ᠮᠤᠩᠭᠤᠯ ᠭᠡᠷ ᠬᠢᠭᠡᠳ ᠲᠤᠭᠠᠨ ᠤ ᠤᠬᠠᠭᠠᠨ | | ᠮᠠᠨ ᠤ ᠮᠤᠩᠭᠤᠯ ᠦᠨᠳᠦᠰᠦᠳᠡᠨ ᠠᠷᠪᠠᠨ ᠭᠤᠷᠪᠠᠳᠤᠭᠠᠷ ᠵᠠᠭᠤᠨ ᠤ ᠦᠶ᠎ᠡ ᠳᠤ ᠠᠽᠢᠶ᠎ᠠ ᠡᠧᠦᠷᠤᠫᠠ ᠶᠢ | ᠰᠤᠨᠳᠠᠯᠠᠨ ᠮᠠᠨᠳᠤᠨ ᠬᠦᠭᠵᠢᠵᠤ ᠪᠠᠶᠢᠭᠰᠠᠨ ᠦᠶ᠎ᠡ ᠳᠡᠭᠡᠨ ᠠᠷᠠᠪ ᠭᠷᠧᠭ ᠤᠨ ᠪᠤᠯᠪᠠᠰᠤᠨ ᠰᠤᠶᠤᠯ ᠢ ᠮᠠᠨ ᠤ ᠤᠯᠤᠰ | ᠲᠠᠭᠠᠨ ᠠᠪᠴᠢᠷᠠᠵᠤ ᠮᠠᠨ ᠤ ᠤᠯᠤᠰ ᠤᠨ ᠢᠶᠠᠨ ᠪᠤᠯᠪᠠᠰᠤᠨ ᠲᠠᠢ ᠤᠶᠠᠯᠳᠤᠭᠤᠯᠤᠭᠠᠳ ᠭᠢᠯᠠᠯᠵᠠᠭᠰᠠᠨ ᠶᠡᠭᠡ | ᠠᠮᠵᠢᠯᠳᠠ ᠤᠯᠵᠤ ᠪᠠᠶᠢᠭᠰᠠᠨ ᠨᠢ ᠲᠡᠥᠬᠡᠨ ᠬᠠᠭᠤᠳᠠᠰᠤᠨ ᠳᠤ ᠢᠯᠡᠬᠡᠨ ᠪᠠᠶᠢᠨ᠎ᠠ᠃ | ᠤᠳᠤ ᠶᠠᠷᠢᠬᠤ ᠭᠡᠵᠤ ᠪᠠᠶᠢᠬᠤ ᠪᠤᠯ ᠮᠤᠩᠭᠤᠯ ᠦᠨᠳᠦᠰᠦᠳᠡᠨᠨ ᠤ ᠡᠷᠳᠡᠨ ᠠᠴᠠ ᠠᠪᠤᠭᠠᠳ ᠬᠡᠷᠡᠭᠯᠡᠭᠡᠳ | ᠢᠷᠡᠭᠰᠡᠨ ᠮᠤᠩᠭᠤᠯ ᠭᠡᠷ ᠪᠤᠯᠤᠨ᠎ᠠ᠃ ᠮᠤᠩᠭᠤᠯ ᠦᠨᠳᠦᠰᠦᠳᠡᠨ ᠪᠤᠯ ᠤᠭ ᠠᠴᠠ ᠪᠠᠨ ᠮᠠᠯ ᠮᠠᠯᠵᠢᠵᠤ ᠢᠷᠡᠭᠰᠡᠨ | ᠦᠨᠳᠦᠰᠦᠳᠡᠨ ᠶᠤᠮ᠃ ᠡᠶᠢᠮᠦ ᠠᠴᠠ ᠪᠡᠯᠴᠢᠭᠡᠷ ᠤᠰᠤᠨ ᠤ ᠰᠠᠶᠢᠨ ᠢ ᠲᠠᠭᠠᠵᠤ ᠨᠡᠭᠦᠳᠡᠯᠯᠡᠬᠦ ᠬᠡᠷᠡᠭᠴᠡᠭᠡ ᠠᠴᠠ | ᠪᠤᠯᠵᠤ ᠮᠤᠩᠭᠤᠯ ᠭᠡᠷ ᠡᠭᠦᠰᠦᠭᠰᠡᠨ ᠪᠠᠶᠢᠨ᠎ᠠ᠃ | ᠲᠤᠭᠠᠨ ᠤ ᠤᠬᠠᠭᠠᠨ ᠤ ᠦᠵᠡᠯᠳᠡ ᠪᠠᠷ ᠮᠤᠩᠭᠤᠯ ᠭᠡᠷ ᠢ ᠰᠢᠨᠵᠢᠯᠡᠪᠡᠯ᠄ | ︵1︶ ᠪᠠᠭᠤᠴᠠ —— ᠮᠤᠩᠭᠤᠯ ᠭᠡᠷ ᠢᠶᠠᠨ ᠪᠤᠰᠬᠠᠬᠤ ᠳᠠᠭᠠᠨ ᠶᠠᠭᠤᠨ ᠤ ᠡᠮᠦᠨ᠎ᠡ ᠪᠠᠭᠤᠴᠠ ᠪᠠᠨ | ᠪᠡᠯᠡᠳᠭᠡᠳᠡᠭ᠃ ᠲᠡᠷᠡ ᠨᠢ ᠲᠤᠭᠤᠷᠢᠭ ᠬᠢᠭᠡᠳ ᠲᠦᠪ ᠵᠢᠷᠤᠭ ᠲᠤᠯᠠ ᠠᠳᠡ ᠵᠢᠮ ᠤᠨ ᠴᠤᠭᠯᠠᠷᠠᠯ ᠪᠠ ᠬᠠᠪᠳᠠᠭᠠᠢ | ᠶᠢᠨ ᠭᠧᠥᠮᠧᠲᠷᠢ ᠶᠢᠨ ᠦᠵᠡᠯ ᠰᠠᠨᠠᠭ᠎ᠠ ᠰᠢᠩᠭᠡᠵᠡᠢ᠃ | ︵2︶ ᠬᠠᠨ᠎ᠠ —— ᠨᠡᠭᠦᠳᠡᠯᠯᠡᠵᠤ ᠶᠠᠪᠤᠬᠤ ᠳᠤ ᠲᠦᠭᠦᠮ ᠤᠨ ᠬᠡᠷᠡᠭᠴᠡᠭᠡ ᠪᠠᠷ ᠬᠠᠨ᠎ᠠ ᠪᠠᠨ | ᠠᠪᠠᠴᠢᠵᠤ ᠰᠤᠩᠭᠤᠬᠤ ᠰᠢᠨᠵᠢ ᠴᠢᠨᠠᠷ ᠲᠠᠢ ᠬᠢᠵᠠᠢ᠃ ᠠᠳᠡ ᠲᠦᠷᠪᠡᠯᠵᠢᠨ ᠤ ᠲᠤᠭᠳᠠᠪᠤᠷᠢᠳᠤ ᠪᠤᠰᠤ ᠰᠢᠨᠵᠢ | ᠴᠢᠨᠠᠷ ᠢ ᠬᠡᠷᠡᠭᠯᠡᠭᠰᠡᠨ ᠪᠠᠶᠢᠨ᠎ᠠ᠃ | ︵3︶ ᠭᠠᠳᠠᠨ᠎ᠠ ᠬᠡᠯᠪᠡᠷᠢ —— ᠮᠤᠩᠭᠤᠯ ᠭᠡᠷ ᠤᠨ ᠭᠠᠳᠠᠨ᠎ᠠ ᠬᠡᠯᠪᠡᠷᠢ ᠨᠢ ᠪᠦᠭᠡᠷᠡᠩᠬᠡᠢ ᠪᠠᠭᠠᠨ᠎ᠠ | ᠲᠡᠭᠡᠷ᠎ᠡ ᠱᠤᠷᠤᠯᠵᠢᠨ ᠲᠠᠭᠠᠡᠶᠢᠳᠠᠰᠤ ᠶᠢ ᠬᠠᠪᠰᠤᠷᠭᠠᠭᠰᠠᠨ ᠬᠡᠯᠪᠡᠷᠢ ᠲᠠᠢ᠃ ᠡᠨᠡ ᠪᠤᠯ ᠴᠢᠳᠠᠬᠤᠶᠢᠴᠠ ᠶᠡᠭᠡ ᠲᠠᠯᠠᠪᠠᠢ | ᠶᠢ ᠤᠯᠭᠤᠬᠤ ᠮᠦᠷᠳᠡᠭᠡᠨ ᠪᠠᠰᠠ ᠮᠠᠲ᠋ᠧᠷᠶ᠋ᠢᠶᠠᠯ ᠳᠤ ᠠᠷᠪᠢᠳᠠᠢ᠃ | ᠲᠠᠷᠤᠢ᠄ | ᠲᠡᠭᠡᠪᠦᠷ —— ᠱᠤᠷᠤᠯᠵᠢᠨ ᠤ ᠲᠠᠭᠠᠷᠢᠳᠠᠰᠤ ᠶᠢᠨ ᠲᠡᠯᠭᠡᠮᠡᠯ ᠵᠢᠷᠤᠭ ᠤᠨ ᠬᠡᠯᠪᠡᠷᠢ ᠲᠠᠢ᠃ | ᠲᠤᠭᠤᠷᠭ᠎ᠠ —— ᠤᠷᠳᠤ ᠲᠦᠷᠪᠡᠯᠵᠢᠨ ᠬᠡᠯᠪᠡᠷᠢᠳᠠᠢ ᠪᠠᠶᠢᠳᠠᠭ᠃ | ᠲᠤᠭᠤᠨᠤ—— ᠲᠤᠭᠤᠷᠢᠭ ᠬᠡᠯᠪᠡᠷᠢᠳᠡᠢ ᠬᠢᠭᠰᠡᠨ ᠪᠢᠰᠢ᠂ ᠬᠠᠷᠢᠨ ᠪᠦᠮᠪᠦᠷᠴᠡᠭ ᠤᠨ ᠤᠷᠤᠶᠢᠪᠴᠢ | ᠭᠡᠯᠪᠡᠷᠢᠳᠡᠢ ᠬᠢᠵᠡᠢ᠃ ᠡᠨᠡ ᠨᠢ ᠮᠠᠲ᠋ᠧᠷᠢᠶᠠᠯ ᠠᠷᠪᠢᠯᠠᠭᠠᠳ ᠢᠯᠡᠭᠦᠥ ᠡᠵᠡᠯᠡᠭᠦᠨ ᠤᠯᠭᠤᠨ᠎ᠠ᠃ ᠪᠤᠳᠤᠭᠠᠳ ᠦᠵᠡᠪᠡᠯ | ᠲᠠᠷᠤᠢ ᠮᠡᠳᠡᠨ᠎ᠡ᠃ | ︵4︶ ᠤᠨᠢ—— ᠬᠦᠮᠦᠰ ᠲᠤ ᠰᠢᠯᠤᠭᠤᠨ ᠤ ᠰᠡᠳᠭᠢᠭᠳᠡᠯ ᠢ ᠤᠯᠭᠤᠨ᠎ᠠ᠃ ᠪᠠᠰᠠ ᠤᠨᠢ ᠶᠢ | ᠲᠤᠭᠳᠠᠭᠠᠬᠤ ᠳᠠᠭᠠᠨ ᠬᠤᠶᠠᠷ ᠴᠡᠭ ᠨᠢᠭᠡ ᠰᠢᠯᠠᠭᠤᠨ ᠢ ᠲᠤᠭᠳᠠᠭᠠᠬᠤ ᠶᠤᠰᠤ ᠶᠢ ᠬᠡᠷᠡᠭᠯᠡᠵᠡᠢ᠃ | ︵5︶ ᠡᠷᠦᠬᠡ —— ᠲᠡᠭᠰᠢ ᠲᠦᠷᠪᠡᠯᠵᠢᠨ ᠬᠡᠯᠪᠡᠷᠢᠳᠡᠢ ᠢᠰᠡᠭᠡᠢ ᠪᠠᠷ ᠬᠢᠵᠤ᠂ ᠭᠤᠷᠪᠠᠨ | ᠤᠭᠤᠰᠤᠷ ᠢ ᠨᠢ ᠪᠡᠬᠡᠯᠡᠨ ᠲᠤᠭᠳᠠᠭᠠᠵᠤ᠂ ᠨᠢᠭᠡ ᠤᠭᠤᠰᠤᠷ ᠢ ᠨᠢ ᠠᠮᠢᠳᠤ ᠪᠠᠶᠢᠯᠭᠠᠳᠠᠭ᠃ ᠠᠮᠢᠳᠤ ᠪᠠᠶᠢᠯᠭᠠᠬᠤ | ᠶᠢᠨ ᠤᠴᠢᠷ ᠨᠢ ᠡᠳᠦᠷ ᠪᠤᠯ ᠡᠷᠦᠬᠡ ᠪᠠᠨ ᠰᠡᠬᠦᠨ ᠬᠤᠶᠢᠰᠢ ᠲᠠᠳᠠᠨ ᠭᠤᠷᠪᠠᠯᠵᠢᠨ ᠪᠤᠯᠭᠠᠳᠠᠭ᠃ ᠠᠳᠡ ᠲᠡᠭᠰᠢ | ᠬᠡᠮᠳᠦ ᠴᠢᠨᠠᠷ ᠤᠨ ᠦᠵᠡᠯ ᠰᠠᠨᠠᠭ᠎ᠠ ᠰᠢᠮᠡᠳᠦᠭᠰᠡᠨ ᠪᠠᠶᠢᠨ᠎ᠠ᠃ | ︵6︶ ᠡᠭᠦᠳᠡ—— ᠤᠷᠳᠤ ᠲᠦᠷᠪᠡᠯᠵᠢᠨ ᠬᠡᠯᠪᠡᠷᠢᠳᠡᠢ᠃ ᠡᠭᠦᠳᠡᠨ ᠤ ᠨᠡᠬᠡᠭᠳᠡᠵᠤ ᠬᠠᠭᠠᠭᠳᠠᠵᠤ | ᠬᠦᠳᠡᠯᠡᠩᠭᠦᠢ ᠪᠠᠶᠢᠳᠠᠭ ᠨᠢ᠂ ᠬᠤᠶᠠᠷ ᠴᠡᠭ ᠨᠢᠭᠡ ᠬᠠᠪᠳᠠᠭᠠᠢ ᠶᠢ ᠲᠤᠭᠳᠠᠭᠠᠵᠤ ᠴᠢᠳᠠᠬᠤ ᠦᠭᠡᠢ ᠶᠢᠨ ᠪᠤᠳᠠᠳᠠᠢ | ᠬᠡᠷᠡᠭᠯᠡᠯᠳᠡ ᠮᠦᠨ᠃ ᠬᠡᠷᠪᠡ ᠡᠭᠦᠳᠡ ᠪᠠᠨ ᠤᠨᠢᠰᠤᠯᠠᠴᠢᠬᠠᠪᠠᠯ᠂ ᠭᠧᠥᠮᠧᠲᠷᠢ ᠳᠠᠬᠢ ᠭᠤᠷᠪᠠᠨ ᠴᠡᠭ ᠨᠢᠭᠡ | ᠬᠠᠪᠳᠠᠭᠠᠢ ᠶᠢ ᠲᠤᠭᠳᠠᠭᠠᠵᠤ ᠴᠢᠳᠠᠬᠤ ᠶᠢᠨ ᠪᠤᠳᠠᠳᠠᠢ ᠬᠡᠷᠡᠭᠯᠡᠯᠳᠡ ᠪᠤᠯᠤᠨ᠎ᠠ᠃ | ︵7︶ ᠴᠠᠭ ᠤᠨ ᠦᠢᠯᠡᠳᠦᠯ —— ᠮᠤᠩᠭᠤᠯ ᠭᠡᠷ ᠤᠨ ᠲᠤᠭᠤᠨᠤ ᠪᠠᠷ ᠤᠷᠤᠭᠰᠠᠨ ᠨᠠᠷᠠᠨ ᠤ | ᠲᠤᠰᠬᠠᠯᠳᠠ ᠪᠠᠷ ᠴᠠᠭ ᠢ ᠬᠡᠮᠵᠢᠳᠡᠭ᠃ ᠲᠤᠭᠤᠨᠤ ᠪᠠᠷ ᠤᠷᠤᠭᠰᠠᠨ ᠨᠠᠷᠠᠨ ᠤ ᠮᠤᠩᠭᠤᠯ ᠭᠡᠷ ᠲᠤᠳᠤᠷᠠᠬᠢ | ᠲᠤᠰᠬᠠᠯᠳᠠ ᠨᠢ ᠵᠤᠨ᠂ ᠨᠠᠮᠤᠷ᠂ ᠡᠪᠦᠯ᠂ ᠬᠠᠪᠤᠷ ᠤᠨ ᠠᠳᠠᠯᠢ ᠪᠤᠰᠤ ᠤᠯᠠᠷᠢᠯ ᠳᠤ ᠠᠳᠠᠯᠢ ᠪᠤᠰᠤ ᠪᠠᠶᠢᠳᠠᠭ᠃ | ᠡᠭᠦᠨ ᠳᠤ ᠮᠠᠯᠴᠢᠳ ᠭᠡᠷ ᠤᠨ ᠨᠠᠷᠠᠨ ᠭᠤᠷᠪᠠ ᠶᠢᠰᠦ ᠳᠤ ᠭᠤᠷᠪᠠᠨ ᠬᠠᠨ᠎ᠠ ᠶᠢᠨ ᠨᠢᠳᠦ ᠨᠡᠮᠡᠭᠳᠡᠨ᠎ᠡ ᠭᠡᠬᠦ ᠮᠡᠳᠦ ᠪᠠᠷ | ᠶᠠᠷᠢᠳᠠᠭ᠃ ᠠᠳᠡ ᠲᠤᠰᠬᠠᠯᠳᠠ ᠪᠠ ᠭᠤᠷᠪᠠᠯᠵᠢᠨ ᠤ ᠹᠦᠩᠽ ᠤᠨ ᠦᠵᠡᠯ ᠰᠠᠨᠠᠭ᠎ᠠ ᠰᠢᠩᠭᠡᠭᠰᠡᠨ ᠪᠠᠶᠢᠨ᠎ᠠ᠃ | ᠢᠷᠡᠯᠲᠡ᠄ ᠬᠤᠯᠪᠤᠭ᠎ᠠ ᠪᠦᠷᠭᠡ | ᠳᠡᠪᠰᠢᠭᠦᠯᠦᠭᠴᠢ᠄ ᠲᠡᠷᠭᠡᠯ | | |