ᠳᠤᠷᠵᠢᠫᠠᠯᠮᠠ(1925 —1991) ᠲᠦᠷᠪᠡᠤᠨ ᠬᠤᠰᠢᠭᠤᠨ ᠤ ᠪᠠᠶᠠᠨᠴᠤᠭᠲᠤ ᠰᠤᠮᠤᠨ ᠤ ᠪᠤᠯᠤᠩ | ᠭᠠᠴᠠᠭᠠᠨ ᠤ ᠲᠠᠷᠬᠠᠨ ᠭᠡᠳᠡᠭ ᠭᠠᠵᠠᠷ ᠠᠪᠤ ᠲᠤᠳᠤᠷᠤᠪ᠂ ᠡᠵᠢ ᠳᠠᠴᠢᠨᠰᠸᠠ ᠶᠢᠨ ᠤᠤᠭᠠᠨ ᠬᠦᠪᠡᠬᠦᠨ ᠨᠢ ᠪᠤᠯᠵᠤ | ᠵᠠᠶᠠᠭᠠᠵᠠᠢ᠃ | ᠲᠤᠷᠵᠢᠫᠠᠯᠮᠠ ᠬᠠᠷᠠᠬᠠᠨ ᠪᠠᠭ᠎ᠠ ᠠᠴᠠ ᠪᠠᠨ ᠠᠳᠤᠭᠤᠴᠢᠨ ᠠᠪᠤ ᠪᠠᠨ ᠳᠠᠭᠠᠵᠤ ᠠᠳᠤᠭᠤ ᠮᠠᠯ ᠲᠠᠢ ᠲᠤᠭᠯᠠᠨ | ᠦᠰᠴᠦ᠂ ᠳᠠᠭᠠᠤ ᠳᠤᠨᠢ ᠨᠠᠭᠠᠴᠤ ᠮᠠᠮᠠ ᠪᠠᠷ ᠢᠶᠠᠨ ᠴᠠᠭᠠᠨ ᠲᠤᠯᠤᠭᠠᠢ ᠵᠢᠭᠠᠯᠭᠠᠵᠤ ᠦᠰᠦᠭ ᠪᠢᠴᠢᠭ ᠨᠢᠳᠦᠯᠡᠵᠦ | ᠰᠤᠷᠴᠠᠢ᠃ ᠠᠷᠪᠠᠨ ᠭᠤᠷᠪᠠᠨ ᠨᠠᠰᠤᠨ ᠳᠠᠭᠠᠨ ᠦᠰᠴᠦ ᠲᠦᠷᠦᠭᠰᠡᠨ ᠭᠡᠷ ᠠᠴᠠ ᠪᠠᠨ ᠰᠠᠯᠵᠤ ᠴᠠᠭᠠᠨᠪᠤᠯᠠᠭ ᠤᠨ | ᠪᠤᠷᠤ ᠰᠠᠩ ᠳᠤ ᠲᠦᠷᠪᠡᠤᠨ ᠸᠠᠩ ᠤᠨ ᠲᠤᠭᠤᠭᠠᠨ ᠭᠡᠷ ᠲᠤ ᠭᠠᠯᠴᠢ ᠨᠡᠷᠡᠲᠠᠢ ᠵᠠᠷᠤᠴᠨ ᠪᠤᠯᠵᠤ ᠶᠠᠪᠤᠭᠰᠠᠨ ᠲᠡᠤᠬᠡ | ᠲᠠᠢ᠃ ᠴᠢᠯᠦᠭᠡᠯᠡᠭᠳᠡᠭᠰᠡᠨ ᠤ ᠳᠠᠷᠠᠭ᠎ᠠ ᠪᠠᠶᠠᠨᠴᠤᠭᠲᠤ ᠰᠤᠮᠤᠨ ᠳᠤ ᠡᠩ ᠤᠨ ᠺᠠᠳ᠋ᠷ ᠢᠶᠠᠷ ᠠᠯᠪᠠᠯᠠᠵᠤ ᠪᠠᠶᠢᠭᠠᠤᠨ | 1962 ᠤᠨ ᠳᠤ ᠴᠠᠭᠠᠡᠤᠪᠤᠭᠠ ᠳᠤ ᠨᠢᠭᠡᠳᠦᠯ ᠤᠨ ᠳᠠᠷᠤᠭ᠎ᠠ ᠪᠠᠷ ᠲᠤᠮᠢᠯᠠᠭᠰᠠᠨ ᠳᠤ ᠠᠮᠢᠳᠤᠷᠠᠯ ᠬᠦᠴᠢᠷᠳᠡᠯᠲᠠᠢ | ᠬᠦᠳᠡᠯᠮᠦᠷᠢ ᠬᠦᠴᠦ ᠮᠡᠬᠦᠰ ᠠᠴᠠ ᠪᠤᠯᠵᠤ ᠤᠯᠤᠰ ᠤᠨ ᠠᠵᠢᠯ ᠢᠶᠠᠨ ᠬᠠᠶᠠᠵᠤ ᠠᠷᠤ ᠭᠡᠷ ᠲᠡᠭᠡᠨ ᠬᠠᠷᠢᠨ᠂ ᠠᠳᠤᠭᠤ | ᠮᠠᠯ ᠢᠶᠠᠨ ᠠᠳᠤᠭᠤᠯᠠᠨ ᠮᠠᠯᠴᠢᠨ ᠪᠤᠯᠤᠭᠰᠠᠨ ᠪᠠᠶᠢᠨ᠎ᠠ᠃ ᠭᠡᠪᠡᠴᠦ ᠲᠤᠷᠵᠢᠫᠠᠯᠮᠠ ᠭᠤᠸᠠᠢ ᠮᠠᠯᠴᠢᠨ ᠪᠤᠯᠤᠯ᠎ᠠ ᠭᠡᠵᠦ | ᠬᠤᠶᠢᠰᠢ ᠰᠠᠭᠤᠭᠰᠠᠨ ᠦᠭᠡᠢ ᠬᠤᠶᠠᠳᠤᠭᠠᠷ ᠨᠤᠲᠤᠭ ᠤᠨ ᠪᠠᠶᠠᠨ ᠤᠪᠤᠭ᠎ᠠ ᠵᠠᠬᠢᠷᠤᠯᠲᠤ ᠶᠢᠨ ᠲᠤᠭᠤᠷᠢᠭ ᠤᠨ | ᠳᠠᠷᠤᠭ᠎ᠠ ᠶᠢᠨ ᠲᠤᠰᠢᠶᠠᠯ ᠢ ᠬᠠᠷᠢᠭᠤᠴᠠᠨ ᠬᠢᠵᠦ ᠪᠠᠶᠢᠭᠠᠤᠨ ᠰᠠᠯᠤᠭᠰᠠᠨ ᠤ ᠳᠠᠷᠠᠭ᠎ᠠ ᠤᠯᠠᠭᠠᠨᠬᠠᠳᠠ ᠰᠤᠮᠤᠨ ᠤ | ᠰᠠᠴᠢ ᠭᠠᠴᠠᠭᠠᠨ ᠤ ᠨᠠᠮ ᠤᠨ ᠡᠭᠦᠷ ᠤᠨ ᠱᠦᠵᠢ ᠶᠢᠨ ᠠᠵᠢᠯ ᠢ ᠨᠠᠰᠤ ᠪᠠᠷ ᠢᠶᠠᠨ ᠡᠭᠦᠷᠭᠡᠯᠡᠵᠦ ᠢᠷᠡᠵᠡᠢ᠃ | ᠲᠤᠷᠵᠢᠫᠠᠯᠮᠠ ᠭᠤᠸᠠᠢ ᠮᠤᠩᠭᠤᠯ ᠪᠦᠬᠡ ᠳᠤ ᠳᠤᠷ᠎ᠠ ᠪᠠᠬ᠎ᠠ ᠲᠠᠢ ᠶᠢᠨ ᠤᠴᠢᠷ ᠬᠠᠷᠠᠬᠠᠨ ᠪᠠᠭ᠎ᠠ ᠠᠴᠠ ᠪᠠᠨ | ᠨᠡᠷᠡᠲᠦ ᠪᠦᠬᠡᠴᠢᠤᠨ ᠤᠨ ᠪᠠᠷᠢᠯᠳᠤᠬᠤ ᠠᠷᠭ᠎ᠠ ᠮᠡᠭᠡ᠂ ᠴᠢᠳᠠᠯ ᠬᠦᠴᠦᠨ ᠢ ᠪᠢᠰᠢᠷᠡᠨ ᠳᠠᠭᠤᠷᠢᠶᠠᠵᠤ᠂ | ᠬᠠᠲᠠᠭᠤᠵᠢᠯᠲᠠᠢ ᠪᠤᠯᠪᠠᠰᠤᠷᠠᠭᠰᠠᠨ ᠠᠴᠠ ᠡᠷ᠎ᠡ ᠶᠢᠨ ᠵᠡᠷᠭᠡ ᠳᠤ ᠬᠦᠷᠦᠮᠡᠭᠴᠡ ᠰᠦᠮ᠎ᠡ ᠶᠢᠨ ᠨᠡᠶᠢᠷ᠂ ᠤᠪᠤᠭᠠᠨ | ᠨᠠᠶᠢᠷ ᠲᠤ ᠵᠤᠳᠤᠭᠯᠠᠵᠤ ᠡᠬᠢᠯᠡᠭᠰᠡᠨ ᠢᠶᠠᠨ ᠬᠤᠵᠢᠮ ᠨᠢ ᠲᠡᠷᠢᠭᠦᠨ᠂ ᠳᠡᠳ᠋ ᠠᠪᠴᠤ ᠤᠷᠤᠨ᠂ ᠠᠶᠢᠮᠠᠭ ᠲᠠᠭᠠᠨ | ᠪᠦᠬᠡ ᠶᠢᠨ ᠲᠠᠪᠢᠯᠭᠡᠨ ᠢ ᠪᠠᠲᠤᠯᠠᠵᠤ ᠶᠠᠪᠤᠭᠰᠠᠨ ᠰᠠᠶᠢᠬᠠᠨ ᠠᠯᠳᠠᠷ ᠲᠠᠢ ᠪᠢᠯᠡ᠃ | ᠲᠤᠷᠵᠢᠫᠠᠯᠮᠠ ᠭᠤᠸᠠᠢ ᠪᠤᠯ ᠮᠠᠨ ᠤ ᠲᠦᠷᠪᠡᠤᠨ ᠬᠤᠰᠢᠭᠤᠨ ᠤ ᠪᠦᠬᠡ ᠶᠢᠨ ᠲᠡᠤᠬᠡᠨ ᠳᠤ ᠤᠳᠤ ᠰᠤᠳᠤ ᠰᠢᠭ᠋ | ᠭᠢᠯᠠᠯᠵᠠᠵᠤ ᠶᠠᠪᠤᠭᠰᠠᠨ ᠠᠯᠳᠠᠷᠲᠤ ᠪᠦᠬᠡᠴᠢᠤᠨ ᠤᠨ ᠨᠢᠭᠡ ᠨᠢ ᠪᠢᠯᠡ᠃ |