ᠠᠷᠭᠠᠯᠴᠢᠨ ᠡᠵᠢ ᠶᠢᠨ ᠲᠤᠤᠯᠢ
ᠨᠡᠶᠢᠲᠡᠯᠡᠭᠰᠡᠨ ᠴᠠᠭ᠄
2024/4/22
      ᠠᠷᠭᠠᠯᠴᠢᠨ ᠡᠵᠢ ᠶᠢᠨ ᠲᠤᠤᠯᠢ                                    —  ᠠᠷᠭᠠᠯ ᠤᠯᠳᠠᠪᠠᠯ ᠲᠡᠭᠦᠵᠦ ᠪᠠᠢ                                         ᠵᠢᠷᠭᠠᠯ ᠪᠠᠶᠢᠪᠠᠯ ᠡᠳ᠋ᠯᠡᠵᠦ ᠪᠠᠢ                                            ᠷᠢᠨ᠊᠂  ᠰᠤᠤᠨᠨᠠᠮ ︿︿ ᠳᠦᠷᠪᠡᠨ ᠬᠡᠦᠬᠡᠦᠨ﹀﹀  ※   ᠤᠨ ᠳᠤᠮᠤᠭ   ᠲᠠᠢ ᠳᠦᠷᠪᠡᠦᠨ ᠨᠤᠳᠤᠭ ᠤᠨ ᠬᠢᠵᠠᠭᠠᠷ   ᠪᠠᠷ ᠲᠦᠷᠦᠭᠡ  ᠵᠢᠬᠡᠶᠢᠨ  ᠰᠤᠷᠪᠤᠯᠵᠢᠯᠠᠵᠦ ᠶᠠᠪᠤᠲᠠᠯ᠎ᠠ ᠵᠢᠷᠤᠭ ᠰᠢᠭ  ᠡᠨᠡ ᠨᠤᠳᠤᠭ ᠤᠰᠤᠨ ᠤ ᠬᠦᠷᠦᠭ ᠰᠢᠲᠦᠭᠡᠨ ᠨᠢ ᠴᠤ ᠶᠤᠮ ᠤᠤ ᠭᠡᠮᠡᠷ ᠠᠷᠤᠭ ᠳᠦᠷᠪᠡᠯᠵᠢ ※  ᠲᠡᠩᠨᠡᠭᠰᠡᠨ ᠠᠴᠢᠶ᠎ᠠ  ᠬᠦᠰᠭᠡ ᠶᠢᠨ ᠪᠠᠷ᠎ᠠ ᠬᠠᠷᠠᠭᠰᠠᠨ ᠶᠤᠮ ᠠᠵᠢᠭᠴᠢ ᠰᠤᠨᠢᠭᠤᠴᠢ ᠵᠠᠩ ᠠᠴᠠ ᠪᠠᠨ ᠪᠤᠯᠵᠤ ᠠᠮᠳᠠᠵᠤ ᠲᠤᠰᠤᠭᠠᠤᠨ ᠤᠴᠢᠭᠰᠠᠨ ᠮᠢᠨᠢ ᠠᠵᠠ ᠲᠠᠢ ᠰᠠᠶᠢᠬᠠᠨ ᠤᠴᠠᠷᠠᠯ ᠪᠤᠯᠤᠭᠰᠨ ᠶᠤᠮ︕ ᠬᠦᠯᠢᠭᠰᠡᠨ ᠦᠳᠡᠭᠡᠷᠢ ᠨᠢ ᠬᠦᠷᠳᠡᠯ᠎ᠡ ᠨᠢᠮᠭᠡᠷᠡᠭᠰᠡᠨ ᠬᠤᠯᠤᠰᠤᠨ ᠰᠠᠪᠠᠷ   ᠢᠶᠠᠨ ᠡᠯᠡᠲᠡᠯ᠎ᠡ ᠬᠤᠷ᠎ᠠ ᠤᠯᠠᠭᠠᠨ ᠠᠷᠭᠠᠯ ᠲᠡᠭᠦᠵᠦ ᠬᠤᠯᠠ ᠰᠢᠷᠭᠠᠯ  ᠴᠠᠢ  ᠴᠢᠨᠠᠭᠠᠤᠨ ᠨᠢᠩᠵᠢᠨ ᠰᠡᠦᠨᠬᠢᠯ   ᠲᠡᠭᠡᠨ ᠬᠦᠲᠦᠯᠦᠭᠳᠡᠨ ᠨᠡᠭᠦᠳᠡᠯ ᠲᠤᠰᠤᠭᠠᠤᠨ ᠭᠦᠶᠦᠳᠡᠭ ᠲᠠᠯ᠎ᠠ ᠶᠢᠨ ᠢᠶᠠᠨ ᠢᠪᠡᠭᠡᠯ ᠳᠤ ᠪᠠᠭᠲᠠᠵᠤ ᠮᠠᠯ ᠤᠨ ᠢᠶᠠᠨ ᠪᠤᠶᠠᠨ ᠢᠶᠠᠷ  ᠠᠵᠠ ᠲᠦᠷᠦᠳᠡᠭ ᠡᠷᠲᠡᠨ ᠤ ᠨᠦᠮᠦᠵᠢᠭᠲᠦ  ᠦᠪ ᠰᠤᠶᠤᠯ ᠢᠶᠠᠨ ᠡᠳᠦᠭᠡ ᠳᠤ ᠬᠦᠷᠲᠡᠯ᠎ᠡ  ᠤᠯᠠᠮᠵᠢᠯᠠᠵᠦ ᠶᠠᠪᠤᠭ᠎ᠠ ᠰᠠᠨᠰᠠᠷ   ᠤᠨ ᠬᠦᠯᠭᠡ  ※   ᠶᠢᠨ ᠦᠯᠦᠭᠡᠢ ᠰᠠᠷᠠᠭᠤᠯ ᠭᠤᠪᠢ ᠶᠢᠨ ᠮᠠᠯᠴᠢᠨ ᠰᠠᠨᠴᠢᠭ ᠪᠤᠭᠤᠷᠤᠯ ᠨᠠᠰᠣᠲᠠᠨ ᠲᠠᠢ ᠰᠠᠶᠢᠨ ᠤᠤ᠂  ᠮᠡᠨᠳᠤ ᠤᠤ  ᠭᠡᠮᠡᠨ ᠵᠤᠯᠭᠠᠭᠰᠠᠨ ᠶᠤᠮ︕ ᠠᠷᠭᠠᠯ ᠬᠤᠷᠭᠤᠯ ᠭᠡᠳᠡᠭ ᠴᠢᠨᠢ ᠠᠴᠢᠲᠠᠢ ᠨᠤᠳᠤᠭ ᠤᠨ ᠮᠢᠨᠢ ᠭᠠᠷᠤᠯᠲᠠ ᠳ᠋ᠠ ᠬᠦᠷᠢᠶ᠎ᠡ ᠠᠷᠪᠢᠳᠤᠭᠰᠠᠨ ᠦᠨᠦᠳᠤᠷ ᠬᠡᠭᠡᠷ᠎ᠡ ᠠᠴᠠ ᠤᠯᠳᠠᠬᠤ ᠪᠤᠯᠪᠠᠤ  ᠳ᠋ᠠ ᠭᠡᠬᠦ ᠳᠤ ᠬᠦᠮᠦᠨ ᠤ ᠦᠪᠡᠷ ᠤᠨ ᠠᠯᠳᠠᠭᠤᠯ  ᠤᠳ ᠬᠢᠯᠢ ᠶᠢᠨ ᠪᠡᠯᠴᠢᠭᠡᠷ ᠲᠠᠶᠢᠪᠤᠩ ᠭᠡᠬᠦ‍ ᠰᠢᠭ ᠬᠦᠭᠡᠭᠡᠦᠨ ᠴᠤ ᠶᠠᠪᠤᠬᠤ ᠦᠭᠡᠢ  ᠲᠤᠭᠲᠠᠭᠠᠤᠨ  ᠪᠠᠶᠢᠳᠠᠭ ᠶᠤᠮ ᠬᠦᠰᠡᠷ ᠳᠦᠬᠦᠷᠡᠭ ᠠᠷᠭᠠᠯ ᠢ ᠨᠢ ᠲᠡᠭᠦᠭᠦ ᠦᠭᠡᠢ ᠪᠤᠯ ᠬᠠᠶᠢᠷᠠᠨ ᠶᠤᠮ ᠲᠡᠩᠬᠡᠬᠡ ᠲᠠᠮᠢᠷ ᠢᠶᠠᠷ  ᠲᠠᠭᠠᠷᠤᠤᠬᠠᠨ ᠴᠦ ᠬᠦᠳᠡᠯᠵᠦ ᠪᠠᠶᠢᠬᠤ ᠨᠢ ᠳᠡᠭᠡᠷ᠎ᠡ ᠶᠤᠮ ᠲᠡᠭᠡᠭᠡᠦᠨ ᠡᠵᠢ ᠨᠢ   ᠬᠠᠶᠠ ᠢᠩᠭᠢᠵᠦ ᠲᠡᠭᠷᠢ ᠶᠢᠨ ᠰᠠᠶᠢᠬᠠᠨ ᠳᠤ ᠭᠠᠷᠴᠤ ᠢᠷᠡᠭᠡᠦᠨ ᠳᠠᠯᠠᠩ ᠳᠠᠯᠠᠩ ᠢᠶᠠᠷ ᠠᠷᠭᠠᠯ ᠲᠡᠭᠦᠭᠦ ᠳᠡᠭᠡᠨ ᠳᠠᠯᠠᠢ  ᠬᠡᠰᠢᠭᠲᠦ ᠮᠠᠯ ᠤᠨ ᠢᠶᠠᠨ ᠪᠤᠶᠠᠨ ᠢ ᠬᠤᠷᠢᠶᠠᠯ᠎ᠠ ᠭᠡᠵᠦ ᠪᠤᠳᠤᠳᠠᠭ ᠡ ᠭᠡᠰᠡᠨ ᠦᠭᠡᠨᠴᠢᠷ  ᠡᠨᠡ ᠨᠠᠰᠤᠲᠠᠨ ᠢ ᠪᠢ ᠦᠪᠡᠷ ᠤᠨ ᠡᠷᠬᠡ ᠦᠭᠡᠢ ᠪᠢᠰᠢᠷᠡᠭᠰᠡᠨ ᠶᠤᠮ︕ ᠬᠤᠷᠤᠭ᠎ᠠ ᠬᠦᠷᠢᠶ᠎ᠡ ᠨᠢ  ᠴᠡᠪᠡᠷ ᠴᠡᠮᠴᠡᠭᠡᠷ ᠬᠤᠲᠠᠨ ᠳᠠᠬᠢ ᠮᠠᠯ ᠨᠢ ᠨᠢᠷᠤᠭᠤ ᠲᠡᠨᠢᠭᠡᠷ ᠭᠡᠷ ᠤᠷᠤᠨ ᠨᠢ ᠭᠡᠭᠡᠨᠴᠢᠷ ᠲᠤᠩᠭᠠᠯᠠᠭ ᠭᠡᠷ   ᠤᠨ  ᠬᠦᠮᠦᠰ ᠨᠢ  ᠬᠠᠯᠠᠭᠤᠮᠰᠤᠭ  ᠳᠤᠲᠤᠨᠤ ᠬᠠᠨᠠᠭᠠᠷ ᠴᠡᠮᠴᠡᠭᠡᠷ  ᠬᠤᠲᠠ ᠤᠰᠤᠨ ᠭᠡᠵᠡᠢ ᠡ ᠬᠠᠭᠠᠨ ᠤ ᠤᠷᠳᠤᠨ ᠰᠢᠭ  ᠨᠠᠯᠠᠭᠠᠷ ᠠᠷᠪᠠ ᠬᠤᠷᠢ   ᠪᠠᠷ ᠮᠦᠷᠯᠡᠭᠦᠯᠦᠨ ᠬᠤᠷᠢᠶᠠᠭᠰᠠᠨ ᠠᠷᠭᠠᠯ ᠬᠦᠷᠵᠡᠩ ᠤᠨ ᠳᠠᠯᠠᠩ ᠲᠠᠢ ᠠᠩᠭᠠᠵᠦ ᠶᠠᠳᠠᠭᠰᠠᠨ ᠨᠢᠭᠡ ᠨᠢ ᠲᠠᠭᠠᠷᠠᠪᠠᠯ ᠠᠮᠠᠷᠠᠭᠠᠤᠨ  ᠭᠠᠷᠤᠭ ᠡ ᠭᠡᠰᠡᠨ ᠰᠢᠭ ᠴᠠᠢ ᠢᠳᠡᠭᠡ ᠨᠢ ᠪᠡᠯᠡᠬᠡᠨ ᠴᠠᠶᠢᠯᠭᠠᠨ ᠰᠠᠨᠠᠭ᠎ᠠ ᠨᠢ ᠢᠯᠡᠭᠡᠨ ᠡᠭᠡᠯᠢᠰᠡᠭ ᠰᠢᠭ  ᠡᠨᠡ ᠠᠶᠢᠯ ᠠᠴᠠ ᠪᠢ ᠡᠷᠢᠭᠰᠡᠨ ᠰᠡᠳᠤᠪ ᠢᠶᠠᠨ ᠤᠯᠵᠤ ᠤᠷᠮᠰᠢᠭᠰᠠᠨ ᠶᠤᠮ︕ ᠲᠠᠯ᠎ᠠ ᠶᠢᠨ  ᠪᠤᠶᠠᠨ   ᠮᠠᠯ ᠤᠨ ᠬᠡᠰᠢᠭ ᠢᠶᠠᠨ ᠪᠦᠷᠢᠯᠭᠡᠯ ᠦᠭᠡᠢ ᠴᠢᠷᠮᠠᠶᠢᠵᠦ  ᠬᠦᠳᠡᠯᠮᠤᠷᠢ ᠪᠠᠷ ᠢᠶᠠᠨ ᠪᠠᠶᠠᠵᠢᠭᠠᠤᠨ ᠮᠧᠲᠠᠯ ᠤᠳᠤᠨ ᠢᠶᠠᠷ  ᠮᠢᠯᠢᠶᠠᠯᠭᠠᠵᠤ ᠴᠠᠭ ᠦᠶ᠎ᠡ   ᠶᠢᠨ ᠢᠶᠠᠨ ᠳᠠᠭᠤᠷᠢᠶᠠᠯ ᠪᠤᠯᠤᠭᠰᠠᠨ ᠴᠢᠨᠠᠷᠯᠢᠭ ᠠᠮᠢᠳᠤᠷᠠᠯ ᠢ ᠨᠢ ᠵᠢᠷᠤᠭᠯᠠᠬᠤ ᠳᠠᠭᠠᠨ ᠬᠠᠯᠠᠭᠤᠨ ᠰᠡᠦᠬᠢᠯᠲᠦ ᠡᠵᠢ ᠶᠢ  ᠪᠢ ᠬᠠᠭᠤᠷᠠᠢ ᠮᠦᠮᠦ ᠲᠠᠨᠢᠭᠰᠠᠨ ᠶᠤᠮ ᠰᠡᠦᠨᠬᠦᠯ ᠰᠤᠨᠢᠨ  ᠤ ᠮᠢᠨᠢ ᠨᠢᠭᠤᠷ ᠠᠴᠠ ᠢᠲᠡᠭᠡᠯ  ᠳᠦᠭᠦᠷᠡᠩ ᠵᠢᠷᠤᠭ ᠢᠶᠠᠨ ᠬᠠᠷᠠᠭᠤᠨ   ᠢᠳᠡᠪᠬᠢᠵᠢᠨ  ᠵᠤᠷᠢᠭᠵᠢᠭᠠᠷᠠᠢ ᠭᠡᠵᠦ ᠲᠤᠬᠤᠨᠢᠭᠤᠯᠤᠭᠰᠠᠨ ᠶᠤᠮ ᠬᠦᠮᠦᠨ ᠪᠠᠶᠢᠭᠠᠯᠢ ᠨᠢ ᠡᠶᠡᠲᠡᠢ ᠤᠷᠤᠰᠢᠬᠤ ᠪᠤᠯᠤᠭᠰᠠᠨ ᠬᠦᠳᠡᠭᠡ  ᠲᠠᠯ᠎ᠠ ᠶᠢᠨ ᠢᠶᠠᠨ ᠮᠠᠨᠳᠤᠯ ᠤᠨ ᠳᠦᠯᠦ ᠶᠢ ᠬᠦᠳᠡᠯᠮᠦᠷᠢ  —   ᠠᠷᠭᠠᠯ   ᠢᠶᠠᠷ ᠢᠶᠠᠨ ᠬᠦᠭᠵᠢᠭᠡᠵᠦ ᠶᠠᠪᠤᠭ᠎ᠠ ᠬᠦᠨᠳᠦᠲᠦ ᠠᠴᠢᠲᠠᠨ ᠭᠡᠵᠦ ᠰᠢᠲᠦᠭᠰᠡᠨ ᠶᠤᠮ  ︕ ᠰᠤᠷᠪᠤᠯᠵᠢᠯᠭ᠎ᠠ ᠶᠢᠨ ᠵᠠᠮ ᠳᠤ ᠮᠢᠨᠢ ᠢᠷᠦᠭᠡᠯ ᠢᠶᠠᠷ ᠤᠴᠠᠷᠠᠭᠰᠠᠨ ᠰᠤᠳᠤᠨ ᠪᠤᠭᠤᠷᠤᠯ ᠡᠵᠢ  ᠮᠢᠨᠢ              ᠪᠠᠶᠠᠷ ᠲᠠᠢ᠂  ᠪᠠᠶᠠᠷ ᠲᠠᠢ  ︕                            ※ ᠳᠦᠷᠪᠡᠦᠨ ᠬᠤᠰᠢᠭᠤᠨ ᠤ ᠨᠡᠷ᠎ᠡ ᠶᠢᠨ ᠢᠷᠡᠯᠲᠡ                            ※ ︿ᠬᠤᠪᠢᠯᠭᠠᠨ ᠬᠦᠯᠦᠭ﹀ 1 —10 ᠬᠦᠷᠲᠡᠯ᠎ᠡ                                ᠳᠦᠷᠪᠡᠦᠨ ᠬᠤᠰᠢᠭᠤᠨ ᠳᠤ ᠪᠠᠭᠤᠪᠠ                            ※  ᠲᠡᠮᠡᠭᠡᠨ ᠳᠤ ᠲᠡᠩᠨᠡᠳᠡᠭ  ᠳᠦᠷᠪᠡᠯᠵᠢᠨ ᠠᠷᠤᠭᠢᠷᠡᠯᠲᠡ᠄  ᠳᠦᠷᠪᠡᠦᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪᠳᠡᠪᠰᠢᠭᠦᠯᠦᠭᠴᠢ᠄  ᠲᠡᠷᠭᠡᠯ
 
ᠢᠷᠡᠯᠲᠡ᠄ ᠳᠦᠷᠪᠡᠦᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2