ᠤᠮᠠᠷᠠᠳᠤ ᠸᠧᠢ ᠤᠯᠤᠰ ︵ᠨᠡᠶᠢᠳᠡ ᠶᠢᠨ ᠤᠨ ᠳᠤᠭᠠᠯᠠᠯ ᠤᠨ 386 ᠤᠨ ~ 534 ᠤᠨ ᠬᠦᠷᠳᠡᠯ᠎ᠡ︶ | ᠪᠠᠶᠢᠭᠤᠯᠤᠭᠳᠠᠭᠰᠠᠨ ᠤ ᠳᠠᠷᠠᠭ᠎ᠠ ᠳᠠᠯᠠᠨ ᠬᠠᠷ᠎ᠠ ᠠᠴᠠ ᠤᠮᠠᠷᠠᠰᠢᠬᠢ ᠮᠤᠩᠭᠤᠯ ᠤᠨ ᠦᠨᠳᠦᠷᠯᠢᠭ ᠲᠤ ᠪᠠᠶᠢᠭᠰᠠᠨ ᠿᠤ᠋ | ᠷᠠᠨ ᠦᠨᠳᠦᠰᠦᠳᠡᠨ ᠤ ᠬᠠᠯᠳᠠᠯᠭ᠎ᠠ ᠳᠦᠢᠪᠡᠭᠡᠯᠭᠡ ᠶᠢ ᠰᠡᠷᠭᠡᠶᠢᠯᠡᠬᠦ ᠶᠢᠨ ᠳᠦᠯᠦᠭᠡ ᠸᠧ ᠶᠧ ︵ᠤᠳᠤ ᠶᠢᠨ | ᠦᠴᠦᠸᠠᠨ ᠰᠢᠶᠡᠨ ᠤ ᠬᠤᠶᠢᠨ᠎ᠠ︶᠂ ᠬᠤᠸᠠᠢ ᠱᠦᠸᠧ ︵ᠤᠳᠤ ᠶᠢᠨ ᠬᠦᠶᠠᠩ ᠰᠢᠶᠡᠨ ᠤ ᠪᠠᠷᠠᠭᠤᠨ ᠡᠮᠦᠨ᠎ᠡ︶᠂ | ᠡᠤ ᠴᠤᠸᠠᠨ ︵ᠤᠳᠤ ᠶᠢᠨ ᠦᠴᠤᠸᠠᠨ ᠰᠢᠶᠠᠨ ᠤ ᠰᠢ ᠲᠦ᠋ ᠴᠧᠩ︶᠂ ᠹᠦ᠋ ᠮᠢᠩ ︵ᠤᠳᠤ ᠶᠢᠨ ᠳᠦᠷᠪᠡᠳ | ᠬᠤᠰᠢᠭᠤᠨ ᠤ ᠲᠦ᠋ ᠴᠧᠩ ᠽᠢ︶᠂ ᠷᠤ᠋ ᠰᠢᠤᠸᠠᠨ ︵ᠤᠳᠤ ᠶᠢᠨ ᠰᠢᠩ ᠾᠧ ᠰᠢᠶᠡᠨ ᠤ ᠳᠠᠶᠢᠵᠢ ᠶᠢᠨ ᠰᠦᠮ᠎ᠡ | ᠶᠢᠨ ᠵᠡᠬᠦᠨ ᠬᠤᠶᠢᠨ᠎ᠠ︶᠂ ᠬᠤᠸᠠᠢ ᠬᠤᠸᠠᠩ ︵ᠤᠳᠤ ᠶᠢᠨ ᠾᠧᠪᠸᠢ ᠮᠤᠵᠢ ᠶᠢᠨ ᠵᠠᠩ ᠹᠸᠢ ᠰᠢᠶᠡᠨ︶ ᠵᠡᠷᠭᠡ | ᠵᠢᠷᠭᠤᠭᠠᠨ ᠪᠠᠯᠭᠠᠰᠤ ᠶᠢ ᠪᠠᠶᠢᠭᠤᠯᠤᠭᠰᠠᠨ ᠪᠠᠶᠢᠨ᠎ᠠ᠃ ᠳᠡᠦᠬᠡᠨ ᠳᠡᠮᠳᠡᠭᠯᠡᠯ ᠳᠤ ︽ᠪᠠᠢ ᠳ᠋ᠤᠤ ᠯᠢᠩ ᠤᠨ ᠳᠠᠭᠠᠤ | ᠵᠢᠷᠭᠤᠭᠠᠨ ᠵᠢᠶᠦ᠋ᠨ ᠪᠠᠶᠢᠭᠤᠯᠵᠤ ᠿᠤ᠋ ᠿᠤ᠋ ᠶᠢ ᠰᠡᠷᠬᠡᠶᠢᠯᠡᠬᠦᠯᠪᠡᠢ ᠁︾ ᠭᠡᠵᠤ ᠪᠤᠢ᠃ | ᠹᠦ᠋ ᠮᠢᠩ ᠪᠠᠯᠭᠠᠰᠤᠨ ᠤ ᠪᠠᠭᠤᠷᠢ ᠨᠢ ᠤᠯᠠᠭᠠᠨᠬᠤᠸᠠ ᠠᠴᠠ ᠠᠷᠪᠠᠭᠠᠳ ᠭᠠᠵᠠᠷ ᠵᠠᠶᠢᠳᠠᠢ᠂ ᠳᠤᠰᠬᠤᠨ ᠤ | ᠨᠡᠷ᠎ᠡ ᠨᠢ ᠲᠦ᠋ ᠴᠧᠩ ᠽᠢ ᠭᠡᠳᠡᠭ᠃ ᠡᠷᠳᠡᠨ ᠤ ᠪᠠᠯᠭᠠᠰᠤᠨ ᠤ ᠬᠠᠭᠤᠴᠢᠨ ᠬᠡᠷᠡᠮ ᠤᠨ ᠡᠪᠳᠡᠷᠬᠡᠢ ᠨᠢ ᠤᠳᠤ | ᠪᠤᠯᠳᠠᠯ᠎ᠠ ᠦᠯᠡᠳᠡᠵᠤ᠂ ᠬᠠᠩᠳᠠᠵᠤ ᠪᠤᠰᠬᠠᠭᠰᠠᠨ ᠮᠦᠷ ᠤᠷᠤᠮ ᠨᠢ ᠳᠤᠳᠤᠷᠬᠠᠢ ᠪᠠᠶᠢᠭᠰᠠᠭᠠᠷ᠃ ᠬᠡᠮᠬᠡᠷᠡᠵᠤ | ᠰᠦᠢᠷᠡᠭᠰᠡᠨ ᠸᠠᠭᠠᠷ ᠳᠤᠭᠤᠰᠬ᠎ᠠ ᠶᠢᠨ ᠬᠠᠭᠠᠷᠬᠠᠢ ᠭᠠᠵᠠᠷ ᠪᠤᠯᠭᠠᠨ ᠳᠤ ᠦᠵᠡᠭᠳᠡᠵᠤ᠂ ᠵᠠᠷᠢᠮ ᠳᠤᠰᠬᠤᠨ ᠤ ᠠᠷᠠᠳ | ᠤᠨ ᠰᠠᠭᠤᠭ᠎ᠠ ᠭᠡᠷ ᠪᠠᠶᠢᠰᠢᠩ ᠨᠢ ᠴᠤ ᠡᠶᠢᠮᠦᠷᠬᠦ ᠸᠠᠭᠠᠷ ᠳᠤᠭᠤᠰᠬ᠎ᠠ ᠬᠠᠪᠴᠢᠭᠤᠯᠤᠨ ᠪᠠᠷᠢᠵᠤ ᠭᠠᠷᠭᠠᠭᠰᠠᠨ | ᠪᠠᠶᠢᠳᠠᠭ᠃ | ᠵᠢᠷᠠᠭᠠᠳ ᠤᠨ ᠤ ᠡᠬᠢᠨ ᠳᠤ ᠤᠯᠠᠭᠠᠨᠬᠤᠸᠠ ᠴᠦᠬᠦᠷᠦᠮ ᠢ ᠪᠠᠶᠢᠭᠤᠯᠬᠤ ᠦᠶᠡᠰ ᠭᠤᠤᠯ ᠤᠨ ᠬᠤᠶᠡᠷ | ᠡᠷᠬᠢ ᠠᠴᠠ ᠭᠠᠤᠯᠢᠨ ᠳᠡᠪᠦᠷ᠎ᠡ᠂ ᠸᠠᠭᠠᠷ ᠰᠠᠪᠠ᠂ ᠳᠤᠯᠤᠭᠠᠢ ᠶᠢᠨ ᠵᠢᠮᠰᠡᠭ᠂ ᠠᠮᠢᠳᠠᠨ ᠮᠠᠯ ᠤᠨ ᠶᠠᠰᠤ᠂ ᠦᠨᠡᠰᠦ | ᠵᠡᠷᠭᠡ ᠶᠢ ᠮᠠᠯᠳᠠᠨ ᠭᠠᠷᠭᠠᠭᠰᠠᠨ ᠪᠠᠶᠢᠨ᠎ᠠ᠃ ᠭᠤᠤᠯ ᠤᠨ ᠬᠤᠶᠢᠳᠦ ᠡᠷᠬᠢ ᠶᠢᠨ ᠠᠭᠤᠯᠠᠨ ᠳᠤᠤᠷ᠎ᠠ ᠠᠴᠠ ᠨᠢᠭᠡᠨ | ᠡᠷᠳᠡᠨ ᠤ ᠪᠤᠯᠠᠰᠢ ᠮᠠᠯᠳᠠᠵᠤ ᠭᠠᠷᠭᠠᠭᠰᠠᠨ ᠪᠦᠭᠡᠳ ᠪᠤᠯᠠᠰᠢᠨ ᠳᠤᠳᠤᠷ᠎ᠠ ᠨᠢ ᠡᠷᠡᠭᠳᠡᠢ ᠡᠮᠡᠭᠳᠡᠢ ᠬᠤᠶᠡᠷ ᠬᠦᠮᠦᠨ ᠤ | ᠠᠷᠠᠭ ᠶᠠᠰᠤ ᠪᠠᠶᠢᠭᠰᠠᠨ ᠪᠦᠭᠡᠳ ᠳᠠᠭᠠᠭᠤᠯᠤᠨ ᠤᠷᠤᠰᠢᠭᠤᠯᠤᠭᠰᠠᠨ ᠠᠮᠢᠳᠠᠨ ᠤ ᠶᠠᠰᠤ ᠪᠠ ᠴᠤᠯ ᠠᠯᠳᠠ ᠪᠠᠷ | ᠬᠢᠭᠰᠡᠨ ᠤᠬᠤᠷ ᠰᠡᠯᠡᠮ᠎ᠡ ᠨᠢᠭᠡ᠂ ᠠᠯᠳᠠᠨ ᠪᠦᠯᠡᠵᠢᠭ ᠨᠢᠭᠡ᠂ ᠸᠠᠭᠠᠷ ᠤᠨ ᠵᠦᠢᠯ ᠤᠯᠠᠨ ᠪᠠᠶᠢᠯ᠎ᠠ ᠭᠡᠵᠤ ᠳᠤᠬᠠᠢ | ᠶᠢᠨ ᠦᠶ᠎ᠡ ᠶᠢᠨ ᠠᠵᠢᠯᠳᠠᠨ ᠶᠠᠷᠢᠵᠤ ᠪᠤᠢ᠃ 1987 ᠤᠨ ᠳᠤ ᠳᠤᠰᠬᠤᠨ ᠤ ᠠᠷᠠᠳ ᠳᠠᠷᠢᠶ᠎ᠠ ᠳᠠᠷᠢᠵᠤ ᠪᠠᠶᠢᠭᠠᠳ | ᠬᠤᠶᠡᠷ ᠴᠢᠬᠢ᠂ ᠭᠤᠷᠪᠠᠨ ᠬᠦᠯ ᠲᠠᠢ ᠬᠤᠶᠡᠷ ᠳᠡᠮᠦᠷ ᠳᠤᠭᠤᠭ᠎ᠠ ᠮᠠᠯᠳᠠᠵᠤ ᠤᠯᠤᠯ᠎ᠠ ᠭᠡᠳᠡᠭ᠃ | |