᠠᠭᠤᠯᠢ ᠶᠢᠨ ᠭᠠᠳᠠᠨᠠᠬᠢ ᠪᠤᠯᠪᠠᠰᠣᠷᠠᠯ | ᠰᠤᠷᠭᠠᠯᠳᠡ ᠶᠢᠨ ᠭᠠᠵᠠᠷ ᠵᠠᠭᠤᠨ ᠤ 84.1 ᠪᠠᠷ ᠪᠠᠭᠠᠰᠴᠠᠢ᠃ ᠡᠭᠦᠨ ᠤ ᠵᠡᠷᠭᠡᠪᠡᠷ ᠰᠤᠷᠭᠠᠭᠤᠯᠢ ᠤᠨ ᠲᠤᠳᠤᠷᠠᠬᠢ | ᠬᠢᠴᠢᠶᠠᠯ ᠤᠨ ᠲᠠᠷᠤᠭᠠᠰᠣ ᠶᠢ ᠭᠦᠩᠭᠡᠷᠡᠭᠦᠯᠬᠦ ᠠᠵᠢᠯ ᠴᠤ ᠢᠯᠡᠷᠭᠡᠢ ᠥᠷ᠎ᠠ ᠪᠥᠳᠥᠮᠵᠢ ᠣᠯᠣᠬᠰᠠᠨ ᠪᠠᠶᠢᠨ᠎ᠠ᠃ | | ᠰᠣᠷᠭᠠᠨ ᠬᠥᠮᠥᠵᠢᠯ ᠤᠨ ᠶᠠᠮᠤᠨ ᠤ ᠬᠠᠮᠢᠶᠠᠳᠡᠢ ᠬᠠᠷᠢᠭᠤᠴᠠᠯᠭᠠᠳᠠᠨ ᠤ ᠲᠠᠨᠢᠯᠴᠠᠭᠤᠯᠤᠬᠰᠠᠨ ᠢᠶᠠᠷ᠂ | ᠬᠢᠴᠢᠶᠠᠯ ᠲᠥᠷᠥᠯ ᠤᠨ ᠪᠤᠯᠪᠠᠰᠣᠷᠠᠯ ᠢ ᠶᠡᠬᠡᠪᠡᠷ ᠪᠠᠭᠠᠰᠬᠠᠵᠦ᠂ ᠥᠯᠡᠳᠡᠭᠰᠡᠨ ᠪᠤᠯᠪᠠᠰᠣᠷᠠᠯ ᠰᠤᠷᠭᠠᠯᠳᠡ ᠶᠢᠨ ᠭᠠᠵᠠᠷ | ᠤᠨ ᠵᠠᠷᠢᠮ ᠢ ᠨᠢ ᠠᠰᠢᠭ ᠤᠷᠤᠯᠭ᠎ᠠ ᠶᠢᠨ ᠪᠤᠰᠤ ᠪᠠᠶᠢᠭᠤᠯᠤᠮᠵᠢ ᠪᠤᠯᠭᠠᠨ ᠬᠤᠪᠢᠷᠠᠭᠤᠯᠵᠦ᠂ ᠬᠤᠪᠢᠷᠠᠭᠤᠯᠬᠤ | ᠪᠤᠯᠤᠮᠵᠢ ᠦᠭᠡᠢ ᠪᠤᠯᠪᠠᠰᠣᠷᠠᠯ ᠰᠤᠷᠭᠠᠯᠳᠡᠵᠢᠨ ᠭᠠᠵᠠᠷ ᠢ ᠴᠢᠨᠠᠬᠰᠢᠳᠡ ᠵᠣᠬᠰᠣᠭᠠᠬᠤ ᠪᠤᠯᠤᠨ᠎ᠠ᠃ | ᠰᠤᠷᠭᠠᠨ ᠬᠥᠮᠥᠵᠢᠯ ᠤᠨ ᠶᠠᠮᠤᠨ ᠢᠯᠡᠷᠬᠡᠶᠢᠯᠡᠬᠦ ᠳᠡᠭᠡᠨ᠂ ᠳᠠᠷᠠᠭ᠎ᠠ ᠠᠯᠬᠤᠮ ᠳᠤ ᠰᠤᠷᠭᠠᠨ ᠬᠥᠮᠥᠵᠢᠯ ᠤᠨ ᠶᠠᠮᠤᠨ | ᠪᠤᠰᠤᠳ ᠰᠠᠯᠠᠭ᠎ᠠ ᠮᠥᠴᠢᠷ ᠲᠠᠢ ᠬᠠᠮᠳᠣᠷᠡᠵᠦ ᠪᠠᠶᠢᠭᠠᠳ ᠰᠤᠷᠭᠠᠭᠤᠯᠢ ᠶᠢᠨ ᠭᠠᠳᠠᠨᠠᠬᠢ ᠪᠤᠯᠪᠠᠰᠤᠷᠠᠯ ᠰᠤᠷᠭᠠᠯᠳᠡ | ᠶᠢᠨ ᠭᠠᠵᠠᠷ ᠢ ᠬᠢᠨᠠᠵᠦ ᠬᠠᠮᠢᠶᠠᠷᠬᠤ ᠵᠠᠰᠠᠭ ᠵᠠᠬᠢᠷᠭᠠᠨ ᠤ ᠬᠠᠣᠯᠢ ᠭᠡᠷᠡᠭᠵᠢᠬᠦᠯᠬᠦ ᠠᠵᠢᠯ ᠢ ᠠᠬᠢᠭᠤᠯᠬᠤ ᠪᠤᠯᠤᠨ᠎ᠠ | ᠭᠡᠵᠡᠢ᠃ | ᠢᠷᠡᠯᠲᠡ᠄ ᠬᠤᠯᠪᠤᠭ᠎ᠠ ᠪᠦᠷᠭᠡ | ᠳᠡᠪᠰᠢᠭᠦᠯᠦᠭᠴᠢ᠄ ᠲᠡᠷᠭᠡᠯ |