ᠳᠦᠷᠪᠡᠨ ᠬᠡᠦᠬᠡᠳ ᠤᠨ ᠠᠶᠢᠮᠠᠭ ᠤᠨ ᠬᠤᠰᠢᠭᠤᠨ ᠤ                      ᠵᠠᠰᠠᠭ ᠤᠨ  ᠪᠠᠶᠢᠭᠤᠯ᠊
ᠨᠡᠶᠢᠲᠡᠯᠡᠭᠰᠡᠨ ᠴᠠᠭ᠄
2018-04-12
                            ᠵᠠᠰᠠᠭ ᠤᠨ ᠪᠠᠶᠢᠭᠤᠯᠤᠮᠵᠢ      ᠳᠦᠷᠪᠡᠨ ᠬᠡᠦᠬᠡᠳ ᠤᠨ ᠠᠶᠢᠮᠠᠭ ᠤᠨ ᠬᠠᠮᠤᠭ ᠤᠨ ᠳᠡᠭᠡᠳᠦ ᠡᠷᠬᠡᠳᠦ ᠪᠠᠶᠢᠭᠤᠯᠤᠮᠵᠢ ᠪᠤᠯ ᠬᠤᠰᠢᠭᠤ ᠶᠠᠮᠤᠨ ᠪᠤᠯᠤᠨ᠎ᠠ᠃ ᠬᠤᠰᠢᠭᠤ ᠶᠠᠮᠤᠨ ᠤ ᠪᠦᠷᠢᠯᠳᠦᠬᠦᠨ ᠪᠤᠯ᠄    ᠵᠠᠰᠠᠭ          ᠵᠡᠬᠦᠨ ᠳᠤᠰᠠᠯᠠᠭᠴᠢ                ᠵᠠᠬᠢᠷᠤᠭᠴᠢ         ᠵᠡᠬᠦᠨ ᠮᠡᠶᠢᠷᠡᠨ                                                               ︵ᠠᠮᠪᠠᠨ︶      ᠸᠠᠩ           ᠪᠠᠷᠠᠭᠤᠨ ᠳᠤᠰᠠᠯᠠᠭᠴᠢ                                     ᠪᠠᠷᠠᠭᠤᠨ ᠮᠡᠶᠢᠷᠡᠨ                                                                     ᠳᠠᠮᠠᠭᠠᠨ ᠳᠠᠪᠤᠨ ᠳᠦᠰᠢᠮᠡᠳ   ※  ᠡᠳᠡᠭᠡᠷ ᠳᠠᠮᠠᠭᠠᠨ ᠳᠠᠪᠤᠨ ᠳᠦᠰᠢᠮᠡᠳ ᠨᠢ ᠵᠠᠰᠠᠭ ᠸᠠᠩ ᠤᠨ ᠵᠠᠬᠢᠷᠤᠯ ᠳᠤᠤᠷ᠎ᠠ ᠬᠤᠰᠢᠭᠤᠨ ᠤ ᠪᠠᠨ ᠶᠡᠭᠡ ᠪᠠᠭ᠎ᠠ ᠬᠡᠷᠡᠭ ᠢ ᠰᠢᠢᠳᠪᠦᠷᠢᠯᠡᠳᠡᠭ ᠪᠠᠶᠢᠨ᠎ᠠ᠃ ᠬᠤᠰᠢᠭᠤ ᠶᠠᠮᠤᠨ ᠤ ᠳᠤᠤᠷ᠎ᠠ ᠨᠢ ᠳᠤᠯᠤ ᠪᠠ ᠰᠤᠮᠤ ᠭᠡᠵᠤ ᠪᠠᠶᠢᠵᠠᠢ᠃ ᠳᠤᠯᠤ ᠪᠤᠯᠤᠨ ᠰᠤᠮᠤ ᠨᠢ ᠬᠡᠳᠦᠶᠢᠪᠡᠷ ᠬᠤᠰᠢᠭᠤ ᠶᠠᠮᠤᠨ ᠤ ᠬᠠᠷᠢᠶ᠎ᠠ ᠪᠠᠶᠢᠭᠤᠯᠤᠮᠵᠢ ᠪᠠᠶᠢᠭᠰᠠᠨ ᠪᠤᠯᠪᠠᠴᠤ ᠬᠤᠪᠢᠨ  ᠳᠠᠭᠠᠨ ᠠᠯᠪᠠᠨ ᠡᠷᠬᠢᠯᠡᠬᠦ ᠳᠤᠭᠳᠠᠭᠰᠠᠨ ᠭᠠᠵᠠᠷ ᠭᠡᠵᠤ ᠦᠬᠡᠢ᠃ ᠳᠤᠯᠤ ᠵᠠᠯᠠᠨ᠂ ᠰᠤᠮᠤᠨ ᠵᠠᠩᠭᠢ᠂ ᠬᠦᠨᠳᠦ ᠨᠠᠷ   ᠨᠢ ᠪᠦᠷ ᠦᠪᠡᠷ ᠦᠪᠡᠷᠰᠡᠳ ᠤᠨ ᠢᠶᠠᠨ ᠭᠡᠷ ᠡᠷᠦᠬᠡ ᠲᠡᠭᠡᠨ ᠰᠠᠭᠤᠵᠤ ᠠᠯᠪᠠᠯᠠᠳᠠᠭ ᠪᠠᠶᠢᠨ᠎ᠠ᠃     ᠪᠦᠬᠦ ᠬᠤᠰᠢᠭᠤᠨ ᠤ ᠬᠠᠮᠤᠭ ᠳᠡᠭᠡᠳᠦ ᠨᠤᠶᠠᠷᠬᠠᠭᠴᠢ ᠪᠤᠯ ᠵᠠᠰᠠᠭ ᠸᠠᠩ ᠪᠤᠯᠤᠨ᠎ᠠ᠃ᠲᠡᠷᠡ ᠨᠢ ᠪᠦᠬᠦ ᠬᠤᠰᠢᠭᠤᠨ ᠤ ᠬᠡᠷᠡᠭ ᠶᠠᠪᠤᠳᠠᠯ ᠢ ᠶᠡᠷᠦᠩᠭᠡᠶᠢᠯᠡᠨ ᠠᠳᠬᠤᠬᠤ ᠪᠦᠭᠡᠳ ᠳᠤᠤᠷᠠᠬᠢ ᠨᠤᠶᠠᠳ ᠳᠦᠰᠢᠮᠡᠳ ᠢᠶᠠᠨ ᠬᠢᠨᠠᠨ ᠵᠠᠬᠢᠷᠬᠤ ᠪᠦᠷᠢᠨ ᠡᠷᠬᠡ ᠲᠠᠢ᠃ ᠵᠠᠰᠠᠭ ᠸᠠᠩ ᠨᠢ ᠦᠶ᠎ᠡ ᠵᠠᠯᠭᠠᠮᠵᠢᠯᠠᠬᠤ ᠶᠤᠰᠤᠨ ᠢᠶᠠᠷ ᠦᠶ᠎ᠡ ᠤᠯᠠᠷᠢᠨ ᠵᠡᠷᠭᠡ ᠵᠠᠯᠭᠠᠮᠵᠢᠯᠠᠳᠠᠭ᠃ ᠦᠶ᠎ᠡ ᠵᠠᠯᠭᠠᠮᠵᠢᠯᠠᠬᠤ ᠳᠤ ᠳᠡᠷᠢᠬᠦᠨ᠂ ᠳᠡᠳ᠋᠂ ᠭᠤᠳᠠᠭᠠᠷ᠂ ᠳᠦᠳᠦᠭᠡᠷ ᠵᠡᠷᠭᠡ ᠶᠢᠨ ᠳᠠᠶᠢᠵᠢ ᠬᠦᠪᠡᠬᠦᠨ ᠰᠠᠶ᠋ᠢ ᠦᠶ᠎ᠡ ᠵᠠᠯᠭᠠᠮᠵᠢᠯᠠᠵᠤ ᠪᠤᠯᠳᠠᠭ᠃ ᠵᠢᠶᠦ᠋ᠨ ᠸᠠᠩ ᠤᠨ ᠬᠦᠪᠡᠬᠦᠨ ᠢ ᠳᠡᠷᠢᠬᠦᠨ ᠵᠡᠷᠭᠡ ᠶᠢᠨ ᠳᠠᠶᠢᠵᠢ ᠪᠤᠯᠭᠠᠳᠠᠭ᠃     ᠵᠠᠰᠠᠭ ᠸᠠᠩ ᠤᠨ ᠳᠤᠤᠷ᠎ᠠ ᠳᠤᠰᠠᠯᠠᠭᠴᠢ ᠭᠡᠵᠤ ᠬᠤᠶᠡᠷ ᠬᠦᠮᠦᠨ ᠪᠠᠶᠢᠳᠠᠭ ᠪᠦᠭᠡᠳ ᠶᠡᠷᠦ ᠳᠡᠭᠡᠨ ᠳᠠᠮᠠᠭᠠᠨ ᠤ ᠳᠤᠰᠠᠯᠠᠭᠴᠢ ᠭᠡᠳᠡᠭ᠃ ᠳᠤᠰᠠᠯᠠᠭᠴᠢ ᠶᠢ ᠵᠡᠬᠦᠨ ᠪᠠᠷᠠᠭᠤᠨ ᠭᠡᠵᠤ ᠬᠤᠪᠢᠶᠠᠳᠠᠭ᠃ ᠳᠤᠰᠠᠯᠠᠭᠴᠢ ᠪᠤᠯ ᠵᠠᠰᠠᠭ ᠢ ᠬᠠᠪᠰᠤᠷᠤᠨ ᠠᠵᠢᠯᠯᠠᠳᠠᠭ ᠳᠡᠭᠡᠳᠦ ᠵᠡᠷᠭᠡ ᠶᠢᠨ ᠳᠤᠰᠢᠶᠠᠯᠳᠠᠨ ᠪᠦᠭᠡᠳ ᠵᠠᠰᠠᠭ ᠸᠠᠩ ᠤᠨ ᠵᠠᠷᠯᠢᠭ ᠢᠶᠠᠷ ᠬᠤᠰᠢᠭᠤᠨ  ᠤ ᠪᠤᠢ ᠪᠦᠬᠦᠢ ᠬᠡᠷᠡᠭ ᠶᠠᠪᠤᠳᠠᠯ ᠢ ᠭᠤᠤᠯᠴᠢᠯᠠᠨ ᠰᠢᠢᠳᠪᠦᠷᠢᠯᠡᠳᠡᠭ᠃ ᠵᠠᠰᠠᠭ ᠸᠠᠩ ᠬᠠᠯᠢᠬᠤ ᠪᠤᠶᠤ ᠪᠤᠰᠤᠳ ᠰᠢᠯᠳᠠᠭᠠᠨ ᠢᠶᠠᠷ ᠳᠦᠷ ᠡᠵᠡᠬᠦᠢ ᠬᠤᠭᠤᠷᠤᠨᠳᠤ ᠳᠤᠰᠠᠯᠠᠭᠴᠢ ᠠᠴᠠ ᠵᠠᠰᠠᠭ ᠢ ᠤᠷᠤᠯᠠᠨ ᠵᠠᠰᠠᠭ ᠶᠠᠪᠤᠭᠤᠯᠳᠠᠭ᠃ ᠳᠤᠰᠠᠯᠠᠭᠴᠢ ᠶᠢ ᠪᠤᠯ ᠬᠤᠰᠢᠭᠤᠨ ᠤ ᠪᠠᠨ ᠸᠠᠩ ᠬᠦᠩ᠂ ᠳᠠᠶᠢᠵᠢ ᠨᠠᠷ ᠤᠨ ᠳᠤᠳᠤᠷ᠎ᠠ ᠠᠴᠠ ᠵᠠᠰᠠᠭ ᠸᠠᠩ ᠦᠪᠡᠷ  ᠢᠶᠠᠨ ᠰᠤᠩᠭᠤᠵᠤ᠂ ᠴᠢᠭᠤᠯᠭᠠᠨ ᠤ ᠳᠠᠷᠤᠭ᠎ᠠ ᠪᠠᠷ ᠳᠠᠮᠵᠢᠭᠤᠯᠤᠨ ᠴᠢᠩ ᠤᠯᠤᠰ ᠤᠨ ᠳᠦᠷᠦ ᠶᠢᠨ ᠶᠠᠮᠤᠨ ᠳᠤ ᠮᠡᠳᠡᠬᠦᠯᠦᠨ ᠵᠦᠪᠰᠢᠶᠡᠷᠡᠬᠦᠯᠵᠤ ᠳᠤᠮᠢᠯᠠᠳᠠᠭ᠃ ᠳᠤᠰᠠᠯᠠᠭᠴᠢ ᠶᠢᠨ ᠵᠡᠷᠭᠡ ᠨᠢ ᠨᠠᠰᠤᠨ ᠳᠤᠷᠰᠢᠳᠠ ᠶᠢᠨ ᠳᠤᠰᠢᠶᠠᠯ ᠪᠤᠯᠪᠠᠴᠤ ᠦᠶ᠎ᠡ ᠵᠠᠯᠭᠠᠮᠵᠢᠯᠠᠵᠤ ᠪᠤᠯᠳᠠᠭ ᠦᠬᠡᠢ᠃        ᠳᠤᠰᠠᠯᠠᠭᠴᠢ ᠶᠢᠨ ᠳᠠᠷᠠᠭ᠎ᠠ ᠬᠤᠰᠢᠭᠤ ᠵᠠᠬᠢᠷᠤᠭᠴᠢ ︵ᠬᠤᠰᠢᠭᠤᠨ ᠤ ᠠᠮᠪᠠᠨ︶ ᠭᠡᠵᠤ ᠪᠤᠢ᠃ ᠵᠠᠬᠢᠷᠤᠭᠴᠢ ᠨᠢ ᠬᠤᠰᠢᠭᠤ ᠶᠠᠮᠤᠨ ᠤ ᠪᠤᠳᠠᠳᠤ ᠡᠷᠬᠡ ᠪᠠᠷᠢᠭᠴᠢ ᠪᠤᠯᠤᠨ᠎ᠠ᠃ ᠵᠠᠬᠢᠷᠤᠭᠴᠢ ᠨᠢ ᠵᠠᠰᠠᠭ ᠸᠠᠩ ᠪᠤᠯᠤᠨ ᠵᠡᠬᠦᠨ ᠪᠠᠷᠠᠭᠤᠨ ᠳᠤᠰᠠᠯᠠᠭᠴᠢ ᠶᠢᠨ ᠵᠠᠷᠯᠢᠭ ᠢᠶᠠᠷ ᠬᠤᠰᠢᠭᠤᠨ ᠤ ᠶᠡᠭᠡ ᠪᠠᠭ᠎ᠠ ᠬᠡᠷᠡᠭ ᠶᠠᠪᠤᠳᠠᠯ ᠢ ᠶᠡᠷᠦᠩᠭᠡᠶᠢᠯᠡᠨ ᠬᠠᠮᠢᠶᠠᠷᠳᠠᠭ ᠪᠦᠭᠡᠳ ᠳᠤᠯᠤ ᠵᠠᠯᠠᠨ ᠠᠴᠠ ᠠᠪᠤᠭᠠᠳ ᠤᠷᠤᠨ ᠨᠤᠳᠤᠭ ᠤᠨ ᠪᠤᠰᠤᠳ ᠨᠤᠶᠠᠳ ᠳᠦᠰᠢᠮᠡᠳ ᠢ ᠰᠢᠭᠤᠳ ᠵᠠᠬᠢᠷᠳᠠᠭ᠃       ᠬᠤᠰᠢᠭᠤ ᠵᠠᠬᠢᠷᠤᠭᠴᠢ ᠶᠢᠨ ᠳᠤᠰᠢᠶᠠᠯ ᠨᠢ ᠳᠤᠰᠠᠯᠠᠭᠴᠢ ᠠᠴᠠ ᠵᠢᠭᠠᠬᠠᠨ ᠳᠤᠤᠷ᠎ᠠ ᠰᠢᠭ᠋ ᠪᠤᠯᠪᠠᠴᠤ ᠳᠡᠬᠦᠨ  ᠳᠤ ᠵᠠᠰᠠᠭ ᠸᠠᠩ ᠢ ᠤᠷᠤᠯᠠᠬᠤ ᠡᠷᠭᠡ ᠪᠠᠶᠢᠳᠠᠭ ᠦᠬᠡᠢ᠃ ᠵᠠᠬᠢᠷᠤᠭᠴᠢ ᠶᠢ ᠵᠠᠰᠠᠭ ᠸᠠᠩ ᠠᠴᠠ ᠬᠤᠰᠢᠭᠤᠨ ᠤ ᠪᠠᠨ ᠳᠠᠶᠢᠵᠢ ᠨᠠᠷ ᠤᠨ ᠳᠤᠳᠤᠷ᠎ᠠ ᠠᠴᠠ ᠰᠢᠭᠤᠳ ᠰᠤᠩᠭᠤᠨ ᠳᠤᠮᠢᠯᠠᠵᠤ᠂ ᠨᠠᠰᠤᠨ ᠳᠤᠷᠰᠢᠳᠠ ᠳᠤᠰᠢᠶᠠᠯ ᠬᠠᠷᠢᠭᠤᠴᠠᠭᠤᠯᠤᠨ᠎ᠠ᠃ ᠬᠤᠰᠢᠭᠤ ᠶᠠᠮᠤᠨ ᠤ ᠳᠤᠳᠤᠷ᠎ᠠ ᠵᠠᠬᠢᠷᠤᠭᠴᠢ ᠶᠢᠨ ᠠᠵᠢᠯ ᠨᠢ ᠮᠠᠰᠢ ᠶᠠᠭᠠᠷᠠᠤ ᠪᠠᠶᠢᠳᠠᠭ ᠪᠤᠯᠬᠤᠷ ᠨᠡᠯᠢᠶᠡᠳ ᠳᠠᠷᠢᠬᠢ ᠳᠤᠯᠤᠭᠠᠢ ᠬᠤᠷᠴᠠ ᠰᠡᠷᠭᠡᠭ ᠬᠦᠮᠦᠨ ᠢᠶᠠᠷ ᠡᠨᠡᠬᠦ ᠳᠤᠰᠢᠶᠠᠯ ᠢ ᠡᠭᠦᠷᠭᠡᠯᠡᠬᠦᠯᠳᠡᠭ᠃             ᠮᠡᠶᠢᠷᠡᠨ ᠢ ᠪᠠᠰᠠ ᠬᠤᠰᠢᠭᠤᠨ ᠤ ᠳᠡᠳ᠋ ᠵᠠᠬᠢᠷᠤᠭᠴᠢ ᠭᠡᠳᠡᠭ ᠪᠠᠶᠢᠵᠠᠢ᠃ ᠮᠠᠶᠢᠷᠡᠨ ᠪᠤᠯ ᠳᠤᠰᠠᠯᠠᠭᠴᠢ ᠪᠤᠯᠤᠨ ᠵᠠᠬᠢᠷᠤᠭᠴᠢ ᠶᠢᠨ ᠬᠢᠨᠠᠯᠳᠠ ᠳᠤᠤᠷ᠎ᠠ ᠤᠷᠤᠨ ᠨᠤᠳᠤᠭ ᠤᠨ ᠠᠷᠠᠳ ᠢᠷᠭᠡᠳ ᠤᠨ ᠬᠡᠷᠡᠭ ᠶᠠᠪᠤᠳᠠᠯ ᠢ ᠭᠠᠷᠳᠠᠨ ᠬᠠᠮᠢᠶᠠᠷᠳᠠᠭ᠃ ᠠᠷᠪᠠᠨ ᠰᠤᠮᠤ ᠠᠴᠠ ᠳᠤᠷᠤᠭᠰᠢᠬᠢ ᠬᠤᠰᠢᠭᠤᠨ ᠳᠤ ᠨᠢᠭᠡ ᠮᠠᠶᠢᠷᠠᠨ᠂ ᠠᠷᠪᠠᠨ ᠰᠤᠮᠤ  ᠠᠴᠠ ᠳᠡᠭᠡᠭᠰᠢᠬᠢ ᠬᠤᠰᠢᠭᠤᠨ ᠳᠤ ᠬᠤᠶᠡᠷ ᠮᠡᠶᠢᠷᠡᠨ ᠳᠠᠯᠪᠢᠬᠤ ᠴᠢᠩ ᠤᠨ ᠳᠦᠷᠦ ᠶᠢᠨ ᠳᠤᠭᠳᠠᠭᠠᠯ ᠲᠠᠢ᠃ ᠳᠦᠷᠪᠡᠨ ᠬᠡᠦᠬᠡᠳ ᠤᠨ ᠠᠶᠢᠮᠠᠭ ᠤᠨ ᠬᠤᠰᠢᠭᠤᠨ ᠳᠤ ᠵᠡᠬᠦᠨ ᠪᠠᠷᠠᠭᠤᠨ ᠮᠡᠶᠢᠷᠡᠨ ᠭᠡᠵᠤ ᠬᠤᠶᠡᠷ ᠮᠡᠶᠢᠷᠡᠨ ᠲᠠᠢ ᠪᠠᠶᠢᠭᠰᠠᠨ ᠪᠦᠭᠡᠳ ᠳᠤᠰᠪᠤᠷᠢ ᠳᠠᠯ᠎ᠠ ᠳᠠᠮᠠᠭ᠎ᠠ ᠲᠠᠢ ᠪᠠᠶᠢᠵᠠᠢ ᠭᠡᠨ᠎ᠡ᠃ ᠬᠤᠶᠡᠷ ᠮᠠᠶᠢᠷᠠᠨ ᠤ ᠳᠠᠯ᠎ᠠ ᠳᠠᠮᠠᠭ᠎ᠠ ᠶᠢ ᠬᠠᠪᠰᠤᠷᠤᠭᠤᠯᠤᠨ ᠳᠠᠷᠤᠪᠠᠯ ᠰᠠᠶ᠋ᠢ ᠪᠦᠳᠦᠨ ᠨᠢᠭᠡᠨ ᠳᠠᠮᠠᠭ᠎ᠠ ᠪᠤᠯᠵᠤ ᠬᠦᠴᠦᠨ ᠲᠠᠢ ᠪᠤᠯᠳᠠᠭ ᠭᠡᠳᠡᠭ᠃       ᠬᠤᠰᠢᠭᠤ ᠶᠠᠮᠤᠨ ᠳᠤ ᠰᠠᠭᠤᠳᠠᠯ ᠤᠨ ᠳᠦᠷᠦᠬᠦᠤ ᠨᠢᠭᠡ ᠬᠦᠮᠦᠨ ᠪᠠᠶᠢᠳᠠᠭ ᠪᠠ ᠡᠬᠦᠨ ᠢ ᠪᠠᠰᠠ ᠠᠬᠠᠮᠠᠳ ᠪᠢᠴᠢᠭᠡᠴᠢ ᠭᠡᠵᠤ ᠳᠠᠭᠤᠳᠠᠳᠠᠭ᠃ ᠰᠠᠭᠤᠳᠠᠯ ᠤᠨ ᠳᠦᠷᠦᠬᠦᠤ ᠪᠤᠯ ᠳᠠᠪᠤᠨ ᠳᠦᠰᠢᠮᠡᠯ ᠤᠨ ᠵᠠᠬᠢᠷᠤᠯ ᠳᠤᠤᠷ᠎ᠠ ᠬᠤᠰᠢᠭᠤᠨ ᠤ ᠬᠡᠷᠡᠭ ᠵᠠᠷᠭᠤ ᠶᠢ ᠳᠠᠰᠤᠯᠤᠨ ᠰᠢᠳᠭᠡᠬᠦ᠂ ᠵᠠᠰᠠᠭ ᠨᠤᠶᠠᠳ ᠤᠨ ᠵᠠᠷᠯᠢᠭ ᠪᠢᠴᠢᠭ ᠢ ᠳᠡᠭᠡᠭᠰᠢ ᠮᠡᠳᠡᠬᠦᠯᠵᠤ ᠳᠤᠷᠤᠭᠰᠢ ᠤᠯᠠᠮᠵᠢᠯᠠᠬᠤ ᠪᠠ ᠬᠤᠰᠢᠭᠤ ᠶᠠᠮᠤᠨ ᠤ ᠪᠤᠰᠤᠳ ᠰᠠᠭᠤᠳᠠᠯ ᠤᠨ ᠪᠢᠴᠢᠭᠡᠴᠢ ᠨᠠᠷ ᠢ ᠬᠠᠮᠢᠶᠠᠷᠬᠤ ᠡᠷᠭᠡ ᠲᠠᠢ᠃ ᠳᠡᠬᠦᠨ ᠤ ᠳᠤᠤᠷ᠎ᠠ ᠨᠢ ᠪᠢᠴᠢᠭᠡᠴᠢ ᠪᠠ ᠰᠤᠷᠬᠤ ᠪᠢᠴᠢᠭᠡᠴᠢ ᠬᠡᠳᠦᠨ ᠨᠡᠷ᠎ᠡ ᠪᠠᠶᠢᠵᠤ ᠰᠠᠷ᠎ᠠ ᠶᠢᠨ ᠡᠭᠡᠯᠵᠢ ᠪᠠᠷ ᠠᠯᠪᠠ ᠬᠠᠰᠢᠳᠠᠭ᠃       ᠬᠤᠰᠢᠭᠤ ᠶᠠᠮᠤᠨ ᠳᠤ ᠪᠠᠰᠠ ᠶᠠᠮᠤᠨ ᠵᠠᠩᠭᠢ ᠨᠢᠭᠡ ᠬᠦᠮᠦᠨ ᠪᠠᠶᠢᠵᠤ ᠶᠠᠮᠤᠨ ᠤ ᠠᠵᠤ ᠠᠬᠤᠢ ᠪᠠ ᠳᠠᠬᠠᠷ᠎ᠠ ᠂ ᠵᠠᠮ᠂ ᠬᠤᠶᠠᠭ ᠤᠳ ᠢ ᠬᠠᠮᠢᠶᠠᠷᠳᠠᠭ᠃ ᠳᠦᠷᠪᠡᠨ ᠬᠡᠦᠬᠡᠳ ᠤᠨ ᠬᠤᠰᠢᠭᠤ ᠶᠠᠮᠤᠨ ᠳᠤ ᠨᠠᠢᠮᠠᠨ ᠳᠠᠬᠠᠷ᠎ᠠ ᠲᠠᠢ ᠪᠠᠶᠢᠵᠠᠢ᠃ ᠴᠢᠭᠤᠯᠭᠠᠨ ᠳᠠᠷᠤᠭ᠎ᠠ ᠪᠤᠯᠤᠭᠰᠠᠨ ᠵᠠᠰᠠᠭ ᠸᠠᠩ ᠤᠨ ᠶᠠᠮᠤᠨ ᠳᠤ ᠪᠤᠯ ᠠᠷᠪᠠᠨ ᠳᠠᠬᠠᠷ᠎ᠠ ᠲᠠᠢ ᠪᠠᠶᠢᠳᠠᠭ᠃ ᠬᠤᠰᠢᠭᠤ ᠶᠠᠮᠤᠨ ᠨᠢ ᠳᠦᠷᠪᠡᠨ ᠳᠤᠯᠤ ᠠᠴᠠ ᠳᠠᠬᠠᠷ᠎ᠠ ᠶᠢ ᠰᠢᠭᠤᠳ ᠰᠤᠩᠭᠤᠨ ᠠᠪᠬᠤ ᠪᠦᠭᠡᠳ ᠠᠶᠢᠯ ᠡᠷᠦᠬᠡ  ᠶᠢᠨ ᠬᠢᠨᠢ ᠠᠮᠢᠳᠤᠷᠠᠯ ᠨᠢ ᠵᠡᠭᠡᠭᠰᠡᠨ᠂ ᠳᠤᠰ ᠬᠦᠮᠦᠨ ᠨᠢ ᠤᠨᠤᠭ᠎ᠠ ᠤᠨᠤᠰᠢ ᠳᠠᠭᠠᠨ ᠵᠦᠭᠡᠷ᠂ ᠠᠳᠤᠭᠤ ᠤᠷᠭᠠᠯᠠᠬᠤ  ᠳᠤ ᠳᠡᠮ ᠲᠠᠢ ᠬᠦᠮᠦᠨ ᠢ ᠠᠪᠳᠠᠭ᠃ ᠳᠠᠬᠠᠷ ᠳᠤ ᠬᠤᠰᠢᠭᠤ ᠶᠠᠮᠤᠨ ᠠᠴᠠ ᠤᠯᠭᠤᠭᠰᠠᠨ ᠭᠠᠤᠯᠢ ᠪᠤᠶᠤ ᠵᠡᠰ ᠢᠶᠠᠷ ᠬᠦᠪᠡᠭᠡᠯᠡᠭᠰᠡᠨ ᠮᠦᠩᠭᠦᠨ ᠫᠠᠶᠢᠰᠠ ᠲᠠᠢ  ᠫᠠᠶᠢᠰᠠ ᠶᠢᠨ ᠦᠰᠦᠭ ᠨᠢ ︽ᠤᠯᠠᠭᠠᠨ ᠴᠠᠪ ᠤᠨ ᠴᠢᠭᠤᠯᠭᠠᠨ ᠤ ᠳᠡᠦᠷᠪᠡᠨ ᠬᠡᠦᠬᠡᠳ ᠤᠨ ᠠᠶᠢᠮᠠᠭ ᠤᠨ ᠠᠯᠪᠠᠨ᠎ᠠ ᠤᠯᠠᠭ᠎ᠠ ᠤᠨᠤᠬᠤ ᠳᠡᠮᠳᠡᠭ︾ ᠭᠡᠵᠤ ᠪᠢᠴᠢᠭᠰᠡᠨ ᠪᠠᠶᠢᠳᠠᠭ᠃ ᠳᠠᠬᠠᠷ᠎ᠠ ᠬᠡᠷᠡᠭ ᠤᠴᠢᠷ ᠢᠶᠠᠷ ᠭᠠᠳᠠᠭᠰᠢ ᠶᠠᠪᠤᠬᠤ ᠦᠬᠡᠢ ᠦᠶᠡᠰ ᠡᠨᠡ ᠫᠠᠶᠢᠰᠠ ᠶᠢ ᠶᠠᠮᠤᠨ ᠳᠤ ᠬᠠᠳᠠᠭᠠᠯᠠᠨ᠎ᠠ᠃       ᠳᠠᠬᠠᠷ᠎ᠠ ᠤᠯᠠᠭ᠎ᠠ ᠤᠨᠤᠬᠤ ᠳᠤ ᠳᠤᠤᠷᠠᠬᠢ ᠮᠡᠳᠦ ᠳᠤᠭᠳᠠᠭᠠᠯ ᠲᠠᠢ ᠪᠠᠶᠢᠳᠠᠭ᠃      1᠂ ᠳᠠᠪᠤᠨ ᠳᠦᠰᠢᠮᠡᠳ ᠤᠨ ᠠᠳᠤᠭᠤᠨ ᠠᠴᠠ ᠤᠨᠤᠭ᠎ᠠ ᠤᠨᠤᠬᠤ ᠦᠬᠡᠢ᠃   2᠂ ᠠᠶᠢᠯ ᠤᠨ ᠤᠩᠭᠤᠨ ᠰᠡᠳᠡᠷ ᠲᠠᠢ ᠮᠤᠷᠢᠳ ᠢ ᠤᠯᠠᠭ᠎ᠠ ᠪᠠᠷᠢᠵᠤ ᠪᠤᠯᠬᠤ ᠦᠬᠡᠢ᠃   3᠂ ᠠᠶᠢᠯ ᠤᠨ ᠮᠠᠯ ᠰᠦᠷᠦᠭ ᠬᠠᠷᠢᠭᠤᠯᠤᠭᠰᠠᠳ ᠤᠨ ᠮᠤᠷᠢ ᠶᠢ ᠤᠨᠤᠵᠤ ᠪᠤᠯᠬᠤ ᠦᠬᠡᠢ᠃     4᠂ ᠠᠶᠢᠯ ᠤᠨ ᠭᠠᠭᠴᠠ ᠮᠤᠷᠢ ᠶᠢ ᠤᠯᠠᠭᠠᠯᠠᠵᠤ ᠪᠤᠯᠬᠤ ᠦᠬᠡᠢ᠃     5᠂ ᠵᠠᠮ ᠤᠨ ᠬᠦᠮᠦᠨ ᠤ ᠮᠤᠷᠢ ᠶᠢ ᠪᠠᠭᠤᠯᠭᠠᠨ ᠤᠨᠤᠵᠤ ᠪᠤᠯᠬᠤ ᠦᠬᠡᠢ᠃    6᠂ ᠤᠯᠠᠭ᠎ᠠ ᠰᠤᠯᠢᠬᠤ ᠤᠰᠤᠨ ᠠᠴᠠ ︵ᠭᠠᠵᠠᠷ ᠤᠨ ᠵᠠᠢ︶ ᠭᠡᠳᠦᠷᠡᠬᠦᠯᠵᠤ ᠪᠤᠯᠬᠤ ᠦᠬᠡᠢ᠃     ᠳᠠᠬᠠᠷ᠎ᠠ ᠳᠤ ᠬᠠᠯᠠᠭ᠎ᠠ ᠡᠭᠡᠯᠵᠢ ᠭᠡᠵᠤ ᠪᠠᠶᠢᠳᠠᠭ ᠦᠬᠡᠢ  ᠃ ᠵᠢᠯ ᠪᠦᠷᠢ ᠬᠤᠶᠡᠷ ᠮᠤᠷᠢ ᠶᠢ ᠠᠳᠤᠭᠤ ᠤᠯᠠᠨ  ᠲᠠᠢ ᠠᠶᠢᠯ ᠠᠴᠠ ᠡᠭᠡᠯᠵᠢ ᠪᠠᠷ ᠳᠠᠳᠠᠪᠦᠷᠢᠯᠠᠨ ᠦᠭᠳᠡᠭ᠃                        ᠬᠤᠰᠢᠭᠤ ᠴᠤᠭᠯᠠᠭ᠎ᠠ    ᠬᠤᠰᠢᠭᠤ ᠴᠤᠭᠯᠠᠭ᠎ᠠ ᠭᠡᠵᠤ ᠵᠢᠯ ᠳᠤ ᠬᠤᠶᠡᠷ ᠤᠳᠠᠭ᠎ᠠ ᠪᠠᠶᠢᠳᠠᠭ᠃ ᠡᠨᠡ ᠨᠢ ᠳᠤᠭᠳᠠᠮᠠᠯ ᠬᠤᠭᠤᠴᠠᠭ᠎ᠠ ᠲᠠᠢ ᠴᠤᠭᠯᠠᠭ᠎ᠠ ᠪᠤᠯᠤᠨ᠎ᠠ᠃ ᠤᠨᠴᠠᠭᠠᠢ ᠪᠠᠶᠢᠳᠠᠯ ᠲᠠᠢ ᠪᠤᠯ ᠪᠠᠰᠠ ᠳᠤᠭᠳᠠᠮᠠᠯ ᠪᠤᠰᠤ ᠬᠤᠭᠤᠴᠠᠭ᠎ᠠ ᠲᠠᠢ ᠴᠤᠭᠯᠠᠭ᠎ᠠ ᠴᠤᠭᠯᠠᠵᠤ ᠴᠤ ᠪᠤᠯᠳᠠᠭ᠃    ᠪᠦᠬᠦ ᠬᠤᠰᠢᠭᠤᠨ ᠤ ᠬᠠᠮᠤᠭ ᠤᠨ ᠶᠡᠭᠡ ᠴᠤᠭᠯᠠᠭ᠎ᠠ ᠪᠤᠯ ︽ᠵᠢᠷᠭᠤᠭᠠᠨ ᠰᠠᠷ᠎ᠠ ᠶᠢᠨ ᠴᠤᠭᠯᠠᠭ᠎ᠠ︾ ᠪᠤᠯᠤᠨ᠎ᠠ᠃ ᠵᠢᠯ ᠪᠦᠷᠢ ᠶᠢᠨ ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ ᠨᠢᠭᠡᠨ ᠠᠴᠠ ᠰᠢᠨ᠎ᠡ ᠶᠢᠨ ᠶᠢᠰᠦᠨ ᠬᠦᠷᠳᠡᠯ᠎ᠡ ᠬᠤᠰᠢᠭᠤ ᠰᠦᠮ᠎ᠡ ︵ᠮᠠᠨᠳᠠᠯ︶ ᠶᠢᠨ ᠭᠠᠨᠵᠤᠤᠷ ᠤᠨ ᠬᠤᠷᠠᠯ ᠳᠡᠭᠡᠷ᠎ᠡ ᠶᠠᠪᠤᠭᠳᠠᠳᠠᠭ᠃ ᠡᠨᠡ ᠴᠤᠭᠯᠠᠭᠠᠨ ᠳᠡᠭᠡᠷ᠎ᠡ ᠵᠠᠰᠠᠭ ᠸᠠᠩ ᠠᠴᠠ ᠳᠡᠷᠢᠬᠦᠯᠡᠨ ᠳᠠᠪᠤᠨ ᠳᠦᠰᠢᠮᠡᠳ᠂ ᠳᠤᠯᠤ ᠵᠠᠯᠠᠨ᠂ ᠰᠤᠮᠤᠨ ᠵᠠᠩᠭᠢ᠂ ᠬᠦᠨᠳᠦ ᠵᠡᠷᠭᠡ ᠳᠤᠰᠢᠶᠠᠯᠳᠠᠳ ᠤᠷᠤᠯᠴᠠᠵᠤ᠂ ᠪᠦᠬᠦ ᠬᠤᠰᠢᠭᠤᠨ ᠤ ᠦᠩᠭᠡᠷᠡᠭᠰᠡᠨ ᠨᠢᠭᠡ ᠵᠢᠯ ᠤᠨ ᠳᠤᠮᠤ ᠶᠡᠭᠡ ᠬᠡᠷᠡᠭ ᠶᠠᠪᠤᠳᠠᠯ  ᠤᠳ ᠢ ᠳᠠᠰᠤᠯᠠᠨ ᠰᠢᠢᠳᠪᠦᠷᠢᠯᠡᠳᠡᠭ᠃ ᠳᠠᠭᠠᠤ ᠳᠤᠨᠢ ᠳᠤᠰ ᠵᠢᠯ ᠤᠨ ᠢᠶᠠᠨ ᠵᠠᠰᠠᠭ ᠵᠠᠷᠯᠢᠭ ᠤᠨ ᠶᠠᠪᠤᠳᠠᠯ ᠤᠴᠢᠷ  ᠤᠨ ᠳᠤᠬᠠᠢ ᠵᠦᠪᠳᠡᠨ ᠳᠤᠭᠳᠠᠭᠠᠳᠠᠭ᠃      ︽ᠵᠤᠯᠭᠠᠯᠳᠠ ᠶᠢᠨ ᠴᠤᠭᠯᠠᠭ᠎ᠠ︾ ᠶᠢ ᠪᠠᠰᠠ ︽ᠴᠠᠭᠠᠨ ᠰᠠᠷ᠎ᠠ ᠶᠢᠨ ᠴᠤᠭᠯᠠᠭ᠎ᠠ︾ ᠭᠡᠳᠡᠭ᠃ ᠡᠨᠡ ᠴᠤᠭᠯᠠᠭ᠎ᠠ ᠨᠢ ᠬᠦᠬᠡᠬᠡ ᠰᠠᠷ᠎ᠠ ᠶᠢᠨ ᠬᠤᠷᠢᠨ ᠭᠤᠷᠪᠠᠨ ᠤ ᠭᠠᠯ ᠤᠨ ᠳᠠᠬᠢᠯᠭ᠎ᠠ ᠠᠴᠠ ᠬᠤᠶᠢᠰᠢ ᠳᠠᠮᠠᠭ᠎ᠠ ᠪᠠᠨ ᠪᠢᠳᠡᠬᠦᠮᠵᠢᠯᠠᠵᠤ᠂ ᠰᠢᠨ᠎ᠡ ᠵᠢᠯ ᠭᠠᠷᠤᠭᠰᠠᠨ ᠤ ᠳᠠᠷᠠᠭ᠎ᠠ ᠨᠡᠭᠡᠭᠡᠬᠦ ᠡᠳᠦᠷ ᠢ ᠦᠵᠡᠬᠦᠯᠦᠨ ᠳᠤᠭᠳᠠᠭᠠᠳᠠᠭ᠃            ᠵᠠᠰᠠᠭ ᠤᠨ ᠬᠡᠷᠡᠭ ᠢ ᠰᠢᠢᠳᠪᠦᠷᠢᠯᠡᠬᠦ ᠪᠤᠶᠤ ᠡᠷᠡᠬᠦᠤ ᠳᠠᠮᠤ     ᠬᠤᠰᠢᠭᠤ ᠶᠠᠮᠤᠨ ᠬᠡᠷᠡᠭ ᠶᠠᠪᠤᠳᠠᠯ ᠢ ᠰᠢᠢᠳᠪᠦᠷᠢᠯᠡᠬᠦ ᠳᠡᠭᠡᠨ ᠵᠠᠰᠠᠭ ᠵᠠᠬᠢᠷᠭᠠᠨ ᠤ ᠬᠡᠷᠡᠭ ᠶᠠᠪᠤᠳᠠᠯ ᠢ ᠪᠤᠯ ᠳᠡᠭᠡᠭᠰᠢ ᠮᠡᠳᠡᠬᠦᠯᠦᠨ ᠵᠦᠪᠰᠢᠶᠡᠷᠡᠬᠦᠯᠵᠤ ᠰᠢᠢᠳᠪᠦᠷᠢᠯᠡᠨ᠎ᠡ᠃ ᠬᠤᠰᠢᠭᠤᠨ ᠤ ᠪᠠᠨ ᠳᠤᠳᠤᠷᠠᠬᠢ ᠠᠷᠠᠳ ᠤᠨ ᠬᠡᠷᠡᠭ ᠵᠠᠷᠭᠤ ᠶᠢ ᠬᠤᠰᠢᠭᠤ ᠶᠠᠮᠤᠨ ᠦᠪᠡᠷᠳᠡᠭᠡᠨ ᠰᠢᠢᠳᠪᠦᠷᠢᠯᠡᠬᠦ ᠡᠷᠭᠡ ᠲᠠᠢ᠃ ᠰᠢᠶᠠᠨ ᠪᠤᠯᠤᠨ ᠬᠤᠰᠢᠭᠤᠨ ᠤ ᠬᠤᠭᠤᠷᠤᠨᠳᠤ ᠡᠬᠦᠰᠦᠭᠰᠡᠨ ᠮᠤᠩᠭᠤᠯ ᠬᠢᠳᠠᠳ ᠤᠨ ᠬᠡᠷᠡᠭ ᠵᠢᠭᠤᠷᠠᠯᠳᠤᠭᠠᠨ ᠢ ᠪᠤᠯ ᠳᠡᠭᠡᠭᠰᠢ ᠮᠡᠳᠡᠬᠦᠯᠵᠤ ᠰᠢᠢᠳᠪᠦᠷᠢᠯᠡᠨ᠎ᠡ᠃ ᠬᠤᠰᠢᠭᠤᠨ ᠳᠤᠳᠤᠷᠠᠬᠢ ᠶᠠᠯ᠎ᠠ ᠬᠢᠭᠰᠡᠳ ᠢ ᠡᠷᠡᠬᠦᠳᠡᠨ ᠰᠢᠬᠦᠬᠦ ᠳᠤ ᠬᠡᠷᠡᠭᠯᠡᠵᠤ ᠪᠠᠶᠢᠭᠰᠠᠨ ᠡᠷᠡᠬᠦᠤ ᠶᠢᠨ ᠵᠦᠢᠯ ᠪᠤᠯ᠄     1᠂ ᠠᠯᠠᠭᠠᠳᠠᠭᠤᠷ᠄ ᠡᠨᠡ ᠨᠢ ᠡᠷᠡᠬᠦᠤ ᠶᠢᠨ ᠳᠤᠳᠤᠷᠠᠬᠢ ᠬᠠᠮᠤᠭ ᠤᠨ ᠬᠦᠩᠭᠡᠨ ᠵᠦᠢᠯ ᠪᠤᠯᠤᠨ᠎ᠠ᠃ ᠳᠤᠭ᠎ᠠ  ᠨᠢ ᠬᠠᠮᠤᠭ ᠤᠨ ᠴᠦᠬᠡᠨ ᠳᠡᠭᠡᠨ ᠠᠷᠪᠠᠨ ᠳᠠᠪᠤ᠂ ᠬᠠᠮᠤᠭ ᠤᠨ ᠤᠯᠠᠨ ᠳᠠᠭᠠᠨ ᠵᠠᠭᠤ ᠬᠤᠷᠢ ᠪᠠᠶᠢᠳᠠᠭ᠃     2᠂ ᠳᠠᠳᠠᠭ᠎ᠠ᠄ ᠨᠤᠶᠢᠳᠠᠨ ᠤᠯᠤᠰᠤᠨ ᠳᠡᠭᠡᠰᠦ ᠪᠠᠷ ᠬᠡᠷᠡᠭᠳᠡᠨ ᠤ ᠬᠤᠶᠡᠷ ᠪᠠᠭᠤᠤ ᠶᠢ ᠤᠷᠢᠶᠠᠭᠠᠳ ᠬᠤᠶᠡᠷ ᠳᠡᠰᠢ ᠳᠡᠯᠡᠵᠤ ᠳᠠᠳᠠᠨ᠎ᠠ᠃    3᠂ ᠡᠷᠡᠬᠦ᠄ ᠶᠠᠯ᠎ᠠ ᠬᠢᠭᠰᠡᠳ ᠤᠨ ᠨᠢᠴᠦᠬᠦᠯᠦᠭᠰᠡᠨ ᠪᠦᠳᠦᠬᠦᠨ ᠭᠤᠶ᠎ᠠ ᠶᠢ ᠨᠢ ᠭᠤᠭᠴᠤᠭ᠎ᠠ ᠭᠠᠷᠭᠠᠭᠰᠠᠨ ᠨᠤᠶᠢᠳᠠᠨ ᠳᠡᠭᠡᠰᠦ ᠪᠠᠷ ᠤᠷᠢᠶᠠᠵᠤ ᠪᠤᠭᠤᠨᠢ ᠮᠤᠳᠤ ᠤᠷᠤᠭᠤᠯᠤᠨ ᠮᠤᠰᠬᠢᠵᠤ ᠡᠷᠡᠵᠤ ᠴᠢᠩᠭᠠᠷᠠᠭᠤᠯᠤᠨ᠎ᠠ᠃     4᠂ ᠵᠠᠭᠠᠳᠠᠬᠤ᠄ ᠬᠡᠷᠡᠭᠳᠡᠨ ᠢ ᠰᠦᠬᠦᠳᠦᠬᠦᠯᠦᠭᠡᠳ ᠬᠦᠯ ᠤᠨ ᠳᠠᠬᠢᠮ ᠳᠤᠨᠢ ᠤᠷᠳᠤ ᠮᠤᠳᠤ ᠳᠠᠯᠪᠢᠵᠤ᠂ ᠮᠤᠳᠤᠨ ᠤ ᠬᠤᠶᠡᠷ ᠦᠵᠦᠬᠦᠷ ᠠᠴᠠ ᠨᠢ ᠬᠤᠶᠡᠷ ᠬᠦᠮᠦᠨ ᠳᠠᠷᠤᠵᠤ ᠪᠦᠮᠪᠦᠷᠢᠬᠦᠯᠦᠨ᠎ᠡ᠃    5᠂ ᠳᠡᠬᠦᠵᠢᠯᠡᠬᠦ᠄ ᠬᠡᠷᠡᠭᠳᠡᠨ ᠢ ᠶᠢᠰᠦᠨ ᠳᠠᠪᠬᠤᠷ ᠳᠤᠭᠤᠰᠬᠠᠨ ᠳᠡᠭᠡᠷ᠎ᠡ ᠵᠤᠭᠰᠤᠭᠠᠵᠤ᠂ ᠬᠤᠶᠡᠷ ᠭᠠᠷ ᠤᠨ ᠡᠷᠡᠬᠡᠢ ᠬᠤᠷᠤᠭᠤᠨ ᠠᠴᠠ ᠨᠢ ᠳᠡᠭᠡᠰᠦ ᠪᠠᠷ ᠤᠶᠠᠵᠤ ᠳᠡᠭᠡᠭᠰᠢ ᠳᠡᠬᠦᠵᠢᠯᠡᠭᠡᠳ ᠬᠦᠮᠦᠨ ᠤ ᠪᠡᠶ᠎ᠡ ᠳᠤᠷᠤᠭᠰᠢᠯᠠᠬᠤ ᠳᠤᠳᠤᠮ ᠳᠤᠭᠤᠰᠬ᠎ᠠ ᠶᠢ ᠨᠢ ᠬᠠᠰᠤᠳᠠᠭ᠃    6᠂ ᠡᠮᠡᠭᠡᠯᠯᠡᠬᠦ᠄ ᠬᠡᠷᠡᠭᠳᠡᠨ ᠢ ᠳᠤᠭᠤᠭᠰᠢ ᠬᠠᠨᠳᠤᠭᠤᠯᠤᠨ ᠬᠡᠪᠳᠡᠬᠦᠯᠦᠭᠡᠳ ᠶᠠᠩᠭᠢᠶ᠎ᠠ ᠡᠮᠡᠭᠡᠯ ᠢ ᠨᠢᠷᠤᠭᠤᠨ ᠳᠡᠭᠡᠷ᠎ᠡ ᠨᠢ ᠳᠤᠬᠤᠵᠤ᠂ ᠬᠤᠶᠡᠷ ᠭᠠᠷ ᠬᠤᠶᠡᠷ ᠬᠦᠯ ᠢ ᠨᠢ ᠳᠠᠳᠠᠨ᠎ᠠ᠃    7᠂ ᠱᠠᠭ᠎ᠠ ᠦᠷᠦᠮᠳᠡᠬᠦ᠄ ᠨᠠᠷᠢᠨ ᠬᠤᠯᠤᠰᠤ ᠪᠤᠶᠤ ᠰᠤᠬᠠᠢ ᠮᠤᠳᠤ ᠶᠢ ᠦᠵᠦᠬᠦᠷᠯᠡᠭᠡᠳ ᠬᠦᠯ ᠤᠨ ᠱᠠᠭ᠎ᠠ ᠶᠠᠰᠤᠨ ᠳᠡᠭᠡᠷ᠎ᠡ ᠨᠢ ᠦᠷᠦᠮᠳᠡᠨ᠎ᠡ᠃    8᠂ ᠰᠠᠪᠰᠠᠯᠭ᠎ᠠ᠄ ᠬᠡᠷᠡᠭᠳᠡᠨ ᠤ ᠬᠤᠶᠡᠷ ᠭᠠᠷ ᠤᠨ ᠬᠤᠷᠤᠭᠤᠨ ᠵᠠᠪᠰᠠᠷ ᠲᠤ ᠶᠠᠭᠤᠮ᠎ᠠ ᠬᠠᠪᠴᠢᠭᠤᠯᠵᠤ᠂ ᠬᠤᠶᠡᠷ ᠠᠯᠠᠭ᠎ᠠ ᠶᠢ ᠨᠢ ᠬᠠᠪᠰᠤᠷᠤᠭᠤᠯᠤᠨ ᠪᠤᠭᠤᠭᠠᠳ ᠬᠦᠴᠦᠯᠠᠨ ᠳᠠᠳᠠᠨ᠎ᠠ᠃    9᠂ ᠰᠢᠷᠢᠯᠡᠬᠦ᠄ ᠪᠢᠷᠠᠭᠤᠨ ᠠᠷᠠᠰᠤ ᠶᠢ ᠪᠢᠳᠡᠬᠦᠤ ᠦᠪᠴᠢᠭᠡᠳ ᠬᠡᠷᠡᠭᠳᠡᠨ ᠢᠶᠠᠨ ᠳᠤᠳᠤᠷ᠎ᠠ ᠨᠢ ᠬᠢᠵᠤ ᠤᠭᠤᠳᠠᠯᠠᠨ ᠳᠤᠯᠤᠭᠠᠢ ᠶᠢ ᠨᠢ ᠭᠠᠳᠠᠨ᠎ᠠ ᠭᠠᠷᠭᠠᠵᠤ ᠪᠢᠳᠡᠬᠦᠯᠡᠨ ᠤᠶᠠᠨ᠎ᠠ᠃     ᠳᠡᠭᠡᠷᠡᠬᠢ ᠠᠴᠠ ᠭᠠᠳᠠᠨ᠎ᠠ ᠡᠮᠡᠭᠳᠡᠶᠢᠴᠤᠳ ᠤᠨ ᠡᠷᠡᠬᠦᠤ ᠭᠡᠵᠤ ᠠᠯᠠᠭᠠᠳᠠᠭᠤᠷ᠂ ᠬᠦᠬᠦ ᠶᠢ ᠨᠢ ᠡᠷᠡᠬᠦ᠂ ᠭᠠᠷ ᠢ  ᠨᠢ ᠰᠠᠪᠰᠠᠯᠭᠠᠬᠤ ᠵᠡᠷᠭᠡ ᠪᠠᠶᠢᠳᠠᠭ᠃ ᠶᠠᠯᠠᠳᠠᠭᠰᠠᠳ ᠢ ᠰᠤᠯᠠᠯᠠᠬᠤ ᠳᠠᠭᠠᠨ ᠪᠠᠰᠠ ᠬᠠᠷ᠎ᠠ ᠳᠠᠰᠢᠭᠤᠷ ᠢᠶᠠᠷ ᠭᠤᠶᠠᠳᠠᠵᠤ ᠪᠠᠷᠠᠭᠠᠳ ᠰᠠᠢᠢ ᠰᠤᠯᠠᠯᠠᠳᠠᠭ ᠪᠦᠭᠡᠳ ᠬᠦᠩᠭᠡᠨ ᠰᠢᠭ ᠶᠠᠯ᠎ᠠ ᠬᠢᠭᠰᠡᠳ ᠢ ᠪᠤᠯ ᠴᠡᠭᠡᠷᠯᠡᠯ ᠦᠵᠡᠬᠦᠯᠬᠦ ᠪᠠᠷ ᠴᠦᠬᠡᠨ  ᠳᠡᠭᠡᠨ 25 ︵ᠡᠬᠦᠨ ᠢ ᠠᠯᠪᠠ ᠶᠢᠨ 25 ᠭᠡᠵᠤ ᠴᠤ ᠬᠡᠯᠡᠳᠡᠭ︶ ᠤᠯᠠᠨ ᠳᠠᠭᠠᠨ 120 ᠭᠤᠶᠠᠳᠠᠳᠠᠭ᠃ ᠠᠷᠠᠳ  ᠤᠨ ᠳᠤᠳᠤᠭᠠᠳᠤᠬᠢ ᠡᠩ ᠤᠨ ᠬᠡᠷᠡᠭ ᠢ ᠰᠢᠳᠭᠡᠬᠦ ᠳᠡᠭᠡᠨ ᠶᠠᠯ᠎ᠠ ᠤᠨ ᠬᠢᠨᠢ ᠬᠦᠨᠳᠦ ᠬᠦᠩᠭᠡᠨ ᠢ ᠦᠵᠡᠵᠤ ᠪᠠᠶᠢᠠᠭᠳ ᠠᠳᠠᠯᠢ ᠪᠤᠰᠤ ᠪᠠᠷ ᠰᠤᠮᠤ ᠳᠤᠭᠤᠷᠢᠭᠤᠯᠬᠤ᠂ ᠰᠢᠬᠠᠭᠠᠨ ᠳᠤ  ᠰᠢᠷᠭᠤᠭᠤᠯᠬᠤ ᠵᠡᠷᠭᠡ ᠪᠠᠷ ᠶᠠᠯᠠᠳᠠᠳᠠᠭ ᠪᠠ ᠵᠡᠷᠭᠡ ᠬᠡᠷᠬᠡᠮ ᠲᠠᠢ ᠪᠠᠶᠠᠳ ᠨᠤᠶᠠᠳ ᠤᠨ ᠠᠳᠡᠯ ᠪᠤᠷᠤᠭᠤ ᠶᠢ ᠪᠤᠯ ᠮᠠᠯ ᠤᠨᠤᠭ᠎ᠠ ᠪᠠᠷ ᠳᠤᠷᠭᠤᠭᠠᠨ ᠦᠩᠭᠡᠷᠡᠬᠦᠯᠳᠡᠭ ᠴᠤ ᠪᠤᠢ᠃
 
ᠢᠷᠡᠯᠲᠡ᠄ 《ᠲᠦᠷᠪᠡᠤᠨ ᠤᠨ ᠰᠤᠶᠤᠯ ᠲᠡᠤᠬᠡ ᠶᠢᠨ ᠬᠡᠯᠬᠢᠶᠡᠰᠦ》 ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2