︽ᠴᠢᠩᠬᠢᠰ ᠤᠨ ᠦᠭᠡ ᠶᠢᠨ ᠲᠡᠭᠦᠪᠦᠷᠢ︾ | | | | | 1.ᠣᠯᠠᠨ ᠠᠶᠢᠮᠠᠭ᠂ ᠣᠮᠤᠭ ᠤᠨ ᠬᠦᠮᠦᠰ ᠴᠤᠬᠤᠮ ᠶᠠᠭᠤ ᠪᠣᠳᠣᠵᠤ ᠬᠦᠰᠡᠵᠦ ᠪᠠᠶᠢᠭ᠎ᠠ ᠶᠢ ᠣᠯᠵᠤ ᠮᠡᠳᠡᠬᠦ | ᠦᠭᠡᠢ ᠪᠠᠷ ᠲᠡᠳᠡᠨ ᠢ ᠲᠡᠷᠢᠭᠦᠯᠡᠨ ᠳᠠᠭᠠᠭᠤᠯᠤᠨ᠎ᠠ ᠭᠡᠵᠦ ᠦᠭᠡᠢ᠃ | 2.ᠬᠠᠮᠢᠭ᠎ᠠ ᠬᠡᠵᠢᠶ᠎ᠡ ᠴᠦ ᠠᠯᠢᠪᠠ ᠦᠢᠯᠡᠰ ᠲᠤ ᠵᠢᠳᠭᠦᠭᠰᠡᠨ ᠨᠢ ᠪᠦᠲᠦᠨ᠎ᠡ᠂ ᠠᠯᠭᠤᠷᠯᠠᠭᠰᠠᠨ ᠨᠢ ᠠᠯᠳᠠᠭᠳᠠᠨ᠎ᠠ᠃ | 3.ᠠᠯᠢᠪᠠ ᠬᠦᠮᠦᠰ ᠤᠨ ᠪᠡᠶ᠎ᠡ ᠶᠢ ᠨᠢ ᠡᠵᠡᠯᠡᠬᠦ ᠭᠡᠵᠦ ᠪᠦᠦ ᠶᠠᠭᠠᠷᠠ᠂ ᠰᠡᠳᠭᠢᠯ ᠢ ᠨᠢ ᠡᠵᠡᠯᠡᠬᠦ ᠶᠢ ᠶᠠᠭᠠᠷᠠ᠂ | ᠰᠡᠳᠭᠢᠯ ᠢ ᠡᠵᠡᠯᠡᠪᠡᠰᠦ ᠪᠡᠶ᠎ᠡ ᠬᠠᠮᠢᠭᠠᠰᠢ ᠬᠤᠯᠠᠳᠬᠤ ᠠᠵᠢ᠃ | 4.ᠦᠨᠳᠦᠷ ᠠᠭᠤᠯᠠ ᠶᠢ ᠵᠣᠷᠢ᠂ ᠦᠷᠭᠡᠨ ᠳᠠᠯᠠᠢ ᠳᠤ ᠭᠠᠷ︕ ᠬᠤᠯᠠ ᠭᠡᠮᠡᠨ ᠪᠦᠦ ᠰᠢᠨᠲᠠᠷᠠ᠂ ᠶᠠᠪᠤᠪᠠᠰᠤ | ᠬᠦᠷᠦᠨ᠎ᠡ᠃ ᠶᠡᠭᠡ ᠭᠡᠮᠡᠨ ᠪᠦᠦ ᠰᠠᠨᠳᠤᠷ᠂ ᠣᠷᠣᠯᠳᠤᠪᠠᠰᠤ ᠭᠠᠲᠤᠯᠤᠨ᠎ᠠ᠃ | 5.ᠲᠥᠷᠦ ᠶᠢᠨ ᠬᠡᠷᠡᠭ ᠲᠤ ᠪᠡᠶ᠎ᠡ ᠪᠦᠬᠡ ᠪᠦᠬᠡᠰᠦ ᠭᠠᠭᠴᠠ ᠶᠢ ᠢᠯᠠᠨ᠎ᠠ᠃ ᠰᠡᠳᠭᠢᠯ ᠪᠦᠬᠡ ᠪᠦᠬᠡᠰᠦ ᠪᠦᠭᠦᠳᠡ ᠶᠢ | ᠢᠯᠠᠨ᠎ᠠ᠃ | 6.ᠲᠥᠷᠦ ᠤᠯᠤᠰ ᠤᠨ ᠬᠠᠭᠠᠨ ᠪᠣᠯ ᠶᠡᠷᠦ ᠶᠢᠨ ᠵᠡᠷᠭᠡ ᠬᠡᠷᠬᠢᠮ ᠲᠠᠢ ᠠᠳᠠᠯᠢ ᠦᠭᠡᠢ ᠲᠤᠯᠠ ᠡᠩ ᠤᠨ ᠨᠢᠭᠡ ᠬᠡᠯᠡᠵᠦ | ᠂ ᠬᠡᠯᠡᠭᠳᠡᠵᠦ ᠶᠠᠭᠠᠬᠢᠨ ᠪᠣᠯᠣᠨ᠎ᠠ᠂ ᠣᠯᠠᠨ ᠤ ᠰᠡᠳᠭᠢᠯ ᠲᠡᠭᠦᠨ ᠢ ᠬᠠᠭᠠᠨ ᠮᠡᠲᠦ ᠦᠵᠡᠵᠦ ᠪᠠᠶᠢᠪᠠᠯ ᠲᠡᠷᠡ ᠬᠠᠭᠠᠨ | ᠮᠦᠨ᠃ | 7. ᠬᠡᠷᠪᠡ ᠲᠡᠷᠢᠭᠦᠨ ᠪᠣᠯᠴᠢᠬᠠᠭᠠᠳ ᠬᠠᠭᠠᠨ ᠤ ᠶᠠᠪᠤᠳᠠᠯ ᠢᠶᠠᠷ ᠶᠠᠪᠤᠵᠤ ᠡᠰᠡ ᠬᠠᠭᠠᠨ ᠪᠣᠯᠵᠤ ᠶᠠᠭᠤ ᠬᠢᠨ᠎ᠡ᠂ | ᠲᠥᠮᠡᠨ ᠤ ᠰᠢᠪᠰᠢᠭ᠃ | 8.ᠮᠡᠬᠦᠶᠢᠨ ᠪᠠᠶᠠᠰᠬᠤ ᠨᠢ ᠡᠨᠡ ᠳᠡᠯᠡᠬᠡᠢ ᠳᠠᠬᠢᠨ ᠨᠢᠭᠡᠨ ᠭᠡᠷ ᠪᠦᠯᠢ ︵ᠮᠡᠲᠦ︶ ᠪᠣᠯᠵᠤ᠂ ᠲᠥᠪ ᠲᠥᠪᠰᠢᠨ ᠡᠩᠬᠡ | ᠠᠮᠤᠭᠤᠯᠠᠩ ᠪᠣᠯᠪᠠᠰᠤ ᠰᠠᠶ᠋ᠢ ᠮᠢᠨᠤ ᠪᠠᠶᠠᠰᠤᠯ ᠢᠷᠡᠨ᠎ᠡ᠂ ᠡᠷᠭᠢᠨ ᠲᠣᠭᠤᠷᠢᠨ ᠶᠣᠰᠣ ᠪᠣᠰᠤ ᠣᠯᠠᠨ ᠬᠠᠭᠠᠳ ᠪᠠᠶᠢᠨ᠎ᠠ | ᠂ ᠲᠡᠳᠡ ᠡᠷᠬᠡ ᠳᠤᠷ᠎ᠠ ᠪᠠᠷ ᠢᠶᠠᠨ ᠠᠭᠠᠰᠢᠯᠠᠨ᠂ ᠣᠯᠠᠨ ᠠᠮᠢᠲᠠᠨ ᠢ ᠶᠡᠭᠡ ᠵᠣᠪᠠᠭᠠᠵᠤᠮ᠃ ᠦᠷᠭᠦᠯᠵᠢ ᠪᠠᠶᠢᠯᠳᠤᠭᠠᠨ | ᠡᠭᠦᠰᠭᠡᠵᠦ᠂ ᠬᠦᠮᠦᠨ ᠤ ᠦᠬᠦᠬᠦ ᠶᠢ ᠡᠯᠡᠰᠦ ᠬᠡᠶᠢᠰᠭᠡᠬᠦ ᠲᠠᠢ ᠠᠳᠠᠯᠢ ᠪᠣᠯᠵᠠᠢ᠃ ᠡᠶᠢᠮᠦ ᠠᠴᠠ ᠪᠢ ᠲᠡᠳᠡᠨ ᠢ | ᠨᠣᠮᠣᠬᠠᠷᠠᠭᠤᠯᠵᠤ ᠳᠡᠯᠡᠬᠡᠢ ᠨᠡᠶᠢᠲᠡ ᠪᠠᠷ ᠡᠩᠬᠡ ᠲᠥᠪᠰᠢᠨ ᠪᠣᠯᠭᠠᠬᠤ ᠪᠣᠳᠣᠯ ᠲᠠᠢ ᠪᠠᠶᠢᠨ᠎ᠠ᠃ ᠡᠭᠦᠨ ᠢ ᠬᠢᠵᠦ | ᠴᠢᠳᠠᠪᠠᠯ ᠳᠡᠭᠡᠳᠦ ᠲᠡᠭᠷᠢ ᠳᠤ ᠭᠠᠪᠢᠶ᠎ᠠ ᠲᠠᠢ᠃᠂ ᠳᠣᠣᠷᠠᠳᠤ ᠬᠦᠮᠦᠨ ᠳᠤ ᠥᠷᠦᠰᠢᠶᠡᠯ ᠪᠣᠯᠬᠤ ᠪᠢᠯᠡ᠃ | 9.ᠬᠤᠣᠷᠲᠠᠨ ᠮᠠᠭᠤ ᠶᠢ ᠰᠠᠶᠢᠲᠤᠷ ᠵᠠᠰᠠᠵᠤ᠂ ᠬᠤᠲᠠᠯᠠ ᠤᠯᠤᠰ ᠢ ᠢᠮᠠᠭᠲᠠ ᠬᠠᠮᠠᠭᠠᠯᠠᠭᠲᠤᠨ᠃ | 10.ᠴᠢᠬᠢᠷᠠᠭ ᠡᠵᠡᠨ᠂ ᠴᠢᠳᠠᠪᠤᠷᠢᠲᠠᠢ ᠰᠠᠶᠢᠳ ᠪᠣᠯ ᠤᠯᠤᠰ ᠢ ᠪᠠᠶᠢᠭᠤᠯᠬᠤ ᠡᠷᠳᠡᠨᠢ᠂ ᠴᠢᠩᠭ᠎ᠠ ᠴᠢᠩᠳᠠ ᠴᠡᠷᠢᠭ᠂ | ᠴᠢᠭᠡᠴᠢ ᠴᠢᠳᠠᠯ ᠲᠠᠢ ᠵᠠᠩᠵᠤᠨ ᠴᠢᠨᠠᠲᠤ ᠶᠢ ᠳᠡᠶᠢᠯᠬᠦ ᠶᠢᠨ ᠦᠨᠳᠦᠰᠦ᠃ | 11.ᠠᠤᠭ᠎ᠠ ᠬᠦᠴᠦ ᠪᠠᠨ ᠶᠡᠬᠡᠳᠭᠡᠶᠡ ᠭᠡᠪᠡᠯ ᠠᠷᠠᠳ ᠴᠡᠷᠢᠭ ᠢᠶᠠᠨ ᠠᠪᠤᠷᠠ᠂ ᠠᠮᠤᠷ ᠵᠢᠮ ᠰᠠᠭᠤᠶ᠎ᠠ ᠭᠡᠪᠡᠯ ᠡᠪ | ᠡᠶ᠎ᠡ ᠪᠠᠨ ᠬᠢᠴᠢᠶᠡ᠃ | 12. ᠬᠠᠷᠢ ᠶᠢᠨ ᠭᠠᠵᠠᠷ ᠠᠷᠭ᠎ᠠ ᠴᠢᠳᠠᠯ ᠢᠶᠠᠨ ᠪᠠᠬᠢᠯᠡᠵᠦ᠂ ᠬᠠᠯᠠᠭᠤᠨ ᠵᠠᠭᠤᠷ᠎ᠠ ᠪᠠᠨ ᠡᠶ᠎ᠡ ᠨᠠᠶᠢᠷ ᠢ ᠬᠢᠴᠢᠶᠡᠵᠦ | ᠶᠠᠪᠤ᠂ ᠡᠪ ᠨᠠᠶᠢᠷᠠᠮᠳᠠᠯ ᠠᠴᠠ ᠢᠯᠡᠭᠦᠦ ᠬᠦᠴᠦ ᠡᠨᠡ ᠳᠡᠯᠡᠬᠡᠢ ᠳᠤ ᠦᠭᠡᠢ᠃ | 13.ᠠᠯᠲᠠᠨ ᠪᠡᠶ᠎ᠡ ᠠᠮᠤᠰᠬᠢᠪᠠᠰᠤ ᠠᠬᠤᠢ ᠲᠥᠷᠦ ᠮᠢᠨᠢ ᠠᠯᠳᠠᠷᠠᠭᠤᠵᠠᠢ᠃ ᠪᠦᠲᠦᠨ ᠪᠡᠶ᠎ᠡ ᠠᠮᠤᠰᠬᠢᠪᠠᠰᠤ ᠪᠦᠷᠢᠨ | ᠤᠯᠤᠰ ᠮᠢᠨᠢ ᠰᠠᠲᠠᠷᠠᠭᠤᠵᠠᠢ᠃ ᠠᠯᠲᠠᠨ ᠪᠡᠶ᠎ᠡ ᠠᠯᠵᠢᠶᠠᠪᠠᠯ ᠠᠯᠵᠢᠶᠠᠲᠤᠭᠠᠢ᠃ ᠠᠬᠤᠢ ᠲᠥᠷᠦ ᠮᠢᠨᠢ ᠪᠦᠦ | ᠠᠯᠳᠠᠷᠲᠤᠭᠠᠢ᠃ ᠪᠦᠲᠦᠨ ᠪᠡᠶ᠎ᠡ ᠮᠢᠨᠢ ᠵᠣᠪᠠᠪᠠᠰᠤ ᠵᠣᠪᠠᠲᠤᠭᠠᠢ᠂ ᠪᠦᠷᠢᠨ ᠤᠯᠤᠰ ᠮᠢᠨᠢ ᠪᠦᠦ ᠰᠠᠨᠳᠤᠷᠲᠤᠭᠠᠢ᠃ | 14. ᠪᠡᠶ᠎ᠡ ᠪᠠᠭᠠᠲᠤᠷ ᠪᠣᠯᠪᠠᠰᠤ ᠨᠢᠭᠡᠨ ᠦᠶ᠎ᠡ ᠶᠢᠨ ᠪᠠᠭᠠᠲᠤᠷ᠂ ᠪᠢᠯᠢᠭ ᠪᠠᠭᠠᠲᠤᠷ ᠪᠣᠯᠪᠠᠰᠤ ᠲᠥᠮᠡᠨ ᠦᠶ᠎ᠡ ᠶᠢᠨ | ᠪᠠᠭᠠᠲᠤᠷ ᠪᠤᠶᠤ᠃ | 15. ᠡᠮᠡᠭᠡᠯ ᠶᠡᠬᠡᠳᠡᠪᠡᠯ ᠲᠣᠬᠤᠭᠰᠠᠨ ᠮᠣᠷᠢᠨ ᠳᠤ ᠵᠣᠪᠠᠯᠠᠩ ᠪᠣᠯᠣᠨ᠎ᠠ᠂ ᠶᠠᠩᠵᠤ ᠶᠡᠬᠡᠳᠡᠪᠡᠯ ᠤᠯᠤᠰ ᠤᠨ ᠲᠣᠲᠣᠷ᠎ᠠ | ᠵᠦᠳᠡᠭᠦᠷᠢ ᠪᠣᠯᠣᠨ᠎ᠠ᠃ ᠡᠷᠬᠢᠮ ᠶᠡᠬᠡᠳᠡᠪᠡᠯ ᠬᠦᠮᠦᠨ ᠤ ᠰᠡᠳᠭᠢᠯ ᠣᠰᠣᠯᠳᠠᠬᠤ ᠪᠣᠯᠣᠨ᠎ᠠ᠃ ᠡᠶᠢᠮᠦ ᠠᠴᠠ | ᠬᠤᠭᠤᠰᠣᠨ ᠰᠦᠷ᠂ ᠢᠯᠡᠭᠦᠦ ᠶᠠᠩᠵᠤ ᠮᠠᠶ᠋ᠢᠭ ᠶᠣᠰᠣᠯᠠᠯ ᠤᠨ ᠬᠡᠷᠡᠭ ᠭᠡᠵᠦ ᠦᠭᠡᠢ᠃ | 16. ᠬᠡᠲᠦᠷᠬᠡᠢ ᠶᠡᠭᠡ ᠶᠣᠰᠣᠯᠠᠯ ᠡᠭᠡᠯ ᠠᠷᠠᠳ ᠲᠤ ᠴᠢᠷᠦᠭᠳᠡᠯ ᠤᠴᠠᠷᠠᠭᠤᠯᠵᠤ᠂ ᠳᠡᠪᠡᠯ ᠭᠤᠶᠣᠯᠠᠯ ᠶᠡᠬᠡᠳᠡᠪᠡᠯ | ᠡᠮᠦᠰᠦᠭᠰᠡᠨ ᠬᠦᠮᠦᠨ ᠳᠤ ᠢᠯᠡᠭᠦᠦ ᠠᠴᠢᠶ᠎ᠠ ᠪᠣᠯᠬᠤ ᠲᠠᠢ ᠠᠳᠠᠯᠢ ᠶᠣᠰᠤ ᠶᠤ᠋᠃ | 17.ᠲᠥᠷᠦ ᠶᠢᠨ ᠬᠡᠷᠡᠭ ᠲᠤ ᠬᠤᠭᠤᠰᠤᠨ ᠬᠤᠳᠠᠯ ᠶᠣᠰᠤ ᠲᠥᠷᠢᠮ ᠬᠡᠲᠦᠷᠡᠭᠰᠡᠨ ᠠᠴᠠ ᠠᠷᠠᠳ ᠢᠷᠭᠡᠳ ᠨᠢ ᠡᠵᠡᠨ | ᠳᠡᠭᠡᠳᠦᠰ ᠯᠦᠭᠡ ᠨᠡᠪᠲᠡᠷᠡᠵᠦ ᠴᠢᠳᠠᠬᠤ ᠦᠭᠡᠢ ᠪᠣᠯᠵᠤ᠂ ᠵᠠᠯᠢᠬᠠᠢ ᠰᠠᠶᠢᠳ ᠲᠦᠰᠢᠮᠡᠳ ᠨᠢ ᠵᠠᠪᠰᠠᠷ ᠲᠤ ᠨᠢ | ᠵᠠᠪᠰᠢᠵᠤ᠂ ᠲᠥᠷᠦ ᠤᠯᠤᠰ ᠢ ᠪᠤᠰᠠᠨᠢᠭᠤᠯᠤᠨ᠎ᠠ᠃ | 18.ᠵᠢᠳᠭᠦᠯ ᠲᠡᠮᠡᠴᠡᠯ ᠢ ᠦᠨᠡᠯᠡᠵᠦ ᠮᠡᠳᠡᠬᠦ ᠦᠭᠡᠢ ᠬᠠᠷᠠᠩᠭᠤᠢ ᠡᠵᠡᠨ ᠤ ᠡᠮᠦᠨ᠎ᠡ ᠪᠥᠬᠦᠶᠢᠬᠦ ᠬᠡᠷᠡᠭ ᠦᠭᠡᠢ᠃ | 19.ᠵᠦᠪ ᠢ ᠪᠠᠷᠢᠮᠲᠠᠯᠠᠵᠤ᠂ ᠦᠨᠡᠨ ᠢ ᠳᠡᠮᠵᠢᠨ᠂ ᠲᠥᠷᠦ ᠤᠯᠤᠰ ᠢ ᠵᠠᠰᠠᠬᠤ ᠶᠢᠨ ᠲᠦᠯᠦᠭᠡ ᠲᠡᠮᠡᠴᠡᠭᠴᠢ ᠰᠠᠶᠢᠨ | ᠬᠦᠮᠦᠨ ᠬᠠᠷᠠᠩᠭᠤᠢ ᠮᠠᠭᠤ ᠡᠵᠡᠨ ᠲᠠᠢ ᠪᠣᠯ ᠳᠠᠩᠴᠤ ᠬᠠᠶᠢᠷᠠᠨ ᠪᠣᠯᠣᠨ᠎ᠠ᠃ | 20.ᠬᠡᠷᠪᠡ ᠨᠢᠭᠤᠷ ᠳᠡᠭᠡᠷ᠎ᠡ ᠳᠠᠭᠠᠭᠰᠠᠨ ᠳᠥᠷᠢ ᠦᠵᠡᠭᠦᠯᠵᠦ᠂ ᠲᠣᠲᠣᠷ᠎ᠠ ᠪᠠᠨ ᠡᠰᠡᠷᠭᠦᠴᠡᠳᠡᠭ ᠬᠦᠮᠦᠨ᠂ | ᠤᠰᠤᠨ ᠳᠤ ᠬᠠᠶᠠᠭᠰᠠᠨ ᠴᠢᠯᠠᠭᠤ᠂ ᠡᠪᠡᠰᠦᠨ ᠳᠤ ᠲᠤᠰᠤᠭᠰᠠᠨ ᠰᠤᠮᠤᠨ ᠤ ᠠᠳᠠᠯᠢ ᠲᠤᠯᠠ ᠲᠡᠶᠢᠮᠦ ᠬᠦᠮᠦᠨ ᠢᠶᠠᠷ | ᠵᠠᠬᠢᠷᠤᠭᠴᠢ ᠲᠠᠯᠪᠢᠵᠤ᠂ ᠣᠯᠠᠨ ᠤ ᠳᠡᠭᠡᠷ᠎ᠡ ᠭᠠᠷᠭᠠᠵᠤ ᠪᠣᠯᠬᠤ ᠦᠭᠡᠢ᠃ | 21.ᠭᠡᠷ ᠢᠶᠠᠨ ᠵᠠᠰᠠᠵᠤ ᠴᠢᠳᠠᠭᠰᠠᠳ ᠤᠯᠤᠰ ᠢᠶᠠᠨ ᠵᠠᠰᠠᠵᠤ ᠴᠢᠳᠠᠨ᠎ᠠ᠂ ᠥᠪᠡᠷ ᠢ ᠪᠠᠨ ᠵᠠᠬᠢᠷᠴᠤ ᠴᠢᠳᠠᠳᠠᠭ ᠦᠭᠡᠢ | ᠬᠦᠮᠦᠨ ᠪᠣᠰᠣᠳ ᠢ ᠵᠠᠬᠢᠷᠴᠤ ᠴᠢᠳᠠᠬᠤ ᠦᠭᠡᠢ᠃ | 22.ᠰᠠᠷᠠᠭᠤᠯ ᠤᠬᠠᠭᠠᠨ ᠠᠴᠠ ᠢᠯᠡᠭᠦᠦ ᠰᠠᠶᠢᠨ ᠨᠦᠬᠦᠷ ᠪᠠᠶᠢᠳᠠᠭ ᠦᠭᠡᠢ᠂ ᠮᠤᠩᠬᠠᠭ ᠬᠢᠯᠢᠩ ᠠᠴᠠ ᠢᠯᠡᠭᠦᠦ | ᠮᠠᠭᠤ ᠳᠠᠶᠢᠰᠤᠨ ᠪᠠᠶᠢᠳᠠᠭ ᠦᠭᠡᠢ᠃ | 23.ᠬᠠᠶᠢᠷᠠᠯᠠᠬᠤ ᠶᠠᠭᠤᠮ᠎ᠠ ᠣᠯᠠᠨ ᠪᠣᠯᠪᠠᠴᠤ ᠬᠠᠯᠠᠭᠤᠨ ᠠᠮᠢ ᠶᠢ ᠬᠠᠮᠤᠭ ᠠᠴᠠ ᠢᠯᠡᠭᠦᠦ ᠬᠠᠶᠢᠷᠠᠯᠠ᠃ | 24.ᠬᠠᠲᠠᠭᠤᠵᠢᠵᠤ ᠶᠠᠪᠤᠪᠠᠯ ᠬᠠᠮᠤᠭ ᠠᠴᠠ ᠲᠤᠰᠠᠲᠠᠢ᠂ ᠠᠷᠢᠭᠤᠨ ᠶᠠᠪᠤᠪᠠᠯ ᠠᠰᠢᠳᠠ ᠲᠤᠰᠠᠲᠠᠢ᠃ | 25.ᠶᠠᠳᠠᠷᠠᠵᠤ ᠶᠠᠪᠤᠬᠤ ᠳᠤ ᠠᠰᠠᠷᠠᠵᠤ ᠲᠡᠳᠬᠦᠭᠰᠡᠨ᠂ ᠠᠪᠤᠷᠠᠵᠤ ᠦᠰᠭᠡᠭᠰᠡᠨ ᠬᠦᠮᠦᠨ ᠠᠴᠠ ᠶᠠᠭᠤ ᠪᠦᠬᠦᠨ ᠢᠶᠠᠨ | ᠴᠦ ᠪᠢᠲᠡᠬᠡᠢ ᠬᠠᠷᠠᠮᠯᠠ᠂ ᠪᠢᠲᠡᠬᠡᠢ ᠬᠠᠶᠢᠷᠠᠯᠠ᠃ | 26.ᠰᠢᠯᠤᠭᠤᠨ ᠰᠢᠳᠤᠷᠭᠤ᠂ ᠰᠡᠴᠡᠨ ᠤᠬᠠᠭᠠᠨ ᠲᠠᠢ᠂ ᠴᠢᠳᠠᠯ ᠡᠷᠳᠡᠮ ᠲᠠᠢ ᠶᠢ ᠬᠦᠨᠳᠦᠯᠡᠵᠦ ᠪᠠᠢ᠃ | ᠢᠷᠡᠯᠲᠡ᠄ ᠬᠤᠯᠪᠤᠭ᠎ᠠ ᠪᠦᠷᠭᠡ | ᠳᠡᠪᠰᠢᠭᠦᠯᠦᠭᠴᠢ᠄ ᠲᠡᠷᠭᠡᠯ | |