ᠬᠠᠶᠢᠷᠠᠳᠣ ᠡᠵᠢ ᠮᠢᠨᠢ᠄ | ᠤᠶᠢᠷ᠎ᠠ ᠳᠤ ᠲᠠᠨ ᠤ ᠪᠡᠶ᠎ᠡ ᠰᠠᠶᠢᠨ ᠪᠠᠶᠢᠨ᠎ᠠ ᠤᠤ︖ ᠴᠢᠰᠦᠨ ᠲᠠᠷᠤᠯᠳᠠ᠂ ᠵᠢᠷᠦᠭᠡᠨ ᠤ ᠪᠠᠨ ᠡᠮ ᠢᠶᠠᠨ | ᠮᠠᠷᠳᠠᠬᠤ ᠦᠭᠡᠢ ᠴᠠᠭ ᠲᠤ ᠨᠢ ᠣᠤᠭᠤᠵᠦ ᠪᠠᠶᠢᠭ᠎ᠠ ᠪᠢᠵᠡ︖ | ᠲᠠ ᠵᠠᠬᠢᠳᠠᠯ ᠢ ᠮᠢᠨᠢ ᠭᠠᠷᠳᠠᠭᠠᠳ ᠭᠠᠶᠢᠬᠠᠬᠤ ᠪᠠᠶᠢᠬᠤ ᠳ᠋ᠠ︕ ᠪᠢ ᠡᠳᠦᠢ ᠪᠤᠯᠳᠠᠯ᠎ᠠ ᠪᠠᠨ ᠲᠠᠨ ᠳᠤ | ᠵᠠᠬᠢᠳᠠᠯ ᠪᠢᠴᠢᠵᠦ ᠪᠠᠶᠢᠭ᠎ᠠ ᠦᠭᠡᠢ ᠶᠤᠮ ᠴᠢᠨᠢ᠃ ᠦᠬᠢᠨ ᠴᠢᠨᠢ ᠪᠢ ᠬᠤᠷᠢ ᠬᠦᠷᠦᠭᠰᠡᠨ ᠲᠤᠮᠤ ᠬᠦᠦ ᠲᠠᠢ ᠡᠵᠢ | ᠪᠣᠯᠣᠭᠠᠳ ᠰᠠᠶ᠋ᠢ ᠦᠨᠦᠳᠦᠷ ᠡᠵᠢ ᠳᠤ ᠪᠠᠨ ᠵᠠᠬᠢᠳᠠᠯ ᠪᠢᠴᠢᠬᠦ ᠪᠠᠷ ᠰᠢᠢᠳᠦᠯ᠎ᠡ᠃ ᠡᠵᠢ ᠮᠢᠨᠢ ᠭᠠᠳᠠᠨ᠎ᠠ ᠭᠠᠷᠴᠣ ᠡᠷ᠎ᠡ | ᠬᠦᠮᠦᠨ᠂ ᠭᠡᠷ ᠲᠤ ᠣᠷᠣᠵᠦ ᠡᠮ᠎ᠡ ᠬᠦᠮᠦᠨ ᠪᠤᠯᠳᠠᠭ ᠪᠠᠶᠢᠭᠰᠠᠨ ᠢ ᠪᠢᠳᠡᠨᠡᠷ ᠪᠠᠭ᠎ᠠ ᠠᠴᠠ ᠪᠠᠨ ᠮᠡᠳᠡᠳᠡᠭ ᠴᠣ᠋ ᠲᠠᠨ | ᠤ ᠰᠦ ᠰᠢᠭ ᠴᠠᠭᠠᠨ ᠰᠡᠳᠬᠢᠯ ᠢ ᠠᠳᠡᠭᠦᠦ ᠤᠶᠢᠯᠠᠭᠠᠵᠦ ᠶᠠᠪᠤᠳᠠᠭ ᠪᠠᠶᠢᠵᠠᠢ ᠁ ᠦᠬᠢᠨ ᠴᠢᠨᠢ ᠰᠡᠳᠬᠢᠯ ᠤᠨ | ᠬᠦᠨ ᠳᠠᠬᠢ ᠠᠳᠡᠭᠦᠷᠡᠯ᠂ ᠬᠠᠷᠠᠮᠰᠠᠯ ᠪᠦᠬᠦᠨ ᠢᠶᠠᠨ ᠠᠭᠤᠳᠠᠯᠯᠠᠨ ᠲᠡᠯᠭᠡᠵᠦ ᠲᠠᠨ ᠤᠷᠤᠭᠤ ᠨᠢᠰᠭᠡᠯ᠎ᠡ︕ ᠡᠵᠢ ᠮᠢᠨᠢ | ᠲᠠ ᠠᠷᠢᠭᠤᠰᠬᠠᠨ ᠬᠠᠶᠢᠷᠠᠯᠠᠭᠠᠴᠢ︕ | ᠡᠵᠢ ᠮᠢᠨᠢ ᠲᠠ ᠪᠣᠰᠣᠳ ᠬᠡᠦᠬᠡᠳ ᠤᠨ ᠡᠵᠢ ᠰᠢᠭ ᠪᠤᠯᠪᠠᠷᠠᠢ ᠴᠠᠭᠠᠨ ᠴᠢᠷᠠᠢ ᠦᠭᠡᠢ᠂ ᠰᠣᠭᠤᠶᠢᠭᠰᠠᠨ | ᠰᠠᠶᠢᠬᠠᠨ ᠪᠡᠶ᠎ᠡ ᠭᠠᠯᠪᠢᠷ ᠦᠭᠡᠢ ᠪᠤᠭᠤᠨᠢᠬᠠᠨ ᠮᠦᠷᠳᠡᠭᠡᠨ ᠮᠠᠶᠢᠭ ᠬᠦᠯ ᠲᠠᠢ ᠪᠢᠯᠡ᠃ ᠪᠢ ᠰᠣᠮᠣᠨ ᠤ ᠪᠠᠭ᠎ᠠ | ᠰᠣᠷᠭᠠᠭᠤᠯᠢ ᠳᠤ ᠪᠢᠴᠢᠭ ᠦᠵᠡᠵᠦ ᠪᠠᠶᠢᠬᠤ ᠳᠤ ᠪᠠᠨ ᠵᠢᠷᠭᠤᠭᠠᠨ ᠰᠠᠷ᠎ᠠ ᠶᠢᠨ ᠨᠢᠭᠡᠨ ᠪᠤᠯᠬᠤ ᠳᠤ ᠲᠠᠨ ᠢ ᠶᠡᠭᠡ | ᠰᠠᠨᠠᠳᠠᠭ ᠪᠠᠶᠢᠭᠰᠠᠨ᠃ ᠲᠡᠭᠡᠬᠦ ᠳᠤ ᠭᠠᠷ ᠢᠶᠠᠷ ᠤᠶᠤᠭᠰᠠᠨ ᠴᠠᠭᠠᠨ ᠴᠠᠮᠴᠠ ᠡᠰᠡᠭᠦᠯ᠎ᠡ ᠬᠤᠸᠠᠷ ᠲᠠᠢ ᠲᠣᠷᠭᠠᠨ | ᠴᠠᠮᠴᠠ᠂ ᠬᠦᠬᠡ ᠦᠮᠦᠳᠦ᠂ ᠴᠠᠭᠠᠨ ᠱᠠᠬᠠᠢ ᠸᠠᠳᠠᠩ ᠳᠤ ᠪᠤᠭᠤᠵᠦ ᠲᠤᠬᠤᠶᠢᠯᠠᠭᠠᠳ ᠵᠡᠬᠦᠨ ᠡᠮᠦᠨ᠎ᠡ ᠬᠦᠳᠦᠯ ᠢᠶᠠᠷ | ᠵᠢᠷᠡᠯᠵᠡᠳᠡᠯᠡ ᠠᠯᠬᠤᠭᠠᠳ ᠢᠷᠡᠵᠦ ᠠᠶᠢᠰᠦᠢ ᠶᠢ ᠬᠠᠷᠠᠭᠠᠳ ︽ᠰᠢᠨ᠎ᠡ ᠬᠤᠪᠴᠠᠰᠣ ᠲᠠᠢ ᠪᠤᠯᠬᠤ ᠨᠢ ᠡ︾ ᠭᠡᠵᠦ | ᠪᠠᠶᠠᠷᠯᠠᠳᠠᠭ ᠴᠣ᠋ ᠦᠭᠭᠦᠭᠰᠡᠨ ᠶᠠᠭᠤᠮ᠎ᠠ ᠶᠢ ᠨᠢ ᠠᠪᠠᠴᠢᠬᠠᠭᠠᠳ᠂ ᠬᠦᠯᠦᠰᠦ ᠨᠢ ᠰᠡᠪᠡᠵᠦ ᠠᠮᠵᠢᠭ᠎ᠠ ᠦᠭᠡᠢ ᠲᠠᠨ ᠢ | ︽ᠵᠠ᠂ ᠵᠠ᠂ ᠬᠠᠷᠢ︕︾ ᠭᠡᠳᠡᠭ ᠪᠠᠶᠢᠭᠰᠠᠨ᠃ ᠤᠶᠤᠭᠰᠠᠨ ᠬᠤᠪᠴᠠᠰᠣ ᠶᠢ ᠨᠢ ᠡᠮᠦᠰᠴᠦ ᠪᠠᠶᠠᠷᠯᠠᠭᠰᠠᠨ | ᠦᠬᠢᠨ ᠢᠶᠠᠨ ᠬᠠᠷᠠᠵᠦ ᠪᠠᠶᠠᠷᠯᠠᠬᠤ ᠭᠡᠰᠡᠨ ᠡᠬᠡ ᠶᠢᠨ ᠰᠡᠳᠬᠢᠯ ᠢ ᠶᠡᠷᠦ ᠤᠶᠢᠯᠠᠭᠠᠭᠠ ᠦᠭᠡᠢ ᠶᠠᠪᠤᠭᠰᠠᠨ ᠪᠢᠯᠡ᠃ ︽ | ᠮᠢᠨᠦ ᠡᠵᠢ ᠤᠷᠠᠨᠴᠢᠮᠡᠭ ᠤᠨ ᠡᠵᠢ ᠰᠢᠭ ᠦᠵᠡᠰᠭᠦᠯᠡᠩᠳᠡᠢ ᠪᠢᠰᠢ ᠳ᠋ᠡ︕︾ ᠭᠡᠵᠦ ᠪᠤᠳᠣᠳᠠᠭ ᠪᠠᠶᠢᠭᠰᠠᠨ | ᠪᠤᠯᠬᠤᠷ ᠪᠤᠷᠤᠬᠠᠨ ᠴᠢᠷᠠᠢ ᠲᠠᠢ ᠪᠤᠭᠤᠨᠢᠬᠠᠨ ᠮᠠᠶᠢᠭ ᠡᠵᠢ ᠲᠠᠨ ᠢ ᠨᠦᠭᠦᠳ ᠮᠢᠨᠢ ᠡᠯᠡᠭᠯᠡᠨ᠎ᠡ ᠭᠡᠵᠦ ᠪᠣᠳᠣᠭᠠᠳ ᠯᠠ | ᠲᠡᠭᠡᠳᠡᠭ ᠪᠠᠶᠢᠭᠰᠠᠨ ᠁ ᠣᠳᠣ ᠪᠤᠳᠤᠬᠤ ᠳᠤ ᠡᠨᠡ ᠪᠦᠬᠦᠨ ᠳᠤ ᠪᠠᠨ ᠬᠠᠷᠠᠮᠰᠠᠬᠤ ᠶᠤᠮ ᠡ︕ ᠡᠵᠢ ᠡ᠃ | ᠲᠠᠨ ᠢ ᠪᠢ ᠶᠡᠷᠦ ᠨᠢ ᠭᠤᠸ᠎ᠠ ᠰᠠᠶᠢᠬᠠᠨ ᠤ ᠮᠡᠳᠡᠷᠡᠮᠵᠢ ᠦᠭᠡᠢ ᠭᠡᠵᠦ ᠣᠶᠢᠯᠠᠭᠠᠳᠠᠭ ᠪᠠᠶᠢᠭᠰᠠᠨ ᠰᠢᠦ᠃ | ᠣᠳᠣ ᠡᠷᠭᠢᠭᠡᠳ ᠪᠣᠳᠣᠪᠠᠯ ᠪᠢ ᠴᠢᠨᠢ ᠭᠤᠸ᠎ᠠ ᠰᠠᠶᠢᠬᠠᠨ ᠶᠠᠭᠤ ᠭᠡᠳᠡᠭ ᠢ ᠮᠡᠳᠡᠳᠡᠭ ᠦᠭᠡᠢ ᠶᠠᠪᠤᠵᠠᠢ᠂ ᠡᠵᠢ ᠡ︕ | ᠦᠨᠢᠶ᠎ᠡ ᠪᠠᠨ ᠰᠠᠭᠠᠭᠠᠳ᠂ ᠲᠦᠯ ᠲᠠᠯᠪᠢᠭᠠᠳ᠂ ᠰᠠᠮ ᠬᠠᠶᠢᠴᠢ ᠪᠠᠨ ᠪᠠᠷᠢᠭᠠᠳ ᠤᠷᠤᠵᠦ ᠢᠷᠡᠬᠦ ᠪᠤᠯᠭᠠᠨ ᠲᠠᠨ ᠤ | ᠬᠤᠪᠴᠠᠰᠣᠨ ᠠᠴᠠ ᠴᠢᠨᠢ ᠰᠦ ᠵᠤᠩᠭᠠᠭ ᠭᠬᠢᠷ ᠲᠠᠭ ᠂ ᠲᠠᠭᠠᠷᠠᠵᠦ ᠪᠡᠭᠡᠷᠡᠭᠰᠡᠨ ᠨᠢᠭᠤᠷ ᠴᠢᠷᠠᠢ ᠭᠠᠷ ᠬᠦᠯ ᠢ | ᠴᠢᠨᠢ ᠬᠠᠷᠠᠭᠠᠳ ︽ᠡᠵᠢ ᠶᠤᠰᠣᠳᠠᠢ ᠵᠠᠰᠠᠵᠦ ᠵᠠᠯᠠᠬᠤ ᠪᠠᠨ ᠮᠡᠳᠡᠬᠦ ᠦᠭᠡᠢ᠂ ᠶᠠᠭᠤ ᠶᠢ ᠰᠠᠶᠢᠬᠠᠨ ᠭᠡᠳᠡᠭ ᠢ ᠮᠡᠳᠡᠳᠡᠭ | ᠦᠭᠡᠢ ᠬᠦᠮᠦᠨ︾ ᠭᠡᠵᠤ ᠪᠣᠳᠣᠭᠳᠠᠳᠠᠭ᠃ ᠬᠠᠪᠤᠷ ᠤᠨ ᠪᠤᠳᠠ ᠪᠤᠭ ᠮᠠᠯ ᠤᠨ ᠵᠤᠪᠠᠯᠭ᠎ᠠ ᠶᠢ ᠦᠪᠴᠢᠬᠦ ᠠᠵᠢᠯ ᠢ | ᠬᠢᠬᠦ ᠬᠦᠮᠦᠨ ᠦᠭᠡᠢ ᠪᠠᠶᠢᠬᠤ ᠳᠤ ᠡᠵᠢ ᠯᠡ ᠴᠠᠭ ᠴᠢᠯᠦᠭᠡ ᠪᠠᠷ ᠢᠶᠠᠨ ᠦᠪᠴᠢᠵᠦ ᠠᠷᠠᠰᠣ ᠬᠦᠷᠦᠰᠦ ᠶᠢ ᠰᠠᠯᠭᠠᠵᠦ | ᠪᠠᠶᠢᠳᠠᠭ ᠲᠤ ᠶᠡᠭᠡ ᠯᠡ ᠲᠤᠷ᠎ᠠ ᠦᠭᠡᠶᠢᠴᠡᠵᠦ ︽ᠡᠶᠢᠮᠦ ᠪᠤᠵᠠᠷ ᠮᠠᠭᠤᠬᠠᠢ ᠠᠵᠢᠯ ᠢ ᠬᠢᠯ᠎ᠡ︾ ᠭᠡᠵᠦ ᠲᠤᠨᠳᠠᠭᠠᠨᠠᠬᠤ | ᠳᠤ ᠡᠵᠢ ᠮᠢᠨᠢ ᠲᠠ ᠬᠠᠷᠢᠨ ︽ᠨᠢᠬᠦᠯ ᠴᠣ᠋ ᠪᠠᠶᠢᠨ᠎ᠠ ᠳ᠋ᠠ᠂ ᠶᠠᠭᠠᠬᠢᠵᠦ ᠲᠦᠩᠬᠦᠶᠢᠳᠡᠯᠡ ᠬᠠᠶᠠᠬᠤ ᠪᠢᠯᠡ᠂ ᠵᠢᠬᠦᠷᠳᠡᠨ | ᠰᠢᠪᠠᠭᠤ᠂ ᠠᠮᠢᠳᠠᠨ ᠠᠷᠢᠶᠠᠳᠠᠨ ᠴᠦ ᠢᠳᠡᠭ ᠳ᠋ᠡ︾ ᠭᠡᠳᠡᠭ ᠪᠠᠶᠢᠯ᠎ᠠ ᠁ ᠨᠡᠩ ᠴᠣ᠋ ᠬᠤᠨᠢᠴᠢᠨ ᠵᠠᠯᠠᠭᠤ ᠶᠢᠨ | ᠬᠡᠪᠳᠡᠷᠢ ᠳᠤ ᠣᠷᠣᠭᠰᠠᠨ ᠡᠴᠢᠭᠡ ᠳᠤ ᠬᠤᠭᠤᠯᠠ ᠴᠠᠢ ᠤᠶᠢᠷᠠᠳᠣᠭᠤᠯᠵᠦ ᠬᠤᠪᠴᠠᠰᠣ ᠬᠤᠨᠠᠷ ᠢ ᠨᠢ ᠤᠬᠢᠶᠠᠵᠦ | ᠠᠰᠠᠷᠠᠵᠦ ᠪᠠᠶᠢᠭᠰᠠᠨ ᠨᠢ ᠲᠠ ᠪᠤᠵᠠᠷ ᠮᠠᠭᠤᠬᠠᠢ ᠠᠵᠢᠯ ᠬᠢᠵᠦ ᠪᠠᠶᠢᠭᠰᠠᠨ ᠪᠢᠰᠢ ᠬᠠᠮᠤᠭ ᠤᠨ ᠪᠤᠶᠠᠨ ᠲᠠᠢ ᠦᠢᠯᠡ | ᠶᠢ ᠬᠢᠵᠦ ᠪᠠᠶᠢᠭᠰᠠᠨ ᠢ ᠬᠤᠵᠢᠮ ᠨᠢ ᠪᠢ ᠤᠬᠠᠭᠠᠷᠠᠭᠰᠠᠨ᠃ ᠣᠳᠣ ᠪᠤᠳᠣᠬᠤ ᠳᠤ ᠮᠢᠨᠦ ᠡᠵᠢ ᠰᠡᠳᠬᠢᠯ ᠵᠢᠷᠦᠬᠡ | ᠪᠠᠷ ᠢᠶᠠᠨ ᠦᠵᠡᠰᠭᠦᠯᠡᠩ ᠭᠤᠸ᠎ᠠ ᠶᠢᠨ ᠲᠡᠭᠡᠳᠦ ᠨᠢ ᠪᠠᠶᠢᠨ᠎ᠠ ᠁ | ᠬᠦᠦ ᠮᠢᠨᠢ ᠭᠦᠬᠡᠬᠤᠳᠠ ᠤᠷᠤᠵᠦ ᠰᠣᠷᠭᠠᠭᠤᠯᠢ ᠳᠤ ᠶᠠᠪᠤᠬᠤ ᠳᠤ ᠡᠵᠢ ᠲᠠ ᠠᠬ᠎ᠠ ᠳᠤ ︽ᠲᠡᠭᠦᠦ ᠴᠢᠨᠢ | ᠦᠨᠦᠴᠢᠨ ᠪᠡᠯᠪᠡᠰᠦᠨ ᠬᠦᠭᠡᠷᠦᠬᠦᠢ᠂ ᠠᠶᠤᠵᠦ ᠰᠣᠴᠢᠬᠤ ᠪᠤᠢ︕ ᠬᠠᠨᠢ ᠪᠤᠯᠤᠶ᠎ᠠ ᠯᠠ ᠳ᠋ᠠ︾ ᠭᠡᠵᠦ ᠮᠠᠨ ᠤ ᠳᠤ | ᠨᠡᠬᠦᠵᠦ ᠢᠷᠡᠵᠦ ᠰᠠᠭᠤᠬᠤ ᠳᠤ ︽ᠨᠠᠳᠠ ᠳᠤ ᠬᠠᠨᠢ ᠪᠤᠯᠬᠤ ᠨᠢ ᠶᠠᠭᠤ ᠶᠤᠮ᠂ ᠬᠠᠷᠢᠨ ᠲᠠᠷᠣᠭᠠᠰᠣ ᠪᠤᠯᠬᠤ ᠮᠠᠭᠠᠳ | ︾ ᠭᠡᠵᠦ ᠪᠤᠳᠤᠵᠦ ᠶᠠᠪᠤᠭᠰᠠᠨ ᠮᠢᠨᠢ ᠪᠤᠷᠤᠭᠤᠳᠠᠵᠠᠢ᠃ ᠲᠡᠷᠡ ᠨᠢᠭᠡ ᠰᠦᠨᠢ ᠲᠤᠮᠳᠠ ᠵᠡᠭᠦᠨ ᠭᠡᠷ ᠤᠨ ᠬᠤᠶᠠᠷ | ᠬᠡᠷᠡᠭᠦᠯ ᠵᠤᠳᠤᠭᠠᠨ ᠪᠤᠯᠵᠦ ᠡᠭᠦᠳᠡ ᠪᠠᠯᠪᠠᠭ᠋ᠤ ᠳᠤ ᠪᠢ ᠠᠶᠤᠭᠠᠳ ᠬᠦᠨᠵᠢᠯᠡ ᠪᠠᠷ ᠢᠶᠠᠨ ᠲᠤᠯᠤᠭᠠᠢ ᠪᠠᠨ | ᠤᠷᠢᠶᠠᠭᠠᠳ ᠭᠡᠪᠳᠡᠬᠦ ᠳᠤ ᠲᠠ ᠬᠠᠷᠢᠨ ᠭᠠᠷᠴᠣ ᠣᠴᠢᠭᠠᠳ ᠲᠡᠷᠡ ᠬᠤᠶᠠᠭᠤᠯᠠ ᠶᠢ ᠬᠡᠯᠡᠵᠦ ᠢᠳᠬᠠᠨ ᠡᠪᠰᠡᠭᠦᠯᠵᠦ | ᠲᠠᠯᠪᠢᠭᠠᠳ ᠢᠷᠡᠬᠦ ᠳᠤ ᠲᠠᠨ ᠢ ︽ᠰᠠᠪᠠᠭ᠎ᠠ ᠦᠭᠡᠢ ᠬᠡᠷᠡᠭ ᠢ ᠬᠠᠮᠢᠶᠠᠷᠦᠯᠠ︾ ᠭᠡᠵᠦ ᠣᠴᠠᠭᠠᠷᠳᠠᠭᠰᠠᠨ ᠳᠤ ᠪᠠᠨ | ᠪᠢ ᠣᠳᠣ ᠬᠠᠷᠠᠮᠰᠠᠵᠦ ᠪᠠᠶᠢᠨ᠎ᠠ ᠡ᠂ ᠡᠵᠢ ᠡ︕ ᠨᠠᠳᠠ ᠲᠠᠢ ᠴᠤᠭ ᠪᠠᠶᠢᠭᠰᠠᠨ ᠡᠨᠡ ᠨᠠᠢᠮᠠᠨ ᠵᠢᠯ ᠤᠨ ᠲᠤᠷᠰᠢ | ᠪᠢ ᠦᠪᠡᠷ ᠢᠶᠠᠨ ᠦᠳᠡᠯᠬᠦ ᠦᠭᠡᠢ ᠶᠤᠮ ᠰᠢᠭ᠋ ᠲᠠᠨ ᠢ ︽ᠠᠶᠠᠭ᠎ᠠ ᠴᠡᠪᠡᠷᠬᠡᠨ ᠤᠬᠢᠶᠠᠵᠤ ᠴᠢᠳᠠᠬᠤ ᠦᠭᠡᠢ ᠪᠠᠶᠢᠵᠦ | ᠤᠬᠢᠶᠠᠭᠠᠳ ᠶᠠᠭᠠᠬᠢᠬᠤ ᠭᠡᠰᠡᠨ ᠶᠤᠮ︖︾ ︽ᠠᠯᠴᠢᠭᠤᠷ ᠢ ᠴᠢᠩᠭ᠎ᠠ ᠮᠤᠰᠬᠢᠬᠤ ᠦᠭᠡᠢ ᠤᠰᠣ ᠲᠠᠢ | ᠲᠠᠯᠪᠢᠭᠰᠠᠭᠠᠷ ᠪᠠᠶᠢᠵᠦ ᠦᠨᠦᠷ ᠤᠷᠤᠭᠤᠯᠴᠢᠬᠠᠯᠠ︾᠂ ︽ᠡᠭᠦᠨ ᠢ ᠭᠡᠳᠦ ᠬᠡᠯᠡᠯ᠎ᠡ᠂ ᠪᠢ ᠪᠦᠷ ᠴᠡᠭᠡᠵᠢᠯᠡᠴᠢᠭᠡᠭᠰᠡᠨ | ᠡ︕︾᠂ ︽ᠡᠵᠢ ᠡ᠂ ᠲᠠ ᠣᠳᠣ ᠪᠠᠭ᠎ᠠ ᠰᠢᠭ᠋ ᠦᠭᠡᠨ ᠳᠤ ᠲᠤᠷᠠᠯᠠ︕ ᠣᠴᠢᠷ ᠶᠠᠪᠤᠳᠠᠯ ᠢ ᠬᠤᠭᠤᠷᠤᠨᠳᠦ | ᠨᠢ ᠬᠤᠳᠬᠤᠵᠦ ᠪᠠᠶᠢᠨ᠎ᠠ ᠰᠢᠦ︾ ᠭᠡᠵᠦ ᠲᠠᠨ ᠳᠤ ᠣᠴᠠᠭᠠᠷᠯᠠᠭᠰᠠᠨ᠂ ᠶᠠᠷᠢᠭᠰᠠᠨ ᠪᠤᠯᠭᠠᠨ ᠳᠤ ᠪᠠᠨ ᠵᠠᠩᠬᠢᠷᠠᠵᠦ | ᠪᠠᠶᠢᠨ᠎ᠠ᠃ ᠨᠡᠩ ᠴᠣ᠋ ᠪᠤᠴᠠᠭᠠᠳ ᠠᠬ᠎ᠠ ᠶᠢᠨ ᠬᠢ ᠤᠷᠤᠭᠤ ᠨᠡᠬᠦᠵᠦ ᠶᠠᠪᠤᠬᠤ ᠳᠤ ᠴᠢᠨᠢ ︽ᠰᠠᠶᠢᠪ ᠰᠠᠶᠢᠬᠠᠨ | ᠪᠠᠶᠢᠭᠠᠳ ᠪᠠᠰᠠ ᠶᠠᠭᠠᠬᠢᠯ᠎ᠠ︖ ᠨᠠᠮᠠᠶᠢ ᠬᠡᠯᠡᠯ᠎ᠡ ᠶᠠᠷᠢᠯ᠎ᠠ ᠭᠡᠳ ᠶᠠᠪᠤᠬᠤ ᠭᠡᠵᠦ ᠪᠠᠶᠢᠨ᠎ᠠ ᠤᠤ︖︾ ᠭᠡᠬᠦ ᠳᠤ ︽ | ᠡᠵᠢ ᠲᠠᠢ ᠬᠦᠮᠦᠨ ᠡᠷᠬᠡᠯᠡᠬᠦ ᠦᠭᠡᠢ ᠶᠠᠭᠠᠬᠢᠬᠤ ᠪᠤᠢ︕︾ ᠭᠡᠵᠤ ᠪᠢᠯᠡ᠃ | ᠬᠠᠷᠢᠨ ᠰᠡᠭᠦᠯ ᠳᠤ ᠨᠢ ᠰᠣᠨᠣᠰᠬᠤ ᠳᠤ ︽ᠪᠢ ᠨᠢᠭᠡ ᠡᠳᠦᠷ ᠶᠠᠪᠤᠴᠢᠬᠠᠪᠠᠯ ᠬᠤᠶᠢᠨ᠎ᠠ ᠠᠴᠠ ᠮᠢᠨᠢ ᠰᠠᠨᠠᠭᠠᠳ | ᠪᠦᠷ ᠭᠠᠭᠴᠠᠭᠠᠷᠳᠠᠨ᠎ᠠ᠂ ᠬᠡᠦᠬᠡᠨ ᠮᠢᠨᠢ᠃ ᠲᠡᠩᠳᠡᠭᠦᠦ ᠲᠠᠰᠴᠢᠬᠠᠪᠠᠯ ᠪᠤᠯᠬᠤ ᠦᠭᠡᠢ᠃ ᠪᠢ ᠶᠠᠪᠤᠶ᠎ᠠ︕ ᠭᠠᠭᠴᠠᠭᠠᠷ | ᠰᠠᠭᠤᠵᠦ ᠰᠤᠷᠠᠭ︕︾ ᠭᠡᠳ ᠡᠵᠢ ᠮᠢᠨᠢ ᠲᠠ ᠨᠠᠳᠠ ᠠᠴᠠ ᠰᠠᠯᠵᠦ ᠶᠠᠪᠤᠭᠰᠠᠨ ᠪᠠᠶᠢᠵᠦ ᠳ᠋ᠠ︕ ᠬᠦᠭᠡᠷᠦᠬᠦᠢ | ᠡᠵᠢ ᠮᠢᠨᠢ᠂ ᠲᠠ ᠨᠠᠮᠠᠶᠢ ᠬᠠᠶᠢᠷᠠᠯᠠᠨ ᠰᠠᠨᠠᠭᠰᠠᠭᠠᠷ ᠲᠠᠪᠢ ᠬᠦᠷᠭᠡᠯ᠎ᠡ︕ ᠦᠬᠢᠨ ᠴᠢᠨᠢ ᠪᠢ ᠲᠠᠨ ᠤ ᠰᠡᠳᠬᠢᠯ ᠢ | ᠮᠡᠳᠡᠭᠰᠡᠨ ᠦᠭᠡᠢ ᠁ ᠪᠢ ᠲᠠᠨ ᠤ ᠲᠤᠰᠣ ᠰᠢᠭ᠋ ᠰᠠᠨᠠᠭ᠎ᠠ ᠶᠢ ᠴᠠᠷᠴᠠᠭᠤᠯᠤᠮᠠᠷ ᠶᠠᠭᠤᠮ᠎ᠠ ᠪᠤᠳᠤᠵᠦ ᠶᠠᠪᠤᠭᠰᠠᠨ ᠁ | ᠰᠦ ᠰᠢᠭ ᠰᠡᠳᠬᠢᠯ ᠢ ᠴᠢᠨᠢ ᠡᠭᠡᠳᠦᠭᠦᠯᠬᠦ ᠦᠭᠡ ᠬᠡᠯᠡᠵᠦ ᠶᠠᠪᠤᠭᠰᠠᠨ ᠁ ᠡᠨᠡ ᠪᠦᠬᠦᠨ ᠳᠤ ᠪᠠᠨ ᠬᠠᠷᠠᠮᠰᠠᠵᠦ | ᠪᠠᠶᠢᠨ᠎ᠠ︕ ᠡᠵᠢ ᠡ᠂ ᠪᠢ ᠬᠠᠷᠠᠮᠰᠠᠵᠦ ᠪᠠᠶᠢᠨ᠎ᠠ ᠁ ᠬᠢᠭᠰᠡᠨ ᠬᠡᠯᠡᠭᠰᠡᠨ ᠨᠢᠬᠦᠯ ᠢ ᠮᠢᠨᠢ ᠴᠠᠭᠠᠨ ᠰᠦ ᠪᠠᠷ | ᠢᠶᠠᠨ ᠠᠷᠢᠭᠤᠰᠬᠠᠵᠦ ᠬᠠᠶᠢᠷᠠᠯᠠ︕ ᠬᠡᠷᠪᠡ ᠦᠨᠡᠭᠡᠷ ᠪᠤᠷᠬᠠᠨ ᠭᠡᠵᠦ ᠪᠠᠶᠢᠳᠠᠭ ᠪᠤᠯ ᠲᠠ ᠯᠠ ᠮᠢᠨᠦ ᠪᠤᠷᠬᠠᠨ᠂ | ᠨᠠᠳᠠ ᠳᠤ ᠦᠭᠡᠷ᠎ᠡ ᠶᠠᠮᠠᠷ ᠴᠣ᠋ ᠪᠤᠷᠬᠠᠨ ᠬᠡᠷᠡᠭ ᠦᠭᠡᠢ᠃ ᠮᠢᠨᠦ ᠠᠮᠢᠳᠣ ᠪᠤᠷᠬᠠᠨ᠂ ᠣᠷᠳᠣ ᠨᠠᠰᠣᠯᠠᠠᠭᠠᠷᠠᠢ︕ | | ᠡᠬᠦᠨᠡ ᠄ ᠦᠬᠢᠨ ᠴᠢᠨᠢ ᠵᠢᠷᠡᠨᠴᠡᠴᠡᠭ ᠠᠴᠠ |