— ᠮᠤᠳᠤᠨ ᠤ ᠲᠤᠬᠠᠢ ᠮᠢᠨᠦ ᠳᠤᠷᠠᠰᠤᠮᠵᠢ | ᠠ | ᠮᠤᠳᠤ ᠲᠠᠷᠢᠵᠤ ᠤᠶᠢᠵᠢᠭᠤᠯᠤᠶᠠ ᠭᠡᠵᠦ | ᠮᠠᠤ ᠵᠦᠰᠢ ᠤᠷᠢᠶᠠᠯᠠᠭᠰᠠᠨ ᠶᠤᠮ | ᠮᠠᠦ ᠵᠦᠰᠢ ᠶᠢᠨ ᠤᠷᠢᠶᠠᠯᠠᠭ᠎ᠠ ᠶᠢ ᠳᠠᠭᠠᠭᠠᠤᠨ | ᠮᠠᠰᠢ ᠤᠯᠠᠨ ᠢᠷᠡᠭᠡᠤᠨ | ᠮᠤᠳᠤ ᠲᠠᠷᠢᠵᠤ ᠡᠬᠢᠯᠡᠭᠰᠡᠨ ᠶᠤᠮ︕ | ᠲᠠᠪᠢ ᠵᠢᠷᠠᠭᠠᠤᠨ ᠤᠨ ᠤ ᠮᠤᠳᠤ | ᠲᠠᠬᠢᠷ ᠮᠤᠰᠢᠭᠠᠷ ᠴᠤ | ᠤᠷᠭᠤᠳᠠᠭ ᠪᠠᠶᠢᠭᠰᠠᠨ ᠶᠤᠮ | ᠲᠠᠯᠠᠭᠠᠤᠨ ᠤᠨ ᠤ ᠦᠶ᠎ᠡ ᠶᠢᠨ ᠮᠤᠳᠤ | ᠳᠠᠪᠠᠭᠤᠯᠤᠨ ᠪᠡᠶᠡᠯᠡᠭᠦᠯᠳᠡᠭ | ᠠᠬᠢᠴᠠ ᠲᠠᠢ ᠪᠠᠶᠢᠭᠰᠠᠨ ᠶᠤᠮ︕ | ᠨᠠᠶᠠ ᠶᠡᠷᠡᠭᠡᠤᠨ ᠤᠨ ᠤ ᠮᠤᠳᠤ | ᠨᠡᠮᠡᠭᠳᠡᠭᠰᠡᠨ ᠨᠢ ᠴᠤᠬᠤᠮ ᠯᠠᠪ ᠬᠠᠰᠤᠭᠳᠠᠭᠰᠠᠨ ᠶᠤᠮ︖︕ | ᠬᠤᠪᠢ ᠶᠢᠨ ᠬᠢ ᠪᠤᠯᠵᠤ ᠦᠮᠴᠢᠯᠡᠭᠳᠡᠬᠦ | ᠬᠤᠪᠢ ᠵᠠᠶᠠᠭᠠᠨ ᠤ ᠦᠷᠢᠰᠦᠯᠳᠦᠭᠡᠨ ᠳᠤ | ᠬᠤᠪᠢᠶᠠᠭᠳᠠᠵᠤ ᠤᠭᠲᠤᠯᠤᠭᠳᠠᠵᠤ ᠡᠬᠢᠯᠡᠭᠰᠡᠨ ᠶᠤᠮ︕ | ᠬᠢᠴᠢᠶᠡᠯ ᠢᠶᠠᠨ ᠰᠡᠷᠭᠦᠭᠡᠵᠦ | ᠬᠤᠪᠢᠰᠬᠠᠯ ᠬᠢᠬᠦ ᠠᠴᠠ ᠡᠬᠢᠯᠡᠭᠡᠤᠨ | ᠬᠡᠳᠦᠨ ᠠᠷᠪᠠᠨ ᠵᠢᠯ ᠢᠶᠠᠷ ᠪᠢ | ᠮᠤᠳᠤ ᠲᠠᠷᠢᠭᠰᠠᠨ ᠰᠤᠷᠤᠭᠴᠢ ᠶᠠᠪᠤᠭᠰᠠᠨ ᠶᠤᠮ | ᠠᠵᠢᠯᠴᠢᠨ ᠲᠠᠷᠢᠶᠠᠴᠢᠨ ᠴᠡᠷᠢᠭ ᠠᠴᠠ | ᠰᠤᠷᠤᠯᠴᠠᠵᠤ ᠪᠠᠶᠢᠭᠰᠠᠨ ᠲᠡᠷᠡ ᠦᠶ᠎ᠡ ᠳᠤ | ᠠᠵᠢᠯ ᠬᠦᠳᠡᠯᠮᠤᠷᠢ ᠨᠢ ᠰᠤᠷᠤᠭᠴᠢᠤᠨ ᠤᠨ | ᠭᠤᠤᠯ ᠬᠢᠴᠢᠶᠡᠯ ᠪᠤᠯᠵᠤ ᠪᠠᠶᠢᠭᠰᠠᠨ ᠠᠴᠠ | ᠪᠠᠯᠭᠠᠰᠤᠨ ᠤ ᠵᠡᠭᠦᠨ ᠠᠭᠤᠯᠠ ᠶᠢ | ᠪᠠᠷᠤᠭ ᠪᠦᠷᠬᠦᠲᠡᠯ᠎ᠡ ᠮᠤᠳᠤ ᠲᠠᠷᠢᠭᠰᠠᠨ ᠴᠤ | ᠤᠶᠢᠵᠢᠭᠤᠯᠬᠤ ᠳᠤᠲᠤᠮ ᠢᠶᠠᠨ ᠨᠢᠮᠭᠡᠷᠡᠵᠦ | ᠲᠠᠷᠢᠬᠤ ᠳᠤᠲᠤᠮ ᠢᠶᠠᠨ ᠰᠠᠶᠢᠷᠡᠭᠵᠢᠭᠰᠡᠨ | ᠲᠤᠬᠠᠢ ᠶᠢᠨ ᠦᠶ᠎ᠡ ᠶᠢᠨ ᠤᠢ ᠮᠤᠳᠤᠨ ᠤ | ᠲᠤᠶᠢᠮᠤ ᠤᠴᠢᠷ ᠢ ᠪᠢ | ᠤᠷᠤᠶᠢᠲᠠᠵᠤ ᠮᠡᠳᠡᠭᠰᠡᠨ ᠶᠤᠮ︕ | ᠵᠢᠯ ᠪᠤᠯᠭᠠᠨ ᠤ ᠬᠠᠪᠤᠷ ᠨᠠᠮᠤᠷ ᠤᠨ | ᠤᠶᠢᠵᠢᠭᠤᠯᠤᠯᠲᠠ ᠴᠤ ᠪᠤᠯᠤᠭ | ᠵᠢᠷ ᠤᠨ ᠠᠷᠠᠤᠨ ᠤᠨ | ᠠᠯᠪᠠᠨ ᠵᠢᠷᠤᠮ ᠤᠨ ᠮᠤᠳᠤ ᠴᠦ ᠪᠠᠶᠢᠭ | ᠵᠦᠪᠬᠡᠨ ᠵᠤᠭᠤᠰ ᠢᠶᠠᠨ ᠲᠤᠰᠢᠶᠠᠪᠠᠯ ᠪᠤᠯᠴᠢᠬᠠᠳᠠᠭ | ᠵᠢᠭᠲᠡᠢ ᠦᠵᠡᠭᠳᠡᠯ ᠭᠠᠷᠤᠭᠰᠠᠨ ᠶᠤᠮ | ᠦᠭᠭᠦᠭᠰᠡᠨ ᠵᠤᠭᠤᠰ ᠨᠢ | ᠬᠡᠨ ᠤ ᠭᠠᠷ ᠲᠤ ᠤᠷᠤᠭᠠᠤᠨ | ᠡᠭᠦᠷᠭᠡ ᠶᠢᠨ ᠮᠤᠳᠤ ᠨᠢ | ᠬᠠᠮᠢᠭ᠎ᠠ ᠤᠷᠭᠤᠭᠰᠠᠨ ᠢ | ᠦᠵᠡᠭᠡᠤᠨ ᠦᠭᠭᠦᠶ᠎ᠡ ᠬᠡᠭᠦ ᠳᠤ | ᠮᠡᠳᠡᠬᠦ ᠬᠦᠮᠦᠨ ᠦᠬᠡᠢ ᠪᠤᠯᠤᠭᠰᠠᠨ ᠰᠢᠭ᠋ | ᠳᠠᠯᠳᠠ ᠤᠷᠭᠤᠳᠠᠭ ᠮᠤᠳᠤᠨ ᠤ ᠬᠢᠨᠢ | ᠲᠠᠷᠢᠵᠤ ᠨᠦᠬᠦᠭᠰᠡᠨ ᠲᠤᠭ᠎ᠠ ᠨᠢ ᠯᠡ | ᠳᠠᠬᠢᠨ ᠳᠠᠬᠢᠨ ᠢᠶᠠᠷ ᠨᠡᠮᠡᠭᠳᠡᠯ᠎ᠡ ᠭᠡᠵᠦ | ᠰᠤᠨᠢᠨ ᠳᠤ ᠳᠠᠩᠳᠠ ᠪᠢᠴᠢᠬᠦ ᠠᠴᠠ ᠦᠭᠡᠷ᠎ᠡ | ᠲᠠᠷᠢᠭᠰᠠᠨ ᠮᠤᠳᠤ ᠴᠢᠨᠢ | ᠬᠠᠮᠢᠭ᠎ᠠ ᠪᠠᠶᠢᠨ᠎ᠠ ᠪᠤᠢ ᠭᠡᠤᠨ | ᠤᠨᠢᠨ ᠳᠡᠭᠡᠷ᠎ᠡ ᠨᠢ ᠤᠴᠢᠷᠯᠠᠵᠤ | ᠬᠠᠷᠭᠤᠭᠤᠯᠵᠤ ᠬᠠᠮᠢᠶᠠᠷᠬᠤ ᠦᠭᠡᠢ ᠪᠤᠯᠤᠭᠰᠠᠨ ᠨᠢ | ᠬᠠᠷᠢᠨ ᠢᠯᠵᠢᠷᠠᠯ ᠤᠨ ᠬᠢ ᠪᠠᠶᠢᠭᠰᠠᠨ ᠶᠤᠮ᠂᠂᠂᠂᠂ | ᠡ | ᠲᠠᠪᠢᠨ ᠵᠢᠯ ᠤᠨ ᠡᠮᠦᠨᠡᠬᠢ | ᠲᠠᠷᠢᠭᠰᠠᠨ ᠮᠤᠳᠤ ᠪᠠᠨ ᠨᠢᠭᠡ ᠦᠵᠡᠶ᠎ᠡ ᠭᠡᠤᠨ | ᠲᠠᠷᠢᠶᠠᠨ ᠤ ᠳᠠᠯᠠᠩ ᠢᠶᠠᠷ ᠬᠦᠷᠬᠦ ᠳᠤ | ᠲᠠᠪᠤ᠂ ᠠᠷᠪᠠᠭ᠋ᠠᠨ ᠪᠤᠳᠠ ᠯᠠ | ᠲᠦᠡᠭᠬᠡᠵᠢ ᠠᠮᠢᠲᠠᠢ ᠪᠠᠶᠢᠭᠰᠠᠨ ᠶᠤᠮ | ᠵᠡᠬᠦᠨ ᠠᠭᠤᠯᠠᠨ ᠳᠠᠬᠢ ᠮᠤᠳᠤ ᠮᠢᠨᠢ ᠯᠠᠪ | ᠵᠤᠵᠠᠭᠠᠨ ᠰᠢᠭᠤᠢ ᠪᠤᠯᠤᠭᠰᠠᠨ ᠡ ᠭᠡᠤᠨ | ᠵᠤᠷᠢᠵᠤ ᠪᠠᠶᠠᠷ ᠲᠠᠢ ᠤᠴᠢᠬᠤ ᠳᠤ | ᠪᠠᠷᠵᠠᠶᠢᠭᠰᠠᠨ ᠰᠢᠷᠤᠢ ᠶᠢᠨ ᠤᠪᠤᠭ᠎ᠠ ᠨᠤᠭᠤᠳ | ᠪᠠᠶᠢᠴᠠ ᠮᠠᠭᠤᠲᠠᠢ ᠲᠦᠡᠭᠬᠦᠶᠢᠯᠴᠡᠭᠡᠤᠨ | ᠠᠷᠵᠠᠶᠢᠲᠠᠯᠠ ᠳᠠᠯᠪᠡᠴᠢᠭᠳᠡᠭᠰᠡᠨ ᠴᠢᠯᠠᠭᠤ ᠨᠤᠭᠤᠳ | ᠠᠷᠭ᠎ᠠ ᠦᠭᠡᠢ ᠰᠢᠦ ᠭᠡᠰᠡᠨ ᠴᠢᠷᠠᠢ ᠲᠠᠢ | ᠴᠤᠬᠤᠮ ᠴᠦᠭᠦᠬᠡᠨ ᠪᠠᠶᠢᠯᠴᠠᠭᠰᠠᠨ | ᠦᠡᠭᠭᠡᠷᠡᠭᠰᠡᠨ ᠢ ᠢᠡᠭᠭᠢᠵᠦ ᠳᠤᠷᠠᠤᠨᠬᠤ ᠨᠢ | ᠦᠨᠦᠳᠦᠷ ᠢᠶᠠᠨ ᠲᠠᠨᠢᠬᠤ ᠶᠢᠨ ᠲᠦᠯᠦᠭᠡ ᠶᠤᠮ | ᠰᠡᠤᠨᠬᠢᠯ ᠰᠡᠷᠭᠦᠭᠡᠮ ᠬᠤᠪᠢᠷᠠᠯᠲᠠ ᠲᠠᠢ | ᠰᠢᠨ᠎ᠡ ᠡᠷᠡᠨ ᠳᠡᠭᠡᠨ ᠵᠢᠤᠨᠬᠦᠵᠦ | ᠤᠭ ᠰᠠᠨᠠᠭ᠎ᠠ ᠪᠠᠨ ᠮᠠᠷᠲᠠᠯ ᠦᠭᠡᠢ | ᠤᠷᠤᠭᠰᠢᠯᠠᠨ ᠳᠠᠪᠰᠢᠬᠤ ᠳᠤ ᠲᠤᠰᠠ ᠲᠠᠢ ᠶᠤᠮ︕ | ᠢ | ᠠᠮᠢ ᠤᠷᠴᠢᠨ ᠤ ᠪᠤᠳᠤᠯᠭ᠎ᠠ ᠲᠠᠢ | ᠠᠭᠤᠤ — ᠰᠢᠨ᠎ᠡ ᠴᠠᠭ ᠦᠶ᠎ᠡ ᠮᠢᠨᠢ | ᠤᠶᠢᠵᠢᠭᠤᠯᠵᠤ ᠨᠤᠭᠤᠭᠠᠷᠠᠭᠤᠯᠬᠤ ᠤᠶᠢᠯᠡᠰ ᠢᠶᠠᠨ | ᠬᠠᠤᠯᠢ ᠶᠢᠨ ᠪᠠᠲᠤᠯᠠᠭ᠎ᠠ ᠲᠠᠢ ᠪᠤᠯᠭᠠᠵᠤ | 《 ᠬᠦᠬᠡᠮᠳᠦᠭ ᠨᠤᠭᠤᠭᠠᠨ ᠠᠭᠤᠯᠠ ᠪᠤᠯ ᠠᠯᠲᠠ | ᠮᠦᠡᠭᠭᠦᠨ ᠠᠭᠤᠯᠠ》 ᠭᠡᠤᠨ | ᠤᠢ ᠮᠤᠳᠤᠨ ᠤ ᠠᠴᠢ ᠲᠤᠰᠠ ᠶᠢ | ᠤᠯᠠᠨ ᠳᠠᠭᠠᠨ ᠢᠡᠭᠭᠢᠵᠦ ᠲᠠᠨᠢᠭᠤᠯᠤᠭᠠᠤᠨ | 《 ᠠᠮᠢ ᠨᠠᠰᠤ ᠪᠠᠨ ᠬᠠᠶᠢᠷᠠᠯᠠᠬᠤ ᠰᠢᠭ᠋ | ᠡᠬᠡ ᠤᠯᠤᠰ ᠢᠶᠠᠨ ᠤᠶᠢᠵᠢᠭᠤᠯᠬᠤ》 | ᠶᠡᠭᠡ ᠬᠤᠯᠠ ᠶᠢᠨ ᠬᠠᠷᠠᠯᠲᠠ ᠪᠠᠷ | ᠢᠷᠡᠭᠡᠤᠨ ᠪᠦᠬᠦᠨ ᠢᠶᠠᠨ ᠵᠡᠪᠰᠡᠭᠯᠡᠭᠡᠤᠨ | 《 ᠡᠮᠦᠨᠡᠬᠢ ᠬᠦᠮᠦᠨ ᠨᠢ ᠮᠤᠳᠤ ᠲᠠᠷᠢᠵᠤ | ᠬᠤᠶᠢᠨᠠᠬᠢ ᠨᠢ ᠰᠡᠷᠢᠭᠦᠴᠡᠵᠦ ᠵᠢᠷᠭᠠᠨ᠎ᠠ》 ᠭᠡᠳᠡᠭ | ᠬᠤᠤᠰ ᠦᠭᠡᠢ ᠮᠡᠷᠭᠡᠨ ᠦᠭᠡ ᠶᠢ | ᠦᠯᠢᠭᠡᠷ ᠰᠤᠷᠭᠠᠯ ᠲᠠᠳᠦᠢ ᠯᠡ ᠪᠢᠰᠢ | ᠦᠨᠡᠨ ᠤᠶᠢᠯᠡᠳᠦᠯᠭᠡ ᠪᠤᠯᠭᠠᠭᠰᠠᠨ ᠠᠴᠠ | ᠠᠭᠤᠯᠠᠨ ᠠᠷᠤ ᠶᠢᠨ ᠠᠩᠭᠠᠮᠠᠯ ᠬᠦᠷᠦᠰᠦᠨ ᠳᠤ | ᠤᠶᠢᠯᠠᠨ ᠬᠠᠶᠢᠯᠠᠨ ᠴᠦᠭᠡᠷᠡᠭᠰᠡᠭᠡᠷ ᠪᠠᠶᠢᠭᠰᠠᠨ | ᠮᠠᠤ ᠵᠦᠰᠢ ᠶᠢᠨ ᠬᠡᠳᠦᠨ ᠮᠤᠳᠤ — | ᠤᠭ ᠦᠨᠳᠦᠰᠦ ᠨᠢ ᠲᠠᠰᠤᠷᠠᠯ ᠦᠭᠡᠢ | ᠰᠢᠨ᠎ᠡ ᠴᠠᠭ ᠲᠠᠢ ᠪᠠᠨ ᠵᠤᠯᠭᠠᠭᠰᠠᠨ ᠶᠤᠮ︕ | ᠰᠡᠷᠭᠦᠵᠦ ᠤᠷᠭᠤᠬᠤ ᠬᠤᠪᠢ ᠲᠠᠢ | ᠰᠢᠭᠤᠶᠢᠷᠠᠬᠤ ᠵᠠᠮ ᠳᠠᠭᠠᠨ ᠤᠷᠤᠭᠰᠠᠨ ᠶᠤᠮ | ᠮᠢᠨᠦ ᠨᠤᠲᠤᠭ ᠤᠨ ᠬᠡᠳᠦᠨ ᠤᠳᠠ ᠴᠤ | ᠮᠢᠩᠭ᠎ᠠ ᠲᠦᠮᠡ ᠪᠤᠯᠵᠤ ᠦᠰᠦᠭᠡᠤᠨ | ᠮᠠᠩᠬ᠎ᠠ ᠪᠠᠨ ᠪᠦᠷᠬᠦᠬᠦ ᠠᠵᠠ ᠲᠠᠢ | ᠮᠠᠨᠳᠤᠬᠤ ᠢᠷᠡᠭᠡᠳᠦᠢ ᠪᠠᠨ ᠤᠭᠲᠤᠭᠰᠠᠨ ᠶᠤᠮ︕ | |