ᠬᠡᠤᠬᠡᠳ ᠦᠰᠬᠡᠬᠦᠢ ᠶᠢᠨ ᠤᠬᠠᠭᠠᠨ ᠠᠴᠠ
ᠨᠡᠶᠢᠲᠡᠯᠡᠭᠰᠡᠨ ᠴᠠᠭ᠄
2018-09-05
                   ᠬᠡᠤᠬᠡᠳ ᠦᠰᠬᠡᠬᠦᠢ ᠶᠢᠨ ᠤᠬᠠᠭᠠᠨ ᠠᠴᠠ                                                     ᠯ᠊᠂ ᠲᠠᠰᠢᠨᠢᠮ᠎ᠠ   ᠮᠤᠩᠭᠤᠯ ᠬᠦᠮᠦᠨ ᠪᠦᠷᠢ ᠦᠷ᠎ᠡ ᠬᠡᠤᠬᠡᠳ ᠢᠶᠠᠨ ᠶᠠᠭᠤᠨ ᠤ ᠡᠮᠦᠨ᠎ᠠ ᠬᠦᠮᠦᠨ ᠪᠤᠯᠭᠠᠬᠤ ᠬᠦᠰᠡᠯ ᠡᠷᠡᠮᠡᠯᠵᠡᠯ ᠲᠠᠢ ᠪᠠᠶᠢᠳᠠᠭ᠃ ᠬᠦᠮᠦᠨ ᠪᠤᠯᠭᠠᠨ᠎ᠠ ᠬᠡᠳᠡᠭ ᠨᠢ ᠬᠡᠤᠬᠡᠳ ᠲᠤ ᠬᠦᠮᠦᠨ ᠳᠤ ᠪᠠᠶᠢᠬᠤ ᠶᠤᠰᠤᠳᠠᠢ ᠬᠠᠮᠤᠭ ᠤᠨ ᠡᠷᠬᠢᠮ ᠨᠠᠨᠳᠢᠨ ᠴᠢᠨᠠᠷ ᠢ ᠬᠡᠪᠰᠢᠬᠦᠯᠬᠦ ᠶᠢ ᠬᠡᠯᠡᠳᠡᠭ᠃ ᠲᠠᠷᠡ ᠨᠢ ᠬᠦᠮᠦᠨ ᠳᠤ ᠠᠴᠢ ᠲᠤᠰᠠ ᠪᠤᠯᠵᠦ᠂ ᠦᠪᠡᠷ ᠤᠨ ᠪᠤᠯᠤᠨ ᠬᠦᠮᠦᠨ ᠤ ᠠᠮᠢᠳᠤᠷᠠᠯ ᠳᠤ ᠬᠡᠮ ᠬᠤᠤᠷ ᠦᠭᠡᠢ᠂ ᠦᠪᠡᠷ ᠲᠤ ᠵᠠᠶᠠᠭᠠᠭᠰᠠᠨ ᠬᠤᠪᠢ ᠲᠠᠪᠢᠯᠠᠩ ᠢᠶᠠᠨ ᠵᠦᠪ ᠡᠳ᠋ᠯᠠᠵᠦ ᠂ ᠬᠦᠮᠦᠨ ᠰᠢᠭ ᠠᠮᠢᠳᠤᠷᠠᠬᠤ ᠶᠠᠪᠤᠳᠠᠯ ᠬᠡᠵᠦ ᠦᠵᠡᠳᠡᠭ᠃ ᠱᠠᠰᠢᠨ ᠨᠤᠮ ᠤᠨ ᠪᠠᠭᠰᠢ ᠨᠠᠷ ᠨᠢ ᠪᠤᠯ ᠪᠠᠶ᠎ᠠ᠂ ᠬᠡᠯᠡ᠂ ᠰᠡᠳᠬᠢᠯ ᠭᠤᠷᠪᠠ ᠶᠢᠨ ᠨᠢᠬᠦᠯ ᠦᠭᠡᠢ ᠠᠮᠢᠳᠤᠷᠠᠬᠤ ᠶᠢ ᠰᠤᠷᠭᠠᠨ᠎ᠠ᠃   ᠨᠠᠶᠢᠬᠡᠮ ᠤᠨ ᠬᠠᠷᠢᠯᠴᠠᠭᠠᠨ ᠳᠤ ᠤᠷᠤᠯᠴᠠᠬᠤ ᠳᠠᠭᠠᠨ ᠰᠦᠷᠬᠡᠤ ᠪᠤᠷᠤᠭᠤ ᠤᠶᠢᠯᠡᠳᠦᠯ ᠬᠢᠵᠦ᠂ ᠦᠪᠡᠷ ᠲᠤ ᠪᠤᠯᠤᠨ ᠪᠤᠰᠤᠳ ᠲᠤ ᠬᠤᠤᠷᠳᠠᠢ ᠤᠶᠢᠯᠠ ᠤᠶᠢᠯᠡᠳᠬᠦ ᠶᠢ ᠪᠠᠶ᠎ᠠ ᠶᠢᠨ ᠨᠢᠬᠦᠯ ᠳᠤ ᠲᠤᠭᠠᠴᠢᠳᠠᠭ ᠪᠠᠶᠢᠨ᠎ᠠ᠃ ᠰᠡᠳᠬᠢᠯ ᠤᠨ ᠨᠢᠬᠦᠯ ᠨᠢ ᠤᠶᠤᠨ ᠤᠬᠠᠭᠠᠨ ᠳᠤ ᠪᠤᠷᠤᠭᠤ ᠵᠦᠢᠯ ᠰᠡᠳᠬᠢᠬᠦ᠂ ᠪᠤᠷᠤᠭᠤ ᠦᠵᠡᠯ ᠨᠤᠮᠯᠠᠯ ᠭᠠᠷᠭᠠᠬᠤ᠂ ᠪᠤᠷᠤᠭᠤ ᠲᠦᠰᠦᠬᠡᠯᠡᠯ ᠲᠠᠢ ᠪᠠᠶᠢᠬᠤ ᠶᠢ ᠬᠡᠯᠡᠨ᠎ᠠ᠃   ᠬᠡᠯᠡᠨ ᠤ ᠨᠢᠬᠦᠯ ᠨᠢ ᠦᠪᠡᠷ ᠤᠨ ᠪᠤᠳᠤᠵᠦ ᠰᠡᠳᠦᠭᠰᠡᠨ᠂ ᠤᠶᠢᠯᠠᠭᠠᠵᠦ ᠤᠬᠠᠭᠠᠷᠠᠭᠰᠠᠨ ᠪᠤᠷᠤᠭᠤ ᠵᠦᠢᠯ ᠢ ᠲᠦᠬᠡᠬᠡᠵᠦ ᠲᠠᠷᠬᠠᠭᠠᠬᠤ᠂ ᠬᠦᠮᠦᠨ ᠬᠡᠯᠡᠳᠡᠭ ᠦᠭᠡᠢ ᠮᠠᠭᠤ ᠮᠠᠭᠤᠬᠠᠢ ᠦᠬᠡ ᠶᠠᠷᠢᠶ᠎ᠠ ᠭᠠᠷᠭᠠᠬᠤ ᠶᠢ ᠬᠡᠯᠡᠨ᠎ᠠ᠃ ᠶᠠᠷᠦ ᠨᠢ ᠮᠤᠩᠭᠤᠯ ᠳᠤ ᠵᠦᠪ ᠬᠦᠮᠦᠨ ᠪᠠᠶᠢᠬᠤ᠂ ᠰᠠᠶᠢᠨ ᠬᠦᠮᠦᠨ ᠪᠠᠶᠢᠬᠤ᠂ ᠰᠠᠶᠢᠨ ᠦᠢᠯᠡ ᠪᠦᠳᠦᠬᠡᠬᠦ ᠡᠳᠦᠢ ᠲᠡᠳᠦᠢ ᠰᠤᠷᠭᠠᠯ ᠦᠬᠡ᠂ ᠨᠤᠮᠯᠠᠯ ᠪᠠᠶᠢᠳᠠᠭ᠃ ᠪᠠᠰᠠ ᠬᠡᠤᠬᠡᠳ ᠲᠤ ᠪᠦᠷᠢ ᠳᠤ ᠪᠠᠭ᠎ᠠ ᠠᠴᠠ ᠨᠢ ᠬᠤᠷᠢᠭ᠎ᠠ ᠴᠡᠬᠡᠷ  ᠤᠨ ᠲᠤᠬᠠᠢ ᠳᠤ ᠤᠶᠢᠯᠠᠭᠠᠭᠤᠯᠳᠠᠭ᠃ ᠲᠠᠷᠡ ᠨᠢ ᠶᠠᠭᠤ ᠶᠢ ᠰᠠᠶᠢᠨ᠂ ᠶᠠᠭᠤ ᠶᠢ ᠮᠠᠭᠤ ᠬᠡᠵᠦ ᠦᠵᠡᠬᠦ ᠶᠤᠰᠤᠳᠠᠢ ᠶᠢ ᠂ ᠶᠠᠭᠠᠬᠢᠭᠠᠳ ᠮᠠᠭᠤ ᠦᠢᠯᠡ᠂ ᠪᠤᠷᠤᠭᠤ ᠵᠦᠷᠢᠬᠦᠦ ᠦᠬᠡ ᠭᠠᠷᠭᠠᠵᠦ ᠪᠤᠯᠬᠤ ᠦᠭᠡᠢ᠂ ᠪᠤᠰᠤᠳ ᠲᠤ ᠶᠠᠭᠠᠬᠢᠭᠠᠳ ᠬᠤᠤᠷ ᠲᠠᠷᠢᠵᠦ ᠪᠤᠯᠬᠤ ᠦᠭᠡᠢ ᠶᠢ ᠤᠶᠢᠯᠠᠭᠠᠭᠤᠯᠤᠨ᠎ᠠ᠃ ᠵᠢᠱᠢᠶ᠎ᠠ ᠨᠢ᠄ ᠡᠪᠦᠬᠡᠳ ᠦᠳᠡᠬᠦᠰ᠂ ᠠᠪᠤ ᠡᠵᠢ᠂ ᠠᠬ᠎ᠠ ᠲᠡᠬᠦᠦ ᠪᠠᠨ ᠶᠠᠭᠠᠬᠢᠵᠦ ᠬᠦᠨᠳᠦᠳᠬᠡᠬᠦ᠂ ᠪᠠᠶᠢᠭᠠᠯᠢ ᠶᠢ ᠶᠠᠭᠠᠬᠢᠵᠦ ᠬᠠᠮᠠᠭᠠᠯᠠᠬᠤ᠂ ᠬᠦᠮᠦᠨ ᠤ ᠬᠢᠵᠦ ᠪᠦᠳᠦᠭᠡᠭᠰᠡᠨ ᠢ ᠶᠠᠭᠠᠬᠢᠵᠦ ᠬᠠᠶᠢᠷᠠᠯᠠᠵᠦ ᠬᠠᠮᠠᠭᠠᠯᠠᠬᠤ ᠶᠢ ᠵᠢᠭᠠᠵᠦ ᠦᠭᠬᠦᠨ᠎ᠠ᠃   ᠵᠢᠭᠠᠵᠦ ᠰᠤᠷᠭᠠᠬᠤ᠂ ᠲᠠᠳᠤᠭᠤᠯᠬᠤ᠂ ᠦᠪᠡᠷ ᠢᠶᠠᠷ ᠨᠢ ᠬᠢᠯᠬᠡᠬᠦ ᠤᠶᠢᠯᠠ ᠶᠠᠪᠤᠴᠠ ᠨᠠᠰᠦ ᠨᠠᠰᠤᠨ ᠳᠤ ᠨᠢ ᠦᠬᠡᠷ᠎ᠡ ᠦᠬᠡᠷ᠎ᠡ ᠪᠠᠶᠢᠳᠠᠭ᠃ ᠮᠤᠩᠭᠤᠯ ᠠᠷᠠᠳ ᠤᠨ ᠶᠠᠷᠢᠶᠠᠨ ᠳᠤ ᠬᠡᠤᠬᠡᠳ ᠤᠨ ᠨᠠᠰᠦ ᠶᠢ ᠤᠬᠢᠯᠠᠬᠤ ᠨᠠᠰᠦ᠂ ᠲᠠᠭᠤᠷᠢᠶᠠᠬᠤ ᠨᠠᠰᠦ᠂ ᠬᠢᠵᠦ ᠪᠦᠳᠦᠬᠡᠵᠦ ᠰᠤᠷᠬᠤ ᠨᠠᠰᠦ ᠬᠡᠬᠦ ᠮᠡᠳᠦ ᠪᠠᠷ ᠲᠤᠩ ᠤᠶᠢᠯᠠᠭᠠᠮᠵᠢᠳᠠᠢ ᠨᠠᠷᠠᠯᠡᠭᠰᠡᠨ ᠨᠢ ᠪᠤᠢ᠃ ᠶᠠᠷᠦ ᠨᠢ ᠬᠡᠤᠬᠡᠳ ᠢ ᠬᠡᠪᠡᠯᠢ ᠳᠡᠭᠡᠨ ᠪᠠᠶᠢᠬᠤ ᠦᠶ᠎ᠠ ᠠᠴᠠ ᠡᠬᠢᠯᠡᠬᠡᠳ ᠨᠠᠰᠦ ᠪᠠᠶ᠎ᠠ ᠳᠤ ᠬᠦᠷᠳᠡᠯ᠎ᠡ ᠨᠢ᠂ ᠦᠬᠡᠷ᠎ᠡ ᠪᠠᠷ ᠬᠡᠯᠡᠪᠡᠯ 16 ᠬᠦᠷᠳᠡᠯ᠎ᠡ ᠨᠠᠰᠦᠨ ᠤ ᠬᠢᠨ ᠢ ᠲᠤᠯᠤᠭᠠᠨ ᠦᠬᠡᠷ᠎ᠡ ᠨᠠᠷ᠎ᠠ ᠪᠠᠷ ᠨᠠᠷᠠᠯᠠᠵᠦ᠂ ᠬᠠᠨᠳᠤᠬᠤ  ᠨᠢ ᠴᠦ ᠦᠬᠡᠷ᠎ᠡ ᠦᠬᠡᠷ᠎ᠡ ᠪᠠᠶᠢᠨ᠎ᠠ᠃   —— ᠵᠤᠯᠪᠤᠷᠠᠢ ᠦᠶ᠎ᠠ ᠬᠡᠳᠡᠭ ᠨᠢ ᠬᠡᠪᠡᠯᠢ ᠳᠠᠬᠢ ᠬᠤᠶᠠᠷ ᠰᠠᠷ᠎ᠠ ᠬᠦᠷᠳᠡᠯᠡᠬᠢ ᠬᠤᠭᠤᠴᠠᠭ᠎ᠠ᠃ ᠦᠷ᠎ᠡ ᠵᠤᠯᠪᠤᠬᠤ ᠬᠡᠳᠡᠭ ᠨᠢ ᠡᠨᠡ ᠬᠤᠭᠤᠴᠠᠭᠠᠨ ᠳᠤ ᠲᠤᠳᠠᠭᠤ ᠲᠦᠷᠦᠬᠦ᠂ ᠤᠳᠦ ᠶᠢᠨ ᠬᠢ ᠪᠠᠷ ᠬᠤᠰᠤᠭᠤᠯᠬᠤ ᠬᠡᠭᠴᠢ  ᠶᠢ ᠬᠢᠯᠭᠡᠬᠦ ᠶᠢ ᠬᠡᠯᠡᠳᠡᠭ ᠪᠠᠶᠢᠨ᠎ᠠ᠃   —— ᠨᠢᠷᠠᠢ ᠦᠶ᠎ᠠ ᠬᠡᠳᠡᠭ ᠨᠢ ᠬᠡᠪᠡᠯᠢ ᠳᠠᠬᠢ ᠭᠤᠷᠪᠠᠨ ᠰᠠᠷ᠎ᠠ ᠲᠠᠢ ᠠᠴᠠ ᠲᠦᠷᠦᠭᠰᠡᠨ ᠤ ᠲᠠᠷᠠᠭᠠᠬᠢ ᠬᠤᠶᠠᠷ ᠰᠠᠷ᠎ᠠ ᠬᠦᠷᠳᠡᠯᠡᠬᠢ ᠦᠶ᠎ᠠ ᠶᠢ ᠬᠡᠯᠡᠨ᠎ᠠ᠃ ᠨᠢᠷᠠᠶᠢᠯᠠᠬᠤ᠂ ᠬᠡᠤᠬᠡᠳ ᠨᠢᠷᠠᠢ ᠪᠠᠶᠢᠭ᠎ᠠ ᠬᠡᠳᠡᠭ ᠨᠢ ᠡᠨᠡ᠃   —— ᠨᠢᠯᠬ᠎ᠠ ᠦᠶ᠎ᠠ ᠬᠡᠳᠡᠭ ᠨᠢ ᠭᠤᠷᠪᠠᠨ ᠰᠠᠷ᠎ᠠ ᠲᠠᠢ ᠠᠴᠠ ᠨᠢᠯᠬ᠎ᠠ ᠨᠠᠰᠦ ᠬᠦᠷᠳᠡᠯᠡᠬᠢ ᠬᠤᠭᠤᠴᠠᠭ᠎ᠠ᠃ ᠡᠨᠡ ᠬᠦᠷᠳᠡᠯ᠎ᠡ ᠨᠠᠰᠦ ᠬᠡᠵᠦ ᠶᠠᠷᠢᠬᠤ ᠦᠭᠡᠢ᠃ ᠲᠠᠶᠢᠮᠦ ᠦᠶ᠎ᠠ᠂ ᠡᠶᠢᠮᠦ ᠦᠶ᠎ᠠ ᠬᠡᠵᠦ ᠶᠠᠷᠢᠨ᠎ᠠ᠃   —— ᠪᠠᠯᠴᠢᠷ ᠨᠠᠰᠦ ᠬᠡᠳᠡᠭ ᠨᠢ 2 —— 4 ᠨᠠᠰᠦ ᠶᠢ ᠬᠡᠯᠡᠨ᠎ᠠ᠃   —— ᠪᠠᠭ᠎ᠠ ᠨᠠᠰᠦ ᠨᠢ 5 —— 8 ᠨᠠᠰᠦ ᠪᠤᠯᠤᠨ᠎ᠠ᠃   ᠮᠤᠩᠭᠤᠯᠴᠤᠳ ᠪᠠᠯᠴᠢᠷ ᠨᠠᠰᠤᠨ ᠳᠠᠭᠠᠨ ᠪᠠᠶ᠎ᠠ ᠮᠠᠬᠠᠪᠤᠳ ᠢᠶᠠᠷ ᠢᠶᠠᠨ᠂ ᠪᠠᠭ᠎ᠠ ᠨᠠᠰᠤᠨ ᠳᠠᠭᠠᠨ ᠤᠶᠤᠨ ᠰᠡᠳᠬᠢᠯ  ᠢᠶᠠᠷ ᠢᠶᠠᠨ ᠮᠡᠳᠡᠷᠡᠳᠡᠭ ᠬᠡᠵᠦ ᠦᠵᠡᠳᠡᠭ᠃ ᠪᠠᠭ᠎ᠠ ᠨᠠᠰᠤᠨ ᠠᠴᠠ ᠡᠬᠢᠯᠡᠭᠡᠳ᠂ ᠦᠬᠡᠷ᠎ᠡ ᠪᠠᠷ ᠬᠡᠯᠡᠪᠡᠯ ᠦᠪᠡᠷ ᠢᠶᠠᠨ ᠦᠪᠡᠷ ᠢ ᠪᠠᠨ ᠲᠠᠨᠢᠭᠠᠳ ᠢᠷᠡᠭᠰᠡᠨ ᠠᠴᠠ ᠨᠢ ᠬᠤᠶᠢᠰᠢ ᠪᠠᠶ᠎ᠠ ᠮᠠᠬᠠᠪᠤᠳ ᠲᠤ ᠨᠢ ᠬᠦᠷᠬᠦ᠂ ᠡᠪᠡᠳᠬᠡᠬᠦ ︵ᠵᠤᠳᠤᠬᠤ ︶᠂ ᠬᠠᠰᠢᠷᠠᠭᠠᠬᠤ ᠵᠡᠷᠬᠡ ᠶᠢ ᠪᠤᠯᠭᠤᠮᠵᠢᠯᠠᠳᠠᠭ᠃   —— 9 —— 12 ᠨᠠᠰᠦ ᠶᠢ ᠦᠰᠪᠦᠷᠢ ᠨᠠᠰᠦ ᠬᠡᠨ᠎ᠠ᠃ ᠤᠷᠴᠢᠨ ᠴᠠᠭ ᠲᠤ ᠦᠰᠪᠦᠷᠢ ᠨᠠᠰᠦ᠂ ᠦᠰᠬᠦ ᠢᠳᠡᠷ ᠨᠠᠰᠦᠨ ᠤ ᠵᠠᠭᠠᠭ ᠢ ᠰᠢᠯᠵᠢᠯᠳᠠ ᠶᠢᠨ ᠦᠶ᠎ᠠ ᠪᠤᠶᠤ ᠬᠦᠮᠦᠨ ᠤ ᠲᠤᠳᠤᠭᠠᠳᠦ ᠶᠢᠷᠳᠢᠨᠴᠦ ᠤᠷᠴᠢᠨ ᠠᠬᠤᠢ ᠲᠠᠢ ᠪᠠᠨ ᠵᠦᠷᠢᠴᠠᠯᠳᠦᠵᠦ ᠡᠬᠢᠯᠡᠳᠡᠭ ᠦᠶ᠎ᠠ ᠬᠡᠵᠦ ᠦᠵᠡᠵᠦ ᠪᠠᠶᠢᠨ᠎ᠠ᠃ ᠬᠦᠮᠦᠨ ᠳᠤ ᠪᠠᠶᠢᠳᠠᠭ ᠪᠠᠶᠢᠭᠠᠯᠢ  ᠶᠢᠨ ᠪᠤᠶᠤ ᠲᠦᠷᠦᠯᠬᠢ ᠰᠢᠨᠵᠢ ᠴᠢᠨᠠᠷ ᠨᠠᠶᠢᠬᠡᠮ ᠤᠨ ᠬᠠᠷᠢᠴᠠᠭᠠᠨ ᠠᠴᠠ ᠡᠬᠦᠳᠦᠯᠳᠠᠢ᠂ ᠨᠠᠶᠢᠬᠡᠮᠰᠢᠯ ᠤᠨ ᠦᠷ᠎ᠡ ᠳ᠋ᠦᠩ᠂ ᠰᠢᠨᠵᠢ ᠲᠦᠷᠬᠦ ᠲᠠᠢ ᠵᠦᠷᠢᠴᠡᠯᠳᠦᠵᠦ ᠪᠠᠶᠢᠨ᠎ᠠ ᠬᠡᠰᠡᠨ ᠦᠬᠡ᠃   —— 13 —— 16 ᠨᠠᠰᠦ ᠶᠢ ᠦᠰᠬᠦ ᠢᠳᠡᠷ ᠨᠠᠰᠦ ᠬᠡᠨ᠎ᠠ᠃ ᠵᠠᠷᠢᠮ ᠬᠦᠮᠦᠨ᠂ ᠲᠠᠷᠠ ᠪᠠᠶᠢᠳᠤᠭᠠᠢ ᠰᠤᠳᠤᠯᠤᠭᠠᠴᠢᠳ ᠬᠦᠷᠳᠡᠯ᠎ᠡ 50 ᠭᠠᠷᠤᠭᠰᠠᠨ ᠬᠦᠮᠦᠨ ᠢ ᠢᠳᠡᠷ ᠨᠠᠰᠤᠨ ᠤ ᠬᠦᠮᠦᠨ ᠬᠡᠵᠦ ᠬᠡᠯᠡᠳᠡᠭ  ᠨᠢ ᠪᠤᠷᠤᠭᠤ ᠤᠶᠢᠯᠠᠭᠠᠯᠳᠠ ᠶᠤᠮ᠃ ᠤᠳᠦ ᠦᠶ᠎ᠠ ᠳᠤ ᠬᠡᠤᠬᠡᠳ 16 ᠬᠦᠷᠦᠬᠡᠳ ᠢᠷᠬᠡᠨ ᠤ ᠦᠨᠡᠮᠯᠡᠬᠦ ᠭᠠᠷᠳᠠᠨ ᠠᠪᠴᠦ ᠪᠠᠶᠢᠭ᠎ᠠ᠃ ᠲᠤᠮᠦ ᠬᠦᠮᠦᠨ ᠪᠤᠯᠵᠦ ᠪᠠᠶᠢᠨ᠎ᠠ ᠭᠡᠰᠡᠨ ᠦᠬᠡ᠃   ︽ᠮᠤᠩᠭᠤᠯ ᠠᠶᠢᠯ ᠪᠦᠷᠢ ᠨᠢᠬᠡ ᠦᠢᠯᠡᠳᠪᠦᠷᠢ︾ ᠬᠡᠵᠦ ᠦᠵᠡᠳᠡᠭ ᠰᠤᠳᠤᠯᠤᠭᠠᠴᠢᠳ ᠪᠤᠢ᠃ ᠦᠨᠡᠬᠡᠷ ᠴᠦ᠂ ᠮᠤᠩᠭᠤᠯ ᠬᠦᠮᠦᠨ ᠦᠷ᠎ᠡ ᠬᠡᠤᠬᠡᠳ ᠢᠶᠠᠨ ᠠᠮᠢᠳᠦ ᠦᠢᠯᠡᠳᠪᠦᠷᠢᠯᠡᠯ ᠲᠡᠬᠡᠷ᠎ᠡ᠂ ᠪᠤᠳᠠᠳᠦ ᠠᠮᠢᠳᠤᠷᠠᠯ ᠲᠤᠮᠳᠠ ᠦᠰᠭᠡᠵᠦ ᠬᠦᠮᠦᠵᠢᠬᠦᠯᠳᠡᠭ᠃ ᠪᠦᠬᠦᠳᠠ ᠶᠢ ᠲᠠᠭᠤᠷᠢᠶᠠᠯᠭᠠᠵᠦ᠂ ᠬᠠᠷᠠᠭᠤᠯᠵᠦ ᠬᠢᠨ᠎ᠠ᠃ ᠲᠠᠷᠡ ᠶᠠᠪᠤᠴᠠ ᠳᠤ ᠶᠠᠷᠢᠵᠦ ᠲᠠᠶᠢᠯᠪᠤᠷᠢᠯᠠᠵᠦ ᠦᠭᠬᠦᠨ᠎ᠠ᠃ ᠲᠦᠯᠦᠪᠰᠢᠯ ᠢ ᠤᠯᠭᠤᠨ᠎ᠠ᠃   ᠬᠡᠤᠬᠡᠳ ᠤᠨ ᠬᠠᠮᠤᠭ ᠤᠨ ᠤᠶᠢᠷ᠎ᠠ ᠶᠢᠨ ᠪᠠᠭᠰᠢ ᠨᠢ ᠲᠤᠬᠠᠢ ᠶᠢᠨ ᠬᠡᠤᠬᠡᠳ ᠤᠨ ᠠᠬ᠎ᠠ ᠡᠬᠡᠴᠢ ᠨᠠᠷ᠂ ᠡᠪᠦᠭᠡ ᠡᠮᠡᠭᠡ ᠨᠢ ᠪᠠᠶᠢᠨ᠎ᠠ᠃ ᠠᠬ᠎ᠠ ᠡᠬᠡᠴᠢ ᠨᠢ ᠲᠠᠳᠤᠯᠭ᠎ᠠ ᠶᠢᠨ ᠪᠠᠭᠰᠢ᠂ ᠡᠪᠦᠭᠡ ᠡᠮᠡᠭᠡ ᠨᠢ ᠰᠤᠷᠭᠠᠯ ᠤᠨ ᠪᠤᠶᠤ ᠤᠨᠤᠯ  ᠤᠨ ᠪᠠᠭᠰᠢ ᠨᠠᠷ ᠶᠤᠮ᠃ ᠪᠦᠬᠦᠳᠠ ᠶᠢ ᠦᠪᠡᠷᠰᠡᠳ ᠤᠨ ᠲᠤᠷᠰᠢᠯᠭ᠎ᠠ᠂ ᠦᠵᠡᠵᠦ ᠬᠠᠷᠠᠭᠰᠠᠨ ᠳᠤ ᠲᠤᠯᠭᠠᠭᠤᠷᠢᠯᠠᠨ ᠂ ᠶᠡᠷᠢᠵᠦ ᠲᠠᠶᠢᠯᠪᠤᠷᠢᠯᠠᠵᠦ ᠦᠭᠬᠦᠨ᠎ᠠ᠃ ᠴᠤᠬᠤᠮ ᠳᠠᠭᠠᠨ ᠲᠠᠳᠠ ᠯᠡ ᠮᠤᠩᠭᠤᠯ ᠬᠡᠤᠬᠡᠳ ᠤᠨ ᠤᠶᠤᠨ ᠢ ᠲᠦᠯᠦᠪᠰᠢᠬᠦᠯᠵᠦ ᠬᠦᠮᠦᠨ ᠪᠤᠯᠭᠠᠳᠠᠭ ᠬᠦᠮᠦᠰ ᠶᠤᠮ᠃   ᠨᠢᠬᠡᠨᠳᠠ ᠬᠦᠮᠦᠨ ᠪᠤᠯᠭᠠᠭᠰᠨ ᠬᠦᠮᠦᠨ ᠢᠶᠠᠷ ᠬᠡᠨ ᠢ ᠴᠦ ᠪᠦᠳᠦᠬᠡᠵᠦ ᠪᠤᠯᠬᠤ ᠶᠤᠮ᠃  ᠮᠤᠩᠭᠤᠯ ᠤᠯᠠᠮᠵᠢᠯᠠᠯᠳᠦ ᠠᠮᠢᠳᠤᠷᠠᠯ ᠳᠤ ᠬᠡᠤᠬᠡᠳ ᠤᠳ ᠤᠨ ᠬᠠᠮᠤᠭ ᠤᠨ ᠲᠤᠷᠠᠳᠠᠢ ᠲᠤᠭᠯᠠᠭᠠᠮ ᠨᠢ ᠠᠶᠢᠯ ᠬᠡᠷ ᠪᠤᠯᠵᠦ ᠲᠤᠭᠯᠠᠬᠤ ᠲᠤᠭᠯᠠᠭᠠᠮ ᠪᠠᠶᠢᠳᠠᠭ᠃ ᠡᠨᠡ ᠨᠢ ᠰᠤᠷᠭᠠᠯᠳᠠ ᠶᠢᠨ ᠲᠠᠩᠬᠢᠮ ᠶᠤᠮ ᠤᠤ ᠲᠠᠳᠤᠯᠭ᠎ᠠ ᠶᠢᠨ ᠲᠠᠯᠠᠪᠤᠷ ᠴᠦ ᠬᠡᠵᠦ ᠬᠡᠯᠡᠭᠰᠡᠨ ᠪᠤᠯᠬᠤ ᠠᠮᠢᠳᠤᠷᠠᠯ ᠤᠨ ᠶᠡᠭᠡ ᠰᠤᠷᠭᠠᠭᠤᠯᠢ ᠶᠤᠮ᠃   ᠠᠵᠢᠯ ᠬᠦᠳᠡᠯᠮᠦᠷᠢ᠂ ᠦᠬᠡ ᠶᠠᠷᠢᠶᠠᠨ ᠤ ᠪᠦᠬᠦ ᠲᠠᠳᠤᠯᠭ᠎ᠠ ᠲᠡᠨᠳᠡ ᠶᠠᠪᠤᠭᠳᠠᠨ᠎ᠠ᠃ ᠬᠡᠤᠬᠡᠳ ᠤᠳ ᠲᠤᠮᠦ ᠬᠦᠮᠦᠨ ᠪᠤᠯᠵᠦ ᠲᠤᠭᠯᠠᠳᠠᠭ ᠢᠶᠠᠷ ᠢᠶᠠᠨ ᠬᠠᠮᠤᠭ ᠤᠨ ᠰᠤᠨᠢᠷᠬᠠᠯᠳᠠᠢ᠂ ᠪᠠᠰᠠ ᠰᠤᠷᠭᠠᠮᠵᠢ ᠲᠠᠢ ᠬᠢᠴᠢᠶᠠᠯ ᠪᠤᠯᠳᠠᠭ᠃ ᠮᠤᠩᠭᠤᠯ ᠬᠡᠤᠬᠡᠳ ᠶᠠᠭᠠᠬᠢᠵᠦ ᠬᠦᠮᠦᠨ ᠪᠤᠯᠳᠠᠭ ᠢ ᠤᠯᠠ ᠲᠠᠢ ᠰᠠᠶᠢᠨ ᠠᠩᠵᠠᠭᠠᠷᠠᠵᠦ ᠤᠬᠠᠭᠠᠷᠠᠪᠠᠰᠦ ᠮᠤᠩᠭᠤᠯ ᠬᠦᠮᠦᠨ ᠤ ᠮᠠᠲ᠋ᠧᠷᠢᠶᠠᠯᠯᠢᠭ ᠪᠤᠯᠤᠨ ᠤᠶᠤᠨ ᠤ ᠠᠮᠢᠳᠤᠷᠠᠯ᠂ ᠢᠯᠠᠩᠭᠤᠶ᠎ᠠ ᠬᠡᠷ ᠪᠦᠯᠢ ᠶᠢᠨ ᠦᠨ᠎ᠠ ᠴᠠᠨᠠᠳᠦ ᠵᠤᠶᠢᠯᠡᠰ  ᠢ ᠤᠶᠢᠯᠠᠭᠠᠵᠦ᠂ ᠵᠠᠷᠢᠮ ᠬᠦᠮᠦᠨ ᠦᠯᠢᠭᠡᠷᠯᠡᠯ ᠢ ᠠᠪᠴᠦ ᠪᠤᠯᠤᠨ᠎ᠠ ᠬᠡᠵᠦ ᠦᠵᠡᠵᠦ ᠪᠠᠶᠢᠨ᠎ᠠ᠃ ︽ᠰᠢᠳᠦᠬᠡᠨ ᠮᠤᠩᠭᠤᠯ︾ ᠸᠢᠴᠠᠲ ᠲᠡᠪᠴᠡᠩ ᠠᠴᠠ ᠪᠠᠭᠤᠯᠭᠠᠪᠠ
 
ᠢᠷᠡᠯᠲᠡ᠄ ᠵᠠᠰᠠᠭ ᠤᠨ ᠤᠷᠳᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2