ᠡᠵᠢ ᠶᠢᠨ ᠠᠴᠢᠯᠠᠯ ᠳᠤ    — ᠭᠠᠯᠰᠠᠩ
ᠨᠡᠶᠢᠲᠡᠯᠡᠭᠰᠡᠨ ᠴᠠᠭ᠄
2019-06-05
          ᠡᠵᠢ ᠶᠢᠨ ᠠᠴᠢᠯᠠᠯ ᠳᠤ                                           — ᠭᠠᠯᠰᠠᠩ ᠦᠨᠢ ᠤᠷᠴᠢᠬᠤ ᠬᠤᠷᠸ᠎ᠠ ᠳᠤ  ᠨᠢᠭᠡᠯᠭᠡᠨ ᠵᠠᠶᠠᠭᠠᠭᠰᠠᠨ     ᠲᠦᠰᠢᠭ ᠦᠷᠦ ᠵᠢᠷᠦᠬᠡᠨ ᠤ ᠬᠦᠨ ᠠᠴᠠ ᠪᠠᠨ  ᠨᠠᠮᠠᠢᠢ ᠪᠦᠪᠠᠶᠢᠯᠡᠭᠰᠡᠨ     ᠡᠵᠢ ᠳᠡᠭᠡᠨᠦᠷᠨᠢᠨ ᠬᠦᠭᠵᠢᠬᠦ ᠠᠮᠢᠳᠤᠷᠠᠯ ᠤᠨ  ᠤᠶᠢᠯᠠᠬᠤ ᠳᠠᠪᠠᠯᠭᠠᠨ ᠳᠤ     ᠦᠭᠰᠦᠬᠦ ᠳᠡᠭᠡᠨ ᠦᠷᠦᠰᠢᠶᠡᠯᠲᠦ ᠲᠠᠨ ᠢ ᠪᠠᠨ ᠳᠤᠷᠠᠰᠬᠠᠭᠰᠠᠨ  ᠤᠯᠳᠤᠢ ᠪᠠᠳᠠᠭ ᠢᠶᠠᠨ     ᠡᠷᠬᠦᠨᠡᠮ︕ ᠠᠶᠠᠭ᠎ᠠ ᠤᠮᠳᠠ ᠶᠢ ᠴᠢᠨᠢ   ᠵᠢᠰᠢᠶᠡᠯᠡᠨ ᠬᠦᠷᠲᠡᠵᠦ     ᠲᠠᠮᠢᠷᠵᠢᠭᠰᠠᠨ ᠢᠶᠠᠨ ᠠᠷᠢᠭᠤᠨ ᠰᠤᠷᠭᠠᠯ ᠢ ᠴᠢᠨᠢ   ᠠᠰᠬᠠᠨ ᠬᠦᠯᠢᠶᠡᠵᠦ     ᠨᠠᠨᠳᠢᠩᠨᠠᠭᠰᠠᠨ ᠢᠶᠠᠨ ᠠᠴᠢᠷ ᠦᠷ᠎ᠡ ᠨᠢ ᠭᠡᠵᠦ   ᠲᠠᠭᠠᠯᠠᠯ ᠵᠦᠡᠭᠨᠡᠯ ᠳᠤᠨᠢ     ᠬᠢᠴᠢᠶᠡᠭᠰᠡᠨ ᠢᠶᠠᠨᠠᠴᠢᠲᠦ ᠲᠠᠨ ᠢ ᠪᠠᠨ   ᠲᠠᠯᠠᠶᠢᠭᠰᠠᠨ ᠰᠦᠨᠡᠰᠦᠨ ᠳᠤ     ᠡᠷᠭᠦᠨ ᠪᠤᠢ᠃ ᠬᠦᠯ ᠠᠯᠳᠠᠮ᠎ᠠ ᠬᠦᠮᠦᠰ ᠤᠨ ᠤᠷᠤᠰᠬᠠᠯ ᠳᠤ   ᠬᠦᠦ ᠨᠢ ᠬᠤᠮᠤᠷᠤᠭᠳᠠᠨ     ᠤᠷᠤᠬᠤ ᠳᠤ ᠬᠦᠰᠡᠯ ᠵᠤᠷᠢᠭ ᠢ ᠡᠬᠡ ᠤᠷᠤᠨ ᠳᠠᠭᠠᠨ   ᠡᠷᠬᠦ ᠭᠡᠵᠦ ᠡᠵᠢ ᠮᠢᠨᠢ     ᠵᠠᠬᠢᠵᠦ ᠪᠠᠶᠢᠭᠰᠠᠨ ᠬᠦᠷᠪᠡᠭᠡᠨ ᠲᠦᠷᠪᠡᠭᠡᠨ ᠲᠠᠢ ᠠᠮᠢᠳᠤᠷᠠᠯ ᠤᠨ ᠳᠠᠯᠠᠢ ᠳᠤ   ᠬᠦᠮᠦᠨ ᠤ ᠵᠡᠷᠭᠡ ᠳᠤ     ᠬᠦᠷᠬᠦ ᠳᠤ ᠬᠦᠴᠦ ᠲᠠᠮᠢᠷ ᠢ ᠡᠬᠡ ᠦᠨᠳᠦᠰᠦᠲᠡᠨ ᠳᠡᠭᠡᠨ   ᠵᠤᠷᠢᠭᠤᠯ ᠭᠡᠵᠦ ᠡᠵᠢ ᠮᠢᠨᠢ     ᠲᠠᠪᠲᠠᠵᠦ ᠪᠠᠶᠢᠭᠰᠠᠨ ᠬᠠᠯᠢᠯ ᠪᠤᠯᠤᠭᠰᠠᠨ ᠡᠵᠢ ᠶᠢᠨ ᠮᠢᠨᠢ ᠵᠠᠬᠢᠶ᠎ᠠ   ᠴᠡᠭᠡᠵᠢᠨ᠎ᠡ     ᠰᠠᠨᠠᠭᠳᠠᠬᠤ ᠳᠤ ᠬᠠᠯᠠᠭᠤᠨ ᠴᠢᠰᠤᠨ᠎ᠠ ᠠᠭᠤᠰᠤᠨ ᠰᠢᠮᠡᠳᠦᠭᠰᠡᠨ   ᠵᠤᠷᠢᠭ ᠮᠢᠨᠢ     ᠡᠷᠴᠢᠯᠡᠳᠡᠭ ᠬᠠᠮᠤᠭ ᠤᠶᠤᠨ ᠳᠤ ᠬᠦᠨ ᠰᠡᠶᠢᠯᠦᠭᠳᠡᠭᠰᠡᠨ   ᠠᠴᠢᠯᠠᠯ ᠤᠨ ᠴᠢᠨᠢ     ᠬᠠᠷᠢᠭᠤ ᠳᠤ ᠬᠠᠮᠢᠭ᠎ᠠ ᠪᠠᠶᠢᠭᠰᠠᠨ ᠴᠤ ᠬᠦᠪᠡᠭᠦᠨ ᠴᠢᠨᠢ   ᠵᠢᠤᠨᠬᠦᠯ ᠢᠶᠠᠷ ᠢᠶᠠᠨ     ᠬᠠᠷᠢᠭᠤᠯᠤᠨᠠᠮ᠃ ᠡᠩᠭᠦᠷᠡᠢ ᠦᠷ᠎ᠡ ᠶᠢᠨ ᠢᠶᠠᠨ ᠦᠭᠡᠳᠡᠯᠡᠨ ᠳᠠᠪᠰᠢᠬᠤ   ᠡᠷᠡᠰ ᠰᠢᠭᠤᠳᠠᠮᠠᠭ ᠢ     ᠬᠠᠷᠠᠭᠠᠤᠨ ᠡᠬᠡ ᠶᠢᠨ ᠡᠯᠢᠭᠡᠨ ᠳᠤ ᠤᠷᠮᠠᠰᠢᠯ ᠠᠮᠤᠷᠵᠢᠯ   ᠮᠦᠡᠭᠭᠡ ᠰᠠᠭᠠᠲᠠᠬᠤ     ᠪᠤᠯᠤᠭᠠᠰᠢ︕ ᠡᠷᠡᠮᠡᠯᠵᠡᠯᠡᠨ ᠵᠠᠬᠢᠭᠰᠠᠨ ᠵᠦᠢᠯᠡᠰ ᠴᠢᠨᠢ   ᠡᠭᠦᠷᠢᠳᠡ ᠴᠡᠭᠡᠵᠢᠨ ᠳᠤ     ᠬᠠᠳᠠᠭᠠᠯᠠᠭᠳᠠᠨ ᠪᠤᠢ ᠤᠷᠠᠢ ᠬᠠᠶᠢᠷ᠎ᠠ ᠶᠢᠨ ᠰᠢᠩᠭᠡᠭᠡᠯ ᠪᠤᠯᠤᠭᠰᠠᠨ   ᠡᠵᠢ ᠮᠢᠨᠢ ᠠᠮᠤᠭᠤᠯᠠᠩ     ᠨᠦᠢᠷᠰᠤᠭᠠᠷᠠᠢ︕  
 
ᠢᠷᠡᠯᠲᠡ᠄ ᠵᠠᠰᠠᠭ ᠤᠨ ᠤᠷᠳᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2