ᠠᠯᠳᠠᠨ ᠤᠯᠤᠰ ᠤᠨ ᠤᠷᠳᠤ ᠬᠡᠷᠡᠮ
ᠨᠡᠶᠢᠲᠡᠯᠡᠭᠰᠡᠨ ᠴᠠᠭ᠄
2018-04-12
   ᠳᠦᠷᠪᠡᠳ ᠬᠤᠰᠢᠭᠤᠨ ᠤ ᠬᠢᠯᠢ ᠳᠤᠳᠤᠷ᠎ᠠ ᠪᠠᠷᠠᠭᠤᠨ ᠦᠵᠦᠬᠦᠷ ᠨᠢ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠠᠴᠠ ᠬᠤᠰᠢᠭᠤᠨ ᠵᠠᠭ᠎ᠠ ᠳᠠᠪᠠᠵᠤ᠂ ᠳᠤᠰ ᠬᠤᠰᠢᠭᠤᠨ ᠤ ᠪᠠᠶᠠᠨᠬᠤᠸᠠ ᠰᠤᠮᠤᠨ ᠠᠴᠠ ᠡᠬᠢᠯᠡᠨ ᠵᠡᠬᠦᠨᠰᠢᠯᠡᠵᠤ᠂ ᠬᠤᠩᠭᠤᠷ ᠰᠤᠮᠤ᠂ ᠴᠠᠭᠠᠬᠤᠪᠤᠭ᠎ᠠ ᠰᠤᠮᠤ ᠶᠢ ᠳᠠᠮᠵᠢᠵᠤ ᠳᠠᠬᠢᠨ ᠬᠤᠶᠡᠷ ᠰᠠᠯᠪᠦᠷᠢᠯᠡᠨ ᠬᠤᠶᠢᠳᠦ ᠰᠠᠯᠪᠤᠷᠢ ᠨᠢ ᠤᠯᠠᠭᠠᠨᠬᠠᠳᠠ ᠰᠤᠮᠤᠨ ᠤ ᠬᠤᠶᠢᠳᠦ ᠪᠡᠶ᠎ᠡ ᠪᠠᠷ ᠰᠢᠯᠢ ᠶᠢᠨ ᠭᠤᠤᠯ ᠤᠨ ᠰᠦᠨᠢᠳ ᠪᠠᠷᠠᠭᠤᠨ ᠬᠤᠰᠢᠭᠤᠨ ᠳᠤ ᠤᠷᠤᠵᠤ᠂ ᠡᠮᠦᠨ᠎ᠡ ᠰᠠᠯᠪᠤᠷᠢ ᠨᠢ ᠤᠯᠠᠭᠠᠨᠬᠠᠳᠠ ᠰᠤᠮᠤᠨ ᠤ ᠭᠠᠵᠠᠷ ᠢᠶᠠᠷ ᠳᠠᠮᠵᠢᠨ ᠴᠠᠬᠠᠷ ᠪᠠᠷᠠᠭᠤᠨ ᠭᠠᠷᠤᠨ ᠬᠤᠶᠢᠳᠦ ᠬᠤᠰᠢᠭᠤᠨ ᠳᠤ ᠤᠷᠤᠭᠰᠠᠨ ᠡᠷᠳᠡᠨ ᠤ ᠬᠡᠷᠡᠮ ᠤᠨ ᠦᠯᠡᠳᠡᠭᠳᠡᠯ ᠪᠠᠶᠢᠳᠠᠭ᠃ ᠡᠬᠦᠨ ᠢ ᠨᠤᠳᠤᠭ ᠤᠨ ᠬᠦᠮᠦᠰ ᠬᠢᠯᠢ ᠶᠢᠨ ᠬᠡᠷᠡᠮ ᠭᠡᠳᠡᠭ᠃ᠡᠨᠡᠬᠦ ᠭᠡᠷᠡᠮ ᠨᠢ ᠳᠤᠬᠠᠢ ᠶᠢᠨ ᠦᠶ᠎ᠡ ᠳᠤ ᠡᠳᠦᠷ ᠠᠴᠠ ᠡᠳᠦᠷ ᠬᠦᠴᠦᠷᠬᠡᠭᠵᠢᠨ ᠮᠠᠨᠳᠤᠵᠤ ᠪᠠᠶᠢᠭ᠎ᠠ ᠮᠤᠩᠭᠤᠯ ᠦᠨᠳᠦᠰᠦᠳᠡᠨ ᠤ ᠬᠠᠯᠳᠠᠯᠭ᠎ᠠ ᠳᠤᠪᠳᠤᠯᠭ᠎ᠠ ᠶᠢ ᠰᠡᠷᠭᠡᠶᠢᠯᠡᠬᠦ ᠶᠢᠨ ᠳᠤᠰᠠᠳᠠ ᠨᠠᠶᠢᠳᠡ ᠶᠢᠨ ᠤᠨ ᠳᠤᠭᠠᠯᠠᠯ ᠤᠨ 1189 ᠤᠨ ᠳᠤ ᠪᠠᠶᠢᠭᠤᠯᠤᠭᠰᠠᠨ ᠠᠯᠳᠠᠨ ᠤᠯᠤᠰ ᠤᠨ ᠦᠶ᠎ᠡ ᠶᠢᠨ ᠬᠢᠯᠢ ᠶᠢᠨ ᠬᠡᠷᠡᠮ ᠠᠵᠠᠢ᠃ ᠡᠨᠡᠬᠦ ᠬᠡᠷᠡᠮ ᠨᠢ ᠳᠦᠷᠪᠡᠳ ᠬᠤᠰᠢᠭᠤᠨ ᠤ ᠬᠢᠯᠢ ᠳᠤᠳᠤᠷ᠎ᠠ 330 ᠰᠢᠬᠠᠮ ᠮᠧᠲᠷ ᠤᠷᠳᠤ ᠪᠠᠶᠢᠳᠠᠭ᠃ ᠬᠡᠷᠡᠮ ᠤᠨ ᠦᠯᠡᠳᠡᠭᠳᠡᠯ ᠤᠨ ᠰᠠᠭᠤᠷᠢ ᠶᠢᠨ ᠦᠷᠬᠡᠨ ᠨᠢ 16 ~ 20 ᠮᠧᠲᠷ᠂ ᠦᠨᠳᠦᠷ ᠨᠢ 0᠂3 ~ 1 ᠮᠧᠲᠷ ᠵᠡᠷᠭᠡ ᠠᠳᠠᠯᠢ ᠦᠬᠡᠢ ᠪᠠᠶᠢᠵᠤ᠂ ᠬᠡᠷᠡᠮ ᠤᠨ ᠭᠠᠳᠠᠨ᠎ᠠ ᠳᠠᠯ᠎ᠠ ᠶᠢᠨ ᠤᠨᠠᠭᠤᠯᠢ ᠭᠤᠤ ᠶᠢᠨ ᠬᠢᠨᠢ ᠦᠷᠭᠡᠨ ᠨᠢ 15 ᠮᠧᠲᠷ ᠪᠠᠶᠢᠳᠠᠭ᠃ ᠬᠡᠷᠡᠮ ᠳᠠᠭᠠᠭᠠᠳ 300 ~ 500 ᠮᠧᠲᠷ ᠠᠯᠤᠰᠯᠠᠬᠤ ᠪᠦᠷᠢ ᠨᠢᠭᠡᠨ 100×100 ᠮᠧᠲᠷ ᠪᠤᠶᠤ 150×150 ᠮᠧᠲᠷ ᠳᠠᠯᠠᠪᠠᠢ ᠲᠠᠢ ᠬᠠᠷᠠᠭᠤᠯ ᠤᠨ ᠴᠠᠮᠬᠠᠭ ᠲᠠᠢ᠃ ᠬᠠᠷᠠᠭᠤᠯ  ᠤᠨ ᠴᠠᠮᠬᠠᠭ ᠤᠨ ᠤᠯᠠᠩᠭᠢ ᠨᠢ ᠡᠮᠦᠨᠡᠰᠢ  ᠬᠠᠨᠳᠤᠭᠰᠠᠨ ᠡᠬᠦᠳᠡ ᠪᠠ ᠬᠤᠳᠠ ᠬᠠᠮᠠᠭᠠᠯᠠᠬᠤ ᠭᠤᠤᠯ ᠲᠠᠢ ᠪᠠᠶᠢᠭᠰᠠᠨ  ᠨᠢ ᠡᠳᠦᠭᠡ ᠪᠤᠯᠳᠠᠯ᠎ᠠ ᠮᠡᠳᠡᠭᠳᠡᠵᠤ ᠪᠤᠢ᠃ ᠬᠠᠷᠠᠭᠤᠯ ᠤᠨ ᠴᠠᠮᠬᠠᠭ ᠠᠴᠠ ᠪᠤᠳᠠᠭ᠎ᠠ ᠴᠠᠶᠢᠯᠭᠠᠳᠠᠭ ᠤᠭᠤᠷ᠂ ᠰᠦᠩ ᠤᠯᠤᠰ ᠤᠨ ᠦᠶ᠎ᠡ ᠶᠢᠨ ᠸᠠᠭᠠᠷ ᠤᠨ ᠬᠠᠭᠠᠷᠬᠠᠢ᠂ ᠳᠡᠮᠦᠷ ᠬᠤᠶᠠᠭ ᠤᠨ ᠢᠯᠳᠠᠰᠤ ᠪᠠ ᠵᠠᠪᠠ ᠶᠢᠨ ᠦᠵᠦᠬᠦᠷ ᠤᠯᠳᠠᠭᠰᠠᠨ ᠪᠠᠶᠢᠨ᠎ᠠ᠃ ᠭᠤᠤᠯ ᠤᠨ ᠤᠰᠤᠨ ᠳᠤ ᠤᠷᠤᠰᠬᠠᠭᠳᠠᠭᠰᠠᠨ ᠬᠡᠷᠡᠮ ᠤᠨ ᠦᠯᠡᠳᠡᠭᠳᠡᠯ ᠢ ᠨᠢᠭᠳᠠᠯᠠᠪᠠᠯ ᠡᠨᠡᠬᠦ ᠬᠡᠷᠡᠮ ᠢ ᠬᠠᠩᠳᠠᠵᠤ ᠪᠤᠰᠬᠠᠭᠰᠠᠨ ᠪᠦᠭᠡᠳ ᠬᠠᠩᠳᠠᠭᠰᠠᠨ ᠤᠷᠤᠮ ᠤᠨ ᠬᠢᠨᠢ ᠦᠷᠭᠡᠨ ᠨᠢ 12 ᠮᠧᠲᠷ᠂ ᠬᠠᠩᠳᠠᠭᠰᠠᠨ ᠳᠠᠪᠬᠤᠷᠭ᠎ᠠ ᠪᠦᠷᠢ ᠨᠢ 12 ~ 20 ᠰᠡᠨᠲ᠋ᠢᠮᠧᠲᠷ ᠵᠤᠵᠠᠭᠠᠨ᠂ ᠨᠠᠶᠢᠳᠡ 19 ᠳᠠᠪᠬᠤᠷᠭ᠎ᠠ ᠪᠠᠶᠢᠵᠤ᠂ ᠪᠦᠬᠦᠯᠢ ᠬᠡᠷᠡᠮ ᠨᠢ ᠠᠳᠠᠭ ᠲᠠᠭᠠᠨ 2 ᠮᠧᠲᠷ ᠢᠯᠡᠬᠦᠤ ᠦᠨᠳᠦᠷ ᠪᠠᠶᠢᠭᠰᠠᠨ ᠨᠢ ᠢᠯᠡᠷᠬᠡᠢ᠃ ᠲᠡᠦᠬᠡᠨ ᠨᠤᠮ ᠪᠢᠴᠢᠭ ᠲᠤ ᠠᠯᠳᠠᠨ ᠤᠯᠤᠰ ᠤᠨ ᠦᠶ᠎ᠡ ᠳᠤ  ᠤᠩᠭᠤᠳ ᠠᠶᠢᠮᠠᠭ᠂ ᠮᠤᠨᠢ ᠠᠭᠤᠯᠠ ᠶᠢᠨ ᠠᠷᠤ ᠪᠠᠷ ᠨᠤᠳᠤᠭᠯᠠᠵᠤ᠂ ᠠᠯᠳᠠᠨ ᠤᠯᠤᠰ ᠤᠨ ᠬᠢᠯᠢ ᠶᠢᠨ ᠭᠡᠷᠡᠮ ᠢ ᠰᠠᠬᠢᠵᠤ ᠪᠠᠶᠢᠯ᠎ᠠ ᠭᠡᠵᠤ ᠪᠤᠢ᠃ ᠭᠡᠪᠡᠴᠤ ᠭᠤᠪᠢ ᠶᠢᠨ ᠠᠷᠤ ᠳᠠᠬᠢ ᠮᠤᠩᠭᠤᠯ ᠦᠨᠳᠦᠰᠦᠳᠡᠨ ᠬᠦᠴᠦᠷᠬᠡᠭᠵᠢᠭᠡᠳ ᠳᠡᠬᠦᠨ ᠲᠠᠢ ᠳᠠᠶᠢᠰᠦᠩᠨᠠᠵᠤ ᠪᠠᠶᠢᠭᠰᠠᠨ ᠦᠨᠳᠦᠰᠦᠳᠡᠨ ᠤᠭᠰᠠᠭᠠᠳᠠᠨ  ᠢ ᠳᠠᠶᠢᠯᠠᠨ ᠳᠠᠭᠠᠭᠤᠯᠬᠤ ᠦᠶ᠎ᠡ ᠳᠤ ᠤᠩᠭᠤᠳ ᠠᠶᠢᠮᠠᠭ ᠴᠤ ᠮᠤᠩᠭᠤᠯ ᠳᠤ ᠤᠷᠤᠵᠤ ᠦᠭᠭᠦᠭᠡᠳ ᠬᠠᠮᠳᠤ ᠪᠠᠷ ᠨᠠᠢᠮᠠᠨ ᠠᠶᠢᠮᠠᠭ ᠢ ᠮᠦᠬᠦᠭᠡᠭᠰᠡᠨ ᠪᠠᠶᠢᠨ᠎ᠠ᠃ ᠳᠡᠬᠦᠨ ᠠᠴᠠ ᠠᠪᠤᠭᠠᠳ ᠡᠨᠡᠬᠦ ᠮᠤᠩᠭᠤᠯ ᠤᠨ ᠳᠤᠪᠳᠤᠯᠭᠠᠨ ᠢ ᠰᠡᠷᠬᠡᠶᠢᠯᠡᠨ ᠬᠠᠯᠬᠠᠯᠠᠬᠤ ᠪᠠᠷ ᠵᠤᠷᠢᠯᠭ᠎ᠠ ᠪᠠᠨ ᠪᠤᠯᠭᠠᠵᠤ ᠪᠠᠶᠢᠭᠰᠠᠨ ᠤᠷᠳᠤ ᠬᠡᠷᠡᠮ᠂ ᠤᠨᠠᠭᠤᠯᠢ ᠭᠤᠤ ᠨᠢ ᠢᠳᠡᠭ ᠢᠳᠡᠭ ᠢᠶᠠᠷ ᠦᠢᠯᠡᠳᠦᠯ ᠢᠶᠠᠨ ᠠᠯᠳᠠᠵᠤ ᠤᠨ ᠤᠳᠠᠭᠠᠨ ᠳᠠᠭᠠᠨ ᠳᠡᠦᠬᠡᠨ ᠦᠯᠡᠳᠡᠭᠳᠡᠯ ᠪᠤᠯᠤᠨ ᠬᠤᠴᠤᠷᠴᠠᠢ᠃
 
ᠢᠷᠡᠯᠲᠡ᠄ 《ᠲᠦᠷᠪᠡᠤᠨ ᠤᠨ ᠰᠤᠶᠤᠯ ᠲᠡᠤᠬᠡ ᠶᠢᠨ ᠬᠡᠯᠬᠢᠶᠡᠰᠦ》 ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2