ᠳᠦᠷᠪᠡᠳ ᠤᠨ ᠬᠠᠳᠠᠨ ᠵᠢᠷᠤᠭ
ᠨᠡᠶᠢᠲᠡᠯᠡᠭᠰᠡᠨ ᠴᠠᠭ᠄
2018-04-12
  ᠦᠩ ᠠᠭᠤᠳᠠᠮ ᠳᠦᠷᠪᠡᠳ ᠨᠤᠳᠤᠭ ᠪᠤᠯ ᠡᠷᠳᠡ ᠳᠡᠭᠡᠳᠦ ᠦᠶ᠎ᠡ ᠠᠴᠠ ᠠᠪᠤᠭᠠᠳ ᠤᠮᠠᠷᠠᠳᠤ ᠶᠢᠨ ᠴᠦᠬᠡᠨ ᠳᠤᠭᠠᠳᠤ ᠦᠨᠳᠦᠰᠦᠳᠡᠨ ᠤ ᠨᠤᠳᠤᠭᠰᠢᠨ ᠰᠠᠭᠤᠭᠰᠠᠨ ᠨᠤᠳᠤᠭ ᠪᠤᠯᠬᠤ ᠶᠤᠮ᠃ ᠵᠠᠷᠢᠮ ᠳᠡᠦᠬᠡᠨ ᠨᠤᠮ ᠮᠠᠲ᠋ᠧᠷᠢᠶᠠᠯ  ᠠᠴᠠ ᠦᠵᠡᠪᠡᠯ  ᠂ ᠼᠦᠨ ᠸᠧᠢ᠂ ᠬᠦᠩ ᠹᠠᠩ᠂ ᠬᠢᠶᠤᠨ᠂ ᠰᠢᠶᠡᠨ ᠢᠦᠢ᠂ ᠴᠢᠤᠸᠠᠨ ᠷᠦᠩ᠂ ᠾᠦᠩᠨᠤ᠂ ᠰᠢᠶᠠᠨᠪᠢ᠂ ᠤᠩᠭᠤᠳ ᠵᠡᠷᠭᠡ ᠠᠶᠢᠮᠠᠭ ᠦᠨᠳᠦᠰᠦᠳᠡᠨ ᠤᠷᠢᠳ ᠬᠤᠵᠢᠳ ᠡᠨᠡᠬᠦ ᠭᠠᠵᠠᠷ ᠨᠤᠳᠤᠭ ᠳᠡᠭᠡᠷ᠎ᠡ ᠤᠷᠤᠰᠢᠵᠤ ᠪᠠᠶᠢᠵᠠᠢ᠃ ᠤᠷᠳᠤ ᠤᠳᠠᠭᠠᠨ ᠳᠡᠦᠬᠡᠨ ᠴᠠᠭ ᠬᠤᠭᠤᠴᠠᠭᠠᠨ᠎ᠠ ᠳᠡᠳᠡᠭᠡᠷ ᠠᠳᠠᠯᠢ ᠪᠤᠰᠤ ᠠᠶᠢᠮᠠᠭ ᠤᠭᠰᠠᠭᠠᠳᠠᠨ ᠦᠪᠡᠷ ᠤᠨ ᠤᠷᠤᠰᠢᠨ ᠠᠮᠢᠳᠤᠷᠠᠵᠤ ᠪᠠᠶᠢᠭᠰᠠᠨ ᠤᠷᠤᠨ ᠨᠤᠳᠤᠭ ᠳᠡᠭᠡᠷ᠎ᠡ ᠪᠠᠨ ᠦᠪᠡᠷ ᠦᠪᠡᠷᠰᠡᠳ  ᠤᠨ ᠢᠶᠠᠨ ᠤᠯᠠ ᠮᠦᠷ ᠢᠶᠠᠨ ᠠᠳᠠᠯᠢ ᠪᠤᠰᠤ ᠬᠡᠯᠪᠡᠷᠢ ᠪᠠᠷ ᠦᠯᠡᠳᠡᠭᠡᠵᠤ ᠬᠤᠴᠤᠷᠭᠠᠭᠰᠠᠨ ᠨᠢ ᠤᠳᠤ ᠦᠶ᠎ᠡ ᠶᠢᠨ ᠬᠦᠮᠦᠰ ᠤᠨ ᠠᠩᠬᠠᠷᠤᠯ ᠢ ᠬᠦᠴᠦᠳᠡᠢ ᠳᠠᠳᠠᠬᠤ ᠡᠷᠳᠡᠨ ᠤ ᠦᠯᠡᠳᠡᠭᠳᠡᠯ ᠪᠤᠯᠵᠠᠢ᠃ ᠳᠦᠷᠪᠡᠳ ᠤᠨ ᠬᠠᠳᠠᠨ ᠵᠢᠷᠤᠭ ᠪᠤᠯ ᠳᠠᠷᠬᠠᠯᠳᠠ ᠪᠠᠷ ᠦᠷᠬᠡᠨ᠂ ᠠᠭᠤᠯᠭ᠎ᠠ ᠪᠠᠷ ᠪᠠᠶᠠᠯᠢᠭ᠂ ᠪᠤᠢ ᠪᠤᠯᠵᠤ ᠪᠦᠷᠢᠯᠳᠦᠭᠰᠡᠨ ᠬᠤᠭᠤᠴᠠᠭ᠎ᠠ ᠨᠢ ᠤᠷᠳᠤ ᠪᠠᠶᠢᠵᠤ᠂ ᠠᠩᠬ᠎ᠠ ᠠᠯᠬᠤᠮ ᠤᠨ ᠪᠠᠶᠢᠴᠠᠭᠠᠯᠳᠠ ᠠᠴᠠ ᠦᠵᠡᠪᠡᠯ ᠮᠠᠯᠵᠢᠬᠤ ᠤᠷᠤᠨ ᠤ ᠤᠯᠠᠭᠠᠨᠬᠠᠳᠠ ᠰᠤᠮᠤ᠂ ᠪᠠᠶᠠᠨᠴᠤᠭᠳᠤ ᠰᠤᠮᠤ᠂ ᠴᠠᠭᠠᠨ᠋ᠤᠪᠤᠭ᠎ᠠ ᠰᠤᠮᠤ᠂ ᠬᠤᠩᠭᠤᠷ ᠰᠤᠮᠤ ᠪᠠ ᠸᠧᠢᠢᠵᠢᠩ ᠰᠤᠮᠤᠨ ᠤ ᠬᠡᠪᠴᠢᠶᠡᠨ ᠳᠤ ᠪᠦᠷ ᠬᠠᠳᠠᠨ ᠵᠢᠷᠤᠭ ᠳᠠᠷᠬᠠᠵᠤ ᠪᠠᠶᠢᠳᠠᠭ᠃ ᠸᠧᠢᠢᠵᠢᠩ ᠰᠤᠮᠤᠨ ᠤ ᠴᠠᠭᠠᠨ ᠬᠠᠰᠢᠶᠠᠳᠤ ᠪᠠ ᠴᠠᠭᠠᠨ᠋ᠤᠪᠤᠭ᠎ᠠ ᠰᠤᠮᠤᠨ ᠤ ᠰᠠᠩᠳᠠᠯᠠᠢ ᠭᠠᠴᠠᠭᠠᠨ ᠤ ᠤᠯᠠᠭᠠᠨ ᠳᠡᠯ ᠤᠨ ᠬᠠᠳᠠᠨ ᠳᠤ  ᠶᠡᠭᠡ ᠪᠠᠭ᠎ᠠ ᠨᠢ ᠠᠳᠠᠯᠢ ᠪᠤᠰᠤ ᠮᠤᠷᠢᠨ ᠳᠤᠭᠤᠷᠠᠢ ᠶᠢᠨ ᠮᠦᠷ ᠤᠨ ᠵᠢᠷᠤᠭ ᠨᠡᠯᠢᠶᠡᠳ ᠠᠷᠪᠢᠨ ᠪᠤᠢ᠃ ᠳᠤᠰ ᠭᠠᠵᠠᠷ ᠤᠨ ᠮᠠᠯᠴᠢᠳ ᠡᠬᠦᠨ ᠢ ᠴᠢᠩᠭᠢᠰ ᠤᠨ ᠮᠤᠷᠢᠨ ᠳᠤᠭᠤᠷᠠᠢ ᠶᠢᠨ ᠮᠦᠷ ᠬᠡᠯᠴᠡᠳᠡᠭ᠃ ᠤᠯᠠᠭᠠᠨ ᠳᠡᠯ ᠤᠨ ᠬᠠᠳᠠᠨ ᠵᠢᠷᠤᠭ ᠲᠤ ᠪᠠᠰᠠ ᠳᠦᠪᠡᠳ ᠳᠠᠩᠭᠤᠳ ᠦᠰᠦᠭ ᠪᠠ ᠪᠤᠰᠤᠳ ᠵᠢᠷᠤᠭ ᠳᠦᠷᠰᠦ ᠴᠤ ᠤᠯᠠᠨ ᠪᠠᠶᠢᠳᠠᠭ᠃ ᠤᠯᠠᠭᠠᠨᠬᠠᠳᠠ ᠰᠤᠮᠤᠨ ᠤ ᠤᠯᠠᠭᠠᠨᠬᠠᠳᠠ ᠭᠠᠴᠠᠭᠠᠨ ᠤ ᠪᠢᠴᠢᠭᠳᠦ ᠶᠢᠨ ᠬᠠᠳᠠᠨ ᠳᠡᠭᠡᠷ᠎ᠡ ᠦᠬᠡᠷ ᠮᠤᠷᠢ ᠵᠡᠷᠭᠡ ᠠᠳᠤᠭᠤᠰᠤᠨ ᠠᠮᠢᠳᠠᠳ ᠤᠨ ᠵᠢᠷᠤᠭ ᠪᠠᠶᠢᠳᠠᠭ ᠠᠴᠠ ᠭᠠᠳᠠᠨ᠎ᠠ ᠪᠠᠰᠠ ᠱᠠᠰᠢᠨ ᠤ ᠠᠭᠤᠯᠭ᠎ᠠ ᠪᠦᠬᠦᠢ ᠮᠤᠩᠭᠤᠯ ᠳᠦᠪᠡᠳ ᠦᠰᠦᠭ᠂ ᠳᠡᠷᠡᠴᠢᠯᠡᠨ ᠬᠠᠪᠴᠢᠯ ᠰᠦᠮ᠎ᠡ ᠶᠢᠨ ᠤᠶᠢᠷᠠᠯᠴᠠᠭ᠎ᠠ ᠪᠠᠶᠢᠭ᠎ᠠ ᠦᠬᠡᠷ ᠴᠢᠯᠠᠭᠤᠨ ᠳᠡᠭᠡᠷ᠎ᠡ ᠤᠷᠠᠨ ᠨᠠᠷᠢᠨ ᠰᠡᠶᠢᠯᠦᠭᠰᠡᠨ ᠪᠤᠷᠬᠠᠨ ᠤ ᠬᠦᠷᠦᠭ ᠤᠨ ᠰᠡᠶᠢᠯᠦᠮᠡᠯ ᠪᠠᠶᠢᠳᠠᠭ᠃ ᠳᠤᠰ ᠰᠤᠮᠤᠨ ᠤ ᠪᠠᠶ᠋ᠬᠠᠤᠪᠤᠭ᠎ᠠ ᠭᠠᠴᠠᠭᠠᠨ ᠤ ᠳᠠᠪᠬᠤᠷ᠎ᠠ ᠶᠢᠨ ᠠᠷᠤ ᠶᠢᠨ ᠬᠠᠳᠠᠨ ᠳᠡᠭᠡᠷ᠎ᠡ ᠬᠦᠶᠦᠭᠡ ᠪᠤᠭᠤ ᠶᠢᠨ ᠵᠢᠷᠤᠭ ᠲᠠᠢ ᠪᠦᠭᠡᠳ ᠳᠡᠷᠡ ᠨᠢ ᠳᠡᠮᠦᠷᠯᠢᠭ ᠪᠠᠭᠠᠵᠢ ᠪᠠᠷ ᠴᠠᠪᠴᠢᠵᠤ ᠰᠡᠶᠢᠯᠦᠭᠰᠡᠨ ᠪᠢᠰᠢ ᠬᠠᠷᠢᠨ ᠦᠷᠦᠵᠤ ᠭᠠᠷᠭᠠᠭᠰᠠᠨ ᠳᠦᠯᠦᠪ ᠲᠠᠢ᠃ ᠬᠤᠩᠭᠤᠷ ᠰᠤᠮᠤᠨ ᠤ ᠤᠳᠠᠴᠢ ᠶᠢᠨ ᠠᠮᠠᠨ ᠤ ᠵᠡᠬᠦᠨᠳᠡᠬᠢ ᠡᠭᠴᠡ ᠬᠠᠳᠠᠨ ᠳᠡᠭᠡᠷ᠎ᠡ ᠤᠳᠤᠭ᠎ᠠ ᠵᠢᠩᠰᠡ ᠲᠠᠢ ᠮᠠᠯᠠᠭᠠᠢ ᠡᠮᠦᠰᠦᠭᠰᠡᠨ᠂ ᠤᠷᠳᠤ ᠬᠤᠪᠴᠠᠰᠤ ᠮᠤᠩᠭᠤᠯ ᠭᠤᠳᠤᠯ ᠲᠠᠢ ᠬᠦᠮᠦᠨ ᠢ ᠭᠠᠷ ᠲᠤᠨᠢ ᠬᠠᠳᠠᠭ ᠪᠠᠷᠢᠭᠤᠯᠤᠭᠠᠳ ᠰᠢᠷᠠᠮᠦ᠋ᠷᠡᠨ ᠰᠦᠮ᠎ᠡ ᠳᠡᠰᠢ ᠬᠠᠨᠳᠤᠭᠤᠯᠤᠨ ᠰᠦᠭᠦᠳᠭᠡᠵᠤ ᠪᠠᠶᠢᠬᠤ ᠪᠠᠷ ᠰᠡᠶᠢᠯᠦᠭᠰᠡᠨ ᠵᠢᠷᠤᠭ ᠨᠡᠯᠢᠶᠡᠳ ᠬᠡᠳᠦ ᠪᠠᠶᠢᠳᠠᠭ᠃ ᠠᠷᠠᠳ ᠤᠨ ᠶᠡᠷᠢᠶᠡᠨ ᠢᠶᠠᠷ ᠪᠤᠯ ᠳᠦᠷᠪᠡᠳ ᠤᠨ ᠠᠷᠪᠠᠳᠤᠭᠠᠷ ᠦᠶ᠎ᠡ ᠶᠢᠨ ᠸᠠᠩ ᠢᠰᠢᠴᠤᠭᠷᠤᠪ ᠤᠨ ᠦᠶ᠎ᠡ ᠳᠤ ᠰᠢᠷᠠᠮᠦ᠋ᠷᠡᠨ ᠰᠦᠮ᠎ᠡ ᠶᠢᠨ ᠬᠢᠨ ᠨᠢ ᠬᠤᠰᠢᠭᠤ ᠵᠠᠰᠠᠭ ᠲᠠᠢ ᠪᠠᠨ ᠮᠠᠭᠤᠳᠠᠯᠴᠠᠭᠠᠳ ᠡᠵᠡᠨ ᠵᠤᠷᠭᠠᠨ ᠬᠦᠷᠳᠡᠯ᠎ᠡ ᠵᠠᠷᠭᠤ ᠵᠠᠭᠠᠯᠳᠤᠭᠠᠨ ᠪᠤᠯᠵᠤ᠂ ᠡᠴᠦᠰ ᠲᠡᠭᠡᠨ ᠰᠢᠷᠠᠮᠦ᠋ᠷᠡᠨ ᠰᠦᠮ᠎ᠡ  ᠨᠢ ᠵᠠᠷᠭᠤ ᠢᠯᠠᠵᠤ᠂ ᠵᠠᠰᠠᠭ ᠸᠠᠩ ᠳᠠᠭᠠᠨ ᠦᠰᠢᠭᠰᠡᠨ ᠳᠡᠭᠡᠨ ᠪᠤᠯᠤᠭᠠᠳ ᠸᠠᠩ ᠨᠤᠶᠠᠨ ᠢ ᠰᠢᠷᠠᠮᠦ᠋ᠷᠡᠨ ᠰᠦᠮ᠎ᠡ  ᠠᠴᠠ ᠠᠪᠤᠷᠠᠯ ᠠᠭᠤᠴᠢᠯᠠᠯ ᠬᠦᠰᠡᠵᠤ ᠪᠠᠶᠢᠬᠤ ᠪᠠᠷ ᠰᠡᠶᠢᠯᠦᠬᠦᠯᠵᠤ ᠳᠠᠯᠪᠢᠯ᠎ᠠ ᠭᠡᠳᠡᠭ᠃ ᠡᠬᠦᠨ ᠠᠴᠠ ᠭᠠᠳᠠᠨ᠎ᠠ ᠪᠠᠰᠠ ᠤᠯᠠᠭᠠᠨᠬᠠᠳᠠ ᠰᠤᠮᠤᠨ ᠤ ᠱᠠᠩᠳᠠ ᠭᠠᠴᠠᠭᠠᠨ ᠤ ᠪᠠᠷᠠᠭᠤᠨ ᠤᠪᠤᠭᠠᠳᠤ ᠶᠢᠨ ᠠᠷᠬᠠᠶᠢᠴᠠᠭᠰᠠᠨ ᠬᠠᠳᠠᠳ ᠳᠡᠭᠡᠷ᠎ᠡ ᠪᠠᠷᠰ ᠤᠨ ᠵᠢᠷᠤᠭ ᠪᠠ ᠬᠢᠳᠠᠳ ᠦᠰᠦᠭ ᠰᠡᠶᠢᠯᠦᠭᠰᠡᠨ ᠪᠠᠶᠢᠳᠠᠭ ᠨᠢ ᠪᠠᠷᠤᠭ ᠨᠡᠯᠢᠶᠡᠳ ᠬᠤᠵᠢᠮ ᠤᠨ ᠬᠦᠮᠦᠰ ᠤᠨ ᠦᠯᠡᠳᠡᠭᠡᠭᠰᠡᠨ ᠪᠦᠳᠦᠭᠡᠯ ᠪᠤᠯᠤᠯᠳᠠᠢ᠃ ᠳᠡᠭᠡᠷᠡᠬᠢ ᠤᠯᠠᠨ ᠬᠠᠳᠠᠨ ᠵᠢᠷᠤᠭ ᠢ ᠬᠦᠮᠦᠰ ᠰᠤᠳᠤᠯᠵᠤ ᠦᠵᠡᠭᠡᠳ ᠳᠡᠳᠡᠭᠡᠷ ᠨᠢ ᠮᠤᠨᠢ ᠠᠭᠤᠯᠠ ᠶᠢᠨ ᠬᠠᠳᠠᠨ ᠵᠢᠷᠤᠭ ᠤᠨ ᠨᠢᠭᠡ ᠬᠡᠰᠡᠭ ᠨᠢ ᠪᠤᠯᠬᠤ ᠪᠦᠭᠡᠳ ᠰᠢᠨ᠎ᠡ ᠴᠢᠯᠠᠭᠤᠨ ᠪᠠᠭᠠᠵᠢ ᠶᠢᠨ ᠦᠶ᠎ᠡ ᠠᠴᠠ ᠡᠬᠢᠯᠡᠨ ᠪᠤᠢ ᠪᠤᠯᠤᠯ᠎ᠠ ᠭᠡᠵᠤ ᠪᠤᠢ᠃ ᠳᠡᠳᠡᠭᠡᠷ ᠮᠤᠩᠭᠤᠯ ᠳᠦᠪᠡᠳ ᠦᠰᠦᠭ ᠪᠤᠯᠤᠨ ᠪᠤᠷᠬᠠᠨ ᠤ ᠬᠦᠷᠦᠭ ᠤᠨ ᠰᠡᠶᠢᠯᠦᠮᠡᠯ ᠨᠢ ᠰᠢᠷ᠎ᠠ ᠶᠢᠨ ᠱᠠᠰᠢᠨ ᠮᠤᠩᠭᠤᠯ ᠤᠷᠤᠨ ᠳᠤ ᠳᠡᠯᠭᠡᠷᠡᠭᠰᠡᠨ ᠠᠴᠠ ᠰᠡᠬᠦᠯᠡᠷ ᠰᠠᠶ᠋ᠢ ᠪᠤᠢ ᠪᠤᠯᠤᠭᠰᠠᠨ ᠪᠠᠶᠢᠭ᠎ᠠ᠃ ᠶᠠᠭᠤ ᠴᠤ ᠭᠡᠰᠡᠨ ᠡᠳᠡᠭᠡᠷ ᠬᠠᠳᠠᠨ ᠵᠢᠷᠤᠭ ᠤᠳ ᠨᠢ ᠡᠨᠡᠬᠦᠷ ᠪᠠᠶᠢᠵᠤ ᠦᠩᠭᠡᠷᠡᠭᠰᠡᠨ ᠡᠷᠳᠡᠨ ᠤ ᠠᠶᠢᠮᠠᠭ ᠦᠨᠳᠦᠰᠦᠳᠡᠨ ᠤ ᠳᠡᠦᠬᠡᠨ ᠬᠡᠷᠡᠴᠢ ᠨᠢ ᠪᠤᠯᠬᠤ ᠳᠤᠯᠠ ᠳᠡᠳᠡᠨᠦᠰ ᠤᠨ ᠡᠨᠡ ᠨᠤᠳᠤᠭ ᠲᠤ ᠤᠷᠤᠰᠢᠵᠤ ᠦᠩᠭᠡᠷᠡᠭᠰᠡᠨ ᠴᠠᠭ ᠦᠶ᠎ᠡ᠂ ᠠᠮᠢᠳᠤᠷᠠᠯ ᠤᠨ ᠤᠷᠴᠢᠨ ᠳᠤᠭᠤᠷᠢᠨ᠂ ᠵᠠᠩ ᠳᠠᠳᠬᠠᠯ ᠵᠢᠴᠢ ᠦᠬᠡ ᠬᠡᠯᠡ ᠦᠰᠦᠭ ᠪᠢᠴᠢᠭ ᠪᠠ ᠱᠠᠰᠢᠨ ᠰᠢᠳᠦᠯᠭᠡ ᠵᠡᠷᠭᠡ ᠶᠢ ᠰᠤᠳᠤᠯᠬᠤ ᠳᠤ ᠪᠦᠷ ᠴᠢᠬᠤᠯᠠ ᠶᠡᠭᠡ ᠠᠴᠢ ᠬᠤᠯᠪᠤᠭᠳᠠᠯ ᠲᠠᠢ ᠨᠢ ᠶᠠᠷᠢᠶᠠᠨ ᠦᠬᠡᠢ ᠶᠤᠮ᠃
 
ᠢᠷᠡᠯᠲᠡ᠄ 《ᠲᠦᠷᠪᠡᠤᠨ ᠤᠨ ᠰᠤᠶᠤᠯ ᠲᠡᠤᠬᠡ ᠶᠢᠨ ᠬᠡᠯᠬᠢᠶᠡᠰᠦ》 ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2