ᠡᠬᠡ ᠪᠠᠶᠢᠭᠠᠯᠢ ᠳᠤ ᠦᠯᠡᠳᠡᠭᠳᠡᠭᠰᠡᠨ ᠡᠷᠳᠡᠨ ᠤ ᠦᠯᠡᠳᠡᠭᠳᠡᠯ ᠤᠳ
ᠨᠡᠶᠢᠲᠡᠯᠡᠭᠰᠡᠨ ᠴᠠᠭ᠄
2018-04-12
  ᠳᠦᠷᠪᠡᠳ ᠬᠤᠰᠢᠭᠤᠨ ᠤ ᠦᠷᠭᠡᠨ ᠠᠭᠤᠳᠠᠮ ᠭᠠᠵᠠᠷ ᠨᠤᠳᠤᠭ ᠳᠡᠭᠡᠷ᠎ᠡ ᠡᠷᠳᠡ ᠳᠡᠭᠡᠳᠦ ᠦᠶ᠎ᠡ ᠠᠴᠠ ᠪᠠᠨ ᠠᠪᠤᠭᠠᠳ ᠤᠯᠠᠨ ᠠᠶᠢᠮᠠᠭ ᠦᠨᠳᠦᠰᠦᠳᠡᠨ ᠤᠷᠤᠰᠢᠨ ᠳᠤᠭᠳᠠᠨᠢᠵᠤ ᠦᠩᠭᠡᠷᠡᠭᠰᠡᠨ ᠢ ᠳᠡᠦᠬᠡ ᠶᠢᠨ ᠨᠤᠮ ᠪᠢᠴᠢᠭ ᠪᠤᠯᠤᠨ ᠡᠷᠳᠡᠨ ᠤ ᠦᠯᠡᠳᠡᠭᠳᠡᠯ ᠵᠦᠢᠯ ᠤᠳ ᠠᠴᠠ ᠮᠡᠳᠡᠵᠤ ᠪᠤᠯᠤᠨ᠎ᠠ᠃ ᠵᠠᠷᠢᠮ ᠨᠢ ᠴᠡᠷᠢᠭ ᠳᠠᠶᠢᠨ ᠤ ᠬᠡᠷᠡᠭᠴᠡᠭᠡ  ᠪᠠᠷ ᠡᠨᠡᠬᠦᠷ ᠳᠦᠳᠡᠭᠡᠨ ᠵᠠᠭᠤᠷ᠎ᠠ ᠪᠠᠶᠢᠯᠴᠠᠵᠤ ᠦᠩᠭᠡᠷᠡᠯ᠎ᠡ ᠭᠡᠬᠦ ᠳᠤ ᠵᠠᠷᠢᠮ ᠨᠢ ᠬᠤᠳᠠ ᠴᠠᠶᠢᠵᠠ ᠴᠤᠭᠴᠠᠯᠠᠨ ᠤᠷᠳᠤᠨ ᠬᠠᠷᠰᠢ ᠪᠠᠶᠢᠭᠤᠯᠵᠤ ᠤᠷᠳᠤ ᠬᠤᠭᠤᠴᠠᠭ᠎ᠠ ᠪᠠᠷ ᠰᠠᠭᠤᠷᠢᠰᠢᠵᠤ ᠪᠠᠶᠢᠪᠠ᠃ ᠡᠪᠡᠰᠦᠨ ᠤ ᠰᠢᠮ᠎ᠡ ᠤᠰᠤᠨ ᠤ ᠳᠤᠩᠭᠠᠯᠠᠭ ᠲᠤ ᠳᠠᠪᠤᠨ ᠬᠤᠰᠢᠭᠤ ᠮᠠᠯ ᠢᠶᠠᠨ ᠦᠨᠢᠷ ᠦᠰᠭᠡᠵᠤ᠂ ᠳᠡᠬᠦᠨ ᠤ ᠪᠠᠨ ᠬᠡᠰᠢᠭ ᠢᠶᠠᠷ ᠤᠨᠳᠤᠷᠤᠯᠭ᠎ᠠ ᠪᠠᠨ ᠪᠤᠯᠭᠠᠵᠤ ᠪᠠᠶᠢᠭᠰᠠᠨ ᠮᠠᠯᠵᠢᠯ ᠤᠨ ᠦᠨᠳᠦᠰᠦᠳᠡᠨ ᠪᠠᠶᠢᠵᠤ ᠪᠠᠶᠢᠯ᠎ᠠ ᠭᠡᠬᠦ ᠳᠤ ᠪᠠᠶᠢᠰᠢᠩ ᠬᠦᠷᠢᠶ᠎ᠡ ᠪᠠᠷᠢᠵᠤ᠂ ᠭᠠᠭ᠋ᠠᠢ ᠳᠠᠬᠢᠶ᠎ᠠ ᠳᠡᠵᠢᠭᠡᠨ ᠳᠠᠪᠤᠨ ᠳᠠᠷᠢᠶ᠎ᠠ ᠪᠠᠨ ᠡᠯᠪᠡᠭ ᠬᠤᠷᠢᠶᠠᠵᠤ ᠪᠠᠶᠢᠭᠰᠠᠨ ᠳᠠᠷᠢᠶᠠᠯᠠᠩ ᠤᠨ ᠦᠨᠳᠦᠰᠦᠳᠡᠨ ᠴᠤ ᠪᠠᠶᠢᠵᠤ ᠦᠩᠭᠡᠷᠡᠵᠡᠢ᠃ ᠡᠶᠢᠨᠬᠦ ᠡᠳᠡᠭᠡᠷ ᠠᠶᠢᠮᠠᠭ ᠦᠨᠳᠦᠰᠦᠳᠡᠨ ᠦᠪᠡᠷᠰᠡᠳ ᠤᠨ ᠢᠶᠠᠨ ᠰᠤᠶᠤᠯ ᠤᠨ ᠬᠡᠪ ᠰᠢᠨᠵᠢ᠂ ᠠᠮᠢᠳᠤᠷᠠᠯ ᠤᠨ ᠤᠯᠠ ᠮᠦᠷ ᠢᠶᠠᠨ ᠤᠯᠠᠨ ᠶᠠᠩᠵᠤ ᠬᠡᠯᠪᠡᠷᠢ ᠪᠠᠷ ᠳᠡᠦᠬᠡᠨ ᠦᠯᠡᠳᠡᠭᠳᠡᠯ ᠪᠤᠯᠭᠠᠨ ᠬᠤᠵᠢᠮ ᠤᠨ ᠬᠦᠮᠦᠰ ᠲᠤ ᠦᠯᠡᠳᠡᠭᠰᠡᠨ ᠪᠠᠶᠢᠨ᠎ᠠ᠃ ᠳᠡᠭᠡᠬᠦ ᠪᠠᠷ ᠢᠶᠠᠨ ᠰᠠᠶ᠋ᠢ ᠳᠦᠷᠪᠡᠳ ᠨᠤᠳᠤᠭ ᠤᠨ ᠠᠭᠤᠯᠠ ᠬᠠᠳᠠᠨ ᠳᠤᠨᠢ ᠵᠢᠷᠤᠭ ᠳᠦᠷᠰᠦ ᠲᠠᠢ᠂ ᠤᠷᠤᠰᠬᠠᠯ ᠭᠤᠤᠯ ᠳᠤᠨᠢ ᠬᠠᠭᠤᠴᠢ ᠳᠤᠮᠤᠭ ᠲᠠᠢ᠂ ᠡᠷᠳᠡᠨ ᠤ ᠬᠤᠳᠠ ᠶᠢᠨ ᠪᠠᠭᠤᠷᠢ ᠲᠠᠢ ᠂ ᠬᠠᠨ ᠬᠠᠶᠢᠷᠬᠠᠨ ᠳᠤᠨᠢ ᠤᠪᠤᠭ᠎ᠠ ᠲᠠᠢ᠂ ᠬᠡᠷᠡᠮ ᠫᠤᠤᠲ᠋ᠠᠢ ᠶᠢᠨ ᠦᠯᠡᠳᠡᠭᠳᠡᠯ ᠲᠠᠢ ᠦᠵᠡᠮᠵᠢ ᠳᠡᠬᠦᠰ ᠨᠤᠳᠤᠭ ᠪᠤᠯᠤᠭᠠᠳ ᠭᠠᠳᠠᠭᠠᠳᠤ ᠳᠤᠳᠤᠭᠠᠳᠤ ᠶᠢᠨ ᠡᠷᠳᠡᠮ ᠰᠢᠨᠵᠢᠯᠡᠭᠡᠳᠡᠳ ᠬᠢᠭᠡᠳ ᠵᠤᠭᠠᠴᠠᠭᠰᠠᠳ ᠤᠨ ᠰᠤᠨᠢᠷᠬᠠᠯ ᠢ ᠳᠠᠳᠠᠳᠠᠭ ᠪᠢᠯᠡ᠃             ᠨᠢᠭᠡ᠄ ᠶᠤᠸᠠᠨ ᠤᠯᠤᠰ ᠤᠨ ᠡᠷᠳᠡᠨ ᠤ ᠬᠤᠳᠠ —                                ᠵᠢᠩ ᠵᠸᠤ ᠯᠤ᠋ ᠶᠢᠨ ᠪᠠᠭᠤᠷᠢ      ᠬᠤᠰᠢᠭᠤᠨ ᠤ ᠳᠦᠪ ᠤᠯᠠᠭᠠᠨᠬᠤᠸᠠ ᠪᠠᠯᠭᠠᠰᠤᠨ ᠠᠴᠠ ᠪᠠᠷᠠᠭᠤᠨ ᠬᠤᠶᠢᠰᠢ 25 ᠺᠢᠯᠤᠮᠧᠲᠷ ᠵᠠᠶᠢᠳᠡᠢ ᠪᠠᠶᠢᠭ᠎ᠠ ᠴᠧᠩ ᠪᠦᠸᠧ ᠽᠢ ᠳᠤᠰᠬᠤᠨ ᠤ ᠬᠠᠪᠢ ᠳᠤ ᠳᠦᠷᠪᠡᠯᠵᠢᠨ ᠬᠡᠯᠪᠡᠷᠢ ᠲᠠᠢ ᠡᠷᠳᠡᠨ ᠤ ᠬᠤᠳᠠ ᠶᠢᠨ ᠬᠡᠷᠡᠮ  ᠤᠨ ᠦᠯᠡᠳᠡᠭᠳᠡᠯ ᠪᠠᠶᠢᠳᠠᠭ᠃ ᠳᠦᠷᠪᠡᠨ ᠳᠠᠯ᠎ᠠ ᠶᠢᠨ ᠭᠡᠷᠡᠮ ᠨᠢ ᠳᠡᠰᠪᠦᠷᠢ 800 ~ 900 ᠮᠧᠲᠷ ᠤᠷᠳᠤ ᠪᠠᠶᠢᠵᠤ᠂ ᠤᠳᠤ ᠶᠢᠨ ᠦᠯᠡᠳᠡᠭᠳᠡᠵᠤ ᠪᠦᠬᠦᠢ ᠬᠤᠳᠠ ᠶᠢᠨ ᠬᠡᠷᠡᠮ ᠤᠨ ᠦᠨᠳᠦᠷ ᠨᠢ 0 .3 ~ 2 ᠮᠧᠲᠷ ᠠᠳᠠᠯᠢ ᠦᠬᠡᠢ᠃ ᠰᠢᠷᠠᠮᠦ᠋ᠷᠡᠨ ᠭᠤᠤᠯ ᠤᠨ ᠳᠡᠭᠡᠳᠦ ᠤᠷᠤᠰᠬᠠᠯ ᠪᠤᠯᠬᠤ ᠳᠠᠪᠤᠨ ᠬᠠᠨ ᠭᠤᠤᠯ ᠬᠤᠳᠠ ᠶᠢᠨ ᠵᠡᠬᠦᠨ ᠳᠠᠯ᠎ᠠ  ᠪᠠᠷ ᠤᠮᠠᠷᠠᠰᠢ ᠤᠷᠤᠰᠴᠤ ᠪᠤᠢ᠃ ︽ᠮᠢᠩ ᠤᠯᠤᠰ ᠤᠨ ᠲᠡᠦᠬᠡ︾ ᠳᠤ ︽ᠵᠢᠩ ᠵᠸᠤ ᠯᠤ᠋ ᠪᠤᠯᠪᠠᠰᠤ ᠶᠤᠸᠠᠨ ᠤᠯᠤᠰ ᠤᠨ ᠵᠦᠩᠱᠦ ᠶᠠᠮᠤᠨ ᠳᠤ ᠬᠠᠷᠢᠶᠠᠯᠠᠭᠳᠠᠵᠤ᠂ ᠬᠤᠩ ᠡᠤ ᠶᠢᠨ ᠳᠤᠮᠳᠠ ᠦᠶ᠎ᠡ ᠳᠤ ᠪᠠᠯᠠᠷᠠᠵᠤᠬᠤᠢ︾ ᠭᠡᠵᠤ ᠳᠡᠮᠳᠡᠭᠯᠡᠵᠤ ᠪᠠᠶᠢᠬᠤ ᠪᠦᠭᠡᠳ ᠬᠤᠳᠠ ᠶᠢᠨ ᠪᠠᠭᠤᠷᠢ ᠠᠴᠠ ᠤᠯᠳᠠᠭᠰᠠᠨ ᠬᠦᠰᠢᠶᠡᠨ ᠳᠡᠭᠡᠷᠡᠬᠢ ᠦᠰᠦᠭ ᠪᠢᠴᠢᠭ  ᠠᠴᠠ ᠦᠵᠡᠪᠡᠯ ᠳᠤᠰ ᠬᠦᠰᠢᠶ᠎ᠠ ᠶᠢ ᠳ᠋ᠠ ᠳ᠋ᠧ ᠶᠢᠨ ᠠᠷᠪᠠᠨ ᠨᠢᠭᠡᠳᠦᠭᠡᠷ ᠤᠨ ︵ᠨᠡᠶᠢᠳᠡ ᠶᠢᠨ ᠤᠨ ᠳᠤᠭᠠᠯᠠᠯ ᠤᠨ 1307 ᠤᠨ︶ ᠳᠤ ᠪᠤᠰᠬᠠᠯ᠎ᠠ ᠭᠡᠵᠤ ᠪᠤᠢ᠃ ᠡᠬᠦᠨ ᠢᠶᠠᠷ ᠳᠦᠯᠬᠢᠵᠤ ᠪᠤᠳᠤᠵᠤ ᠦᠵᠡᠪᠡᠯ ᠵᠢᠩ ᠵᠸᠤ ᠯᠤ᠋ ᠬᠤᠳᠠ ᠨᠢᠡᠬᠢᠯᠡᠵᠤ ᠪᠠᠶᠢᠭᠤᠯᠤᠭᠳᠠᠭᠠᠳ ᠡᠳᠦᠬᠡ ᠪᠤᠯᠳᠠᠯ᠎ᠠ ᠬᠠᠮᠤᠭ ᠨᠠᠭᠠᠳᠤ ᠵᠠᠬ᠎ᠠ ᠳᠠᠭᠠᠨ ᠳᠤᠯᠤᠭᠠᠨ ᠵᠠᠭᠤ ᠰᠢᠬᠠᠮ ᠤᠨ ᠪᠤᠯᠵᠤ ᠪᠠᠶᠢᠨ᠎ᠠ᠃ ᠬᠤᠳᠠ ᠶᠢᠨ ᠳᠤᠳᠤᠷ᠎ᠠ ᠨᠢ ᠵᠡᠬᠦᠨ ᠪᠠᠷᠠᠭᠤᠨ ᠬᠤᠶᠡᠷ ᠡᠬᠦᠳᠡᠨ ᠳᠤ ᠰᠢᠭᠤᠳ ᠨᠡᠪᠳᠡᠷᠡᠬᠦ ᠨᠢᠭᠡᠨ ᠵᠤᠷᠪᠤᠰ ᠵᠡᠭᠡᠯᠢ ᠪᠠ ᠵᠡᠬᠡᠯᠢ ᠶᠢᠨ ᠳᠤᠮᠳᠠ ᠬᠡᠰᠡᠭ ᠠᠴᠠ ᠡᠮᠦᠨ᠎ᠡ ᠡᠬᠦᠳᠡᠨ ᠳᠤ ᠨᠡᠪᠳᠡᠷᠡᠬᠦ‍ ᠨᠢᠭᠡ ᠵᠤᠷᠪᠤᠰ ᠵᠡᠬᠡᠯᠢ ᠪᠠᠶᠢᠭᠰᠠᠨ ᠳᠦᠯᠦᠪ ᠲᠠᠢ᠃ ᠳᠡᠦᠬᠡᠨ ᠨᠤᠮ ᠪᠢᠴᠢᠭ ᠠᠴᠠ ᠯᠠᠪᠯᠠᠪᠠᠯ ᠵᠢᠩ ᠵᠸᠤ ᠯᠤ᠋ ᠬᠤᠳᠠ ᠨᠢ ᠶᠤᠸᠠᠨ ᠤᠯᠤᠰ  ᠤᠨ ᠦᠶ᠎ᠡ ᠳᠤ ᠶᠡᠭᠡ ᠨᠡᠶᠢᠰᠯᠡᠯ ︵ᠤᠳᠤ ᠶᠢᠨ ᠪᠡᠭᠡᠵᠢᠩ ᠬᠤᠳᠠ︶ ᠠᠴᠠ ᠭᠤᠪᠢ ᠶᠢᠨ ᠠᠷᠤ ᠶᠢᠨ ᠬᠠᠯᠬ᠎ᠠ ᠮᠤᠩᠭᠤᠯ ᠤᠨ ᠬᠠᠷᠠᠬᠤᠷᠠᠮ ᠳᠤ ᠨᠡᠪᠳᠡᠷᠡᠬᠦ ᠵᠠᠮ ᠳᠠᠬᠢ ᠴᠢᠬᠤᠯᠠ ᠨᠢᠭᠡᠨ ᠦᠷᠳᠡᠭᠡ ᠪᠠᠶᠢᠵᠠᠢ᠃ ᠳᠡᠶᠢᠮᠤ ᠠᠴᠠ ᠡᠯ᠎ᠡ ᠤᠯᠤᠰ ᠦᠨᠳᠦᠰᠦᠳᠡᠨ ᠤ ᠡᠯᠴᠢᠨ ᠰᠠᠶᠢᠳ᠂ ᠨᠤᠶᠠᠳ ᠳᠦᠰᠢᠮᠡᠳ ᠵᠢᠯ ᠤᠨ ᠳᠦᠷᠪᠡᠨ ᠤᠯᠠᠷᠢᠯ ᠳᠤ ᠡᠨᠡ ᠵᠠᠮ  ᠢᠶᠠᠷ ᠨᠠᠰᠢ ᠴᠠᠰᠢ ᠠᠶᠠᠯᠠᠵᠤ᠂ ᠦᠯᠡᠮᠵᠢ ᠤᠯᠠᠨ ᠪᠠᠶᠠᠯᠢᠭ ᠬᠤᠳᠠᠯᠳᠤᠭᠠᠴᠢᠳ ᠡᠨᠡ ᠬᠤᠳᠠᠨ ᠳᠤ ᠠᠷᠠᠯᠵᠢᠶ᠎ᠠ ᠬᠤᠳᠠᠯᠳᠤᠭ᠎ᠠ ᠡᠷᠬᠢᠯᠡᠵᠤ ᠪᠠᠶᠢᠭᠰᠠᠨ ᠨᠢ ᠢᠯᠡᠷᠬᠡᠢ᠃ ᠬᠤᠳᠠ ᠶᠢᠨ ᠪᠠᠭᠤᠷᠢ ᠪᠤᠯᠭᠠᠨ ᠳᠤ ᠬᠠᠷᠠᠭᠳᠠᠬᠤ ᠸᠠᠭᠠᠷ ᠰᠠᠪᠠ  ᠶᠢᠨ ᠬᠠᠭᠠᠷᠬᠠᠢ᠂ ᠰᠢᠷ᠎ᠠ ᠨᠤᠭᠤᠭᠠᠨ ᠰᠢᠷ ᠲᠠᠢ ᠪᠤᠳᠤᠩ ᠰᠠᠪᠠ ᠶᠢᠨ ᠬᠡᠮᠬᠡᠳᠡᠭ᠂ ᠳᠤᠯᠭᠠᠭᠤᠷᠢ ᠶᠢᠨ ᠰᠠᠭᠤᠷᠢ᠂ ᠰᠢᠵᠢᠷ ᠠᠯᠳᠠᠨ ᠦᠩᠭᠡ ᠲᠠᠢ ᠰᠢᠷᠳᠡᠮᠡᠯ ᠸᠠᠭᠠᠷ ᠤᠨ ᠬᠡᠮᠬᠡᠷᠬᠡᠢ᠂ ᠭᠠᠤᠯᠢᠨ ᠵᠤᠭᠤᠰ᠂ ᠬᠦᠷᠡᠯ ᠳᠤᠯᠢ ᠵᠡᠷᠭᠡ ᠡᠷᠳᠡᠨ  ᠤ ᠦᠯᠡᠳᠡᠭᠳᠡᠯ ᠡᠳ᠋ ᠨᠦᠭᠦᠳ ᠠᠴᠠ ᠡᠷᠳᠡᠨ ᠤ ᠵᠢᠩ ᠵᠸᠤ ᠯᠤ᠋ ᠬᠤᠳᠠ ᠨᠢ ᠳᠤᠬᠠᠢ ᠶᠢᠨ ᠦᠶ᠎ᠡ ᠳᠤ ᠠᠷᠠᠯᠵᠢᠶ᠎ᠠ ᠬᠤᠳᠠᠯᠳᠤᠭ᠎ᠠ ᠨᠢ ᠬᠢᠷᠢ ᠵᠡᠷᠭᠡ ᠬᠦᠭᠵᠢᠶᠡᠨ ᠲᠠᠢ ᠪᠠᠶᠢᠭᠰᠠᠨ ᠢ ᠮᠠᠭᠠᠳᠯᠠᠵᠤ ᠪᠤᠯᠤᠨ᠎ᠠ᠃ ᠴᠢᠯᠦᠭᠡᠯᠡᠭᠳᠡᠭᠰᠡᠨ ᠤ ᠳᠠᠷᠠᠭ᠎ᠠ ᠬᠤᠳᠠ ᠶᠢᠨ ᠪᠠᠭᠤᠷᠢ ᠠᠴᠠ ︽ᠶᠠᠪᠤᠬᠤ ᠴᠡᠷᠢᠭ ᠤᠨ ᠳᠡᠳ᠋ ᠵᠠᠬᠢᠷᠤᠭᠴᠢ ᠯᠤ᠋ ᠤᠪᠤᠭᠳᠤ ᠶᠢᠨ ᠳᠠᠮᠠᠭ᠎ᠠ︾ ᠨᠢᠭᠡ ᠶᠢ ᠮᠠᠯᠳᠠᠨ ᠭᠠᠷᠭᠠᠵᠤ᠂ ᠪᠠᠶᠢᠴᠠᠭᠠᠨ ᠰᠤᠳᠤᠯᠤᠭᠰᠠᠨ ᠢᠶᠠᠷ ᠪᠤᠯ ᠠᠯᠳᠠᠨ ᠤᠯᠤᠰ ᠤᠨ ᠦᠶ᠎ᠡ ᠶᠢᠨ ᠠᠯᠪᠠᠨ ᠳᠤᠰᠢᠶᠠᠯᠳᠠᠨ ᠤ ᠳᠠᠮᠠᠭ᠎ᠠ ᠶᠤᠮ ᠭᠡᠨ᠎ᠡ᠃ ᠪᠠᠰᠠ ᠵᠡᠰ ᠳᠤᠤᠬᠠᠢ ᠬᠤᠶᠡᠷ ᠢ ᠮᠠᠯᠳᠠᠨ ᠭᠠᠷᠭᠠᠵᠤ᠂ ᠨᠢᠭᠡ ᠶᠢᠨ ᠬᠢᠨᠢ ᠳᠡᠭᠡᠷ᠎ᠡ ᠨᠢ ︽ᠨᠠᠨ ᠵᠢᠩ ᠬᠤᠸᠠᠩ ᠫᠦ᠋︾ ᠭᠡᠬᠦ ᠳᠦᠷᠪᠡᠨ ᠴᠢᠳᠬᠤᠮᠠᠯ ᠦᠰᠦᠭ ᠲᠠᠢ᠃ ᠨᠦᠬᠦᠭᠡ ᠶᠢᠨ ᠬᠢᠨᠢ ᠳᠡᠭᠡᠷ᠎ᠡ ᠨᠢ ︽ᡁᠢ ᠶᠤᠸᠠᠨ ᠤ ᠶᠢᠰᠦᠳᠦᠭᠡᠷ ᠤᠨ᠎ᠠ ᠦᠯᠡᠳᠡᠭᠡᠨ ᠰᠠᠬᠢᠬᠤ ᠵᠤᠷᠭᠠᠨ ᠠᠴᠠ ᠳᠠᠷᠬᠠᠭᠠᠪᠠᠢ︾ ᠭᠡᠰᠡᠨ ᠨᠠᠢᠮᠠᠨ ᠴᠢᠳᠬᠤᠮᠠᠯ ᠦᠰᠦᠭ ᠲᠠᠢ ᠪᠠᠶᠢᠪᠠ᠃ ᠳᠤᠰᠬᠤᠨ ᠤ ᠠᠷᠠᠳ ᠤᠨ ᠬᠡᠯᠡᠬᠦ ᠪᠠᠷ ᠤᠷᠴᠢᠮ ᠤᠨ ᠵᠢᠯ ᠳᠤ ᠪᠠᠰᠠ ᠭᠤᠷᠪᠠᠨ ᠭᠠᠤᠯᠢᠨ ᠳᠠᠮᠠᠭ᠎ᠠ ᠪᠠ ᠵᠠᠷᠢᠮ ᠵᠠᠰᠠᠯ ᠴᠢᠮᠡᠭᠯᠡᠯ ᠤᠨ ᠵᠦᠢᠯᠡᠰ ᠮᠠᠯᠳᠠᠵᠤ ᠤᠯᠤᠯ᠎ᠠ ᠭᠡᠵᠤ ᠪᠤᠢ᠃ ᠵᠢᠩ ᠵᠸᠤ ᠯᠤ᠋ ᠬᠤᠳᠠ ᠨᠢ ᠴᠤᠬᠤᠮ ᠠᠯᠢ ᠤᠨ ᠳᠤ ᠪᠠᠶᠢᠭᠤᠯᠤᠭᠳᠠᠵᠤ᠂ ᠬᠡᠵᠢᠶ᠎ᠡ ᠶᠠᠭᠠᠬᠢᠵᠤ ᠪᠠᠯᠠᠷᠠᠭᠰᠠᠨ ᠳᠤᠬᠠᠢ ᠪᠢᠴᠢᠭ ᠪᠠᠷᠢᠮᠳᠠ ᠤᠯᠳᠠᠭᠠᠳᠦᠢ ᠪᠠᠶᠢᠭᠰᠠᠭᠠᠷ᠃                    ᠶᠤᠸᠠᠨ ᠤᠯᠤᠰ ᠤᠨ ᠦᠶ᠎ᠡ ᠶᠢᠨ ᠤᠪᠤᠭ᠎ᠠ      ᠤᠯᠠᠭᠠᠨᠬᠤᠸᠠ ᠪᠠᠯᠭᠠᠰᠣᠨ ᠠᠴᠠ ᠪᠠᠷᠠᠭᠤᠨ ᠬᠤᠶᠢᠰᠢ 40 ᠺᠢᠯᠤᠮᠧᠲᠷ ᠬᠤᠯᠠ ᠪᠠᠶᠢᠭ᠎ᠠ ᠬᠤᠩᠭᠤᠷ ᠰᠤᠮᠤᠨ  ᠤ ᠳᠠᠪᠬᠤᠷ᠎ᠠ ᠭᠠᠴᠠᠭᠠᠨ ᠠᠴᠠ ᠵᠡᠬᠦᠨ ᠡᠮᠦᠨᠡᠰᠢ ᠪᠠᠶᠢᠷᠢᠰᠢᠭ᠎ᠠ ᠬᠠᠨ ᠠᠭᠤᠯᠠ ᠶᠢᠨ ᠤᠷᠤᠢ ᠳᠡᠭᠡᠷ᠎ᠡ 6 ᠮᠧᠲᠷ ᠦᠨᠳᠦᠷ᠂ ᠰᠠᠭᠤᠷᠢ ᠶᠢᠨ ᠳ᠋ᠢᠶᠠᠮᠧᠲᠷ ᠨᠢ 25 ᠮᠧᠲᠷ ᠪᠠᠶᠢᠳᠠᠭ ᠨᠢᠭᠡᠨ ᠳᠤᠮᠤ ᠤᠪᠤᠭ᠎ᠠ ᠪᠠᠶᠢᠵᠤ᠂ ᠳᠡᠬᠦᠨ ᠤ ᠡᠷᠬᠢᠨ ᠳᠤᠭᠤᠷᠢᠨ ᠳᠤᠨᠢ ᠪᠠᠰᠠ ᠶᠡᠭᠡ ᠪᠠᠭ᠎ᠠ ᠨᠢ ᠠᠳᠠᠯᠢ ᠪᠤᠰᠤ ᠵᠠᠭᠤᠭᠠᠳ ᠤᠪᠤᠭ᠎ᠠ ᠪᠠᠶᠢᠳᠠᠭ᠃ ᠤᠪᠤᠭᠠᠨ ᠤ ᠤᠶᠢᠷ᠎ᠠ ᠬᠠᠪᠢ ᠠᠴᠠ ᠤᠯᠳᠠᠭᠰᠠᠨ ᠳᠡᠮᠦᠷ ᠵᠡᠪᠡ᠂ ᠬᠤᠶᠠᠭ ᠤᠨ ᠬᠡᠯᠳᠡᠷᠬᠡᠢ᠂ ᠱᠠᠭᠠᠵᠢᠩ ᠰᠠᠪᠠ ᠶᠢᠨ ᠬᠠᠭᠠᠷᠬᠠᠢ ᠵᠡᠷᠭᠡ ᠦᠯᠡᠳᠡᠭᠳᠡᠯ ᠢ ᠳᠤᠰᠬᠠᠢ ᠮᠡᠷᠭᠡᠵᠢᠯᠳᠡᠳ ᠰᠤᠳᠤᠯᠤᠨ ᠦᠵᠡᠭᠡᠳ ᠶᠤᠸᠠᠨ ᠤᠯᠤᠰ ᠤᠨ ᠦᠶ᠎ᠡ ᠶᠢᠨ ᠡᠳ᠋ ᠮᠦᠨ ᠭᠡᠵᠤ ᠳᠤᠳᠤᠯᠠᠵᠠᠢ᠃      ᠬᠠᠨ ᠠᠭᠤᠯᠠ ᠶᠢᠨ ᠤᠪᠤᠭ᠎ᠠ ᠨᠢ ᠶᠤᠸᠠᠨ ᠤᠯᠤᠰ ᠤᠨ ᠦᠶ᠎ᠡ ᠳᠠᠬᠢ ᠶᠡᠭᠡ ᠨᠠᠶᠢᠰᠯᠠᠯ ︵ᠤᠳᠤ ᠶᠢᠨ ᠪᠡᠭᠡᠵᠢᠩ ᠬᠤᠳᠠ︶ ᠠᠴᠠ ᠬᠠᠯᠬ᠎ᠠ ᠮᠤᠩᠭᠤᠯ ᠤᠨ ᠬᠠᠷᠠᠬᠤᠷᠠᠮ ᠳᠤ ᠨᠡᠪᠳᠡᠷᠡᠬᠦ ᠦᠷᠳᠡᠭᠡᠨ ᠵᠠᠮ ᠳᠡᠭᠡᠷ᠎ᠡ ᠤᠷᠤᠰᠢᠵᠤ ᠪᠤᠢ᠃ ᠪᠠᠶᠢᠴᠠᠭᠠᠨ ᠳᠤᠳᠤᠯᠤᠭᠰᠠᠨ ᠢᠶᠠᠷ ᠪᠤᠯ ᠬᠠᠨ ᠠᠭᠤᠯᠠ ᠶᠢᠨ ᠤᠪᠤᠭ᠎ᠠ ᠨᠢ ᠦᠪᠦᠷ ᠮᠤᠩᠭᠤᠯ ᠤᠷᠤᠨ ᠳᠠᠬᠢ ᠪᠤᠰᠬᠠᠭᠳᠠᠭᠰᠠᠨ ᠴᠠᠭ ᠬᠤᠭᠤᠴᠠᠭ᠎ᠠ ᠨᠢ ᠨᠡᠯᠢᠶᠡᠳ ᠡᠷᠳᠡ ᠪᠦᠭᠡᠳ ᠨᠡᠯᠢᠶᠡᠳ ᠪᠦᠷᠢᠨ ᠪᠦᠳᠦᠨ ᠬᠠᠳᠠᠭᠠᠯᠠᠭᠳᠠᠵᠤ ᠪᠦᠬᠦᠢ ᠬᠡᠪᠴᠢᠶ᠎ᠠ ᠪᠠᠷ ᠬᠠᠮᠤᠭ ᠶᠡᠭᠡ ᠤᠪᠤᠭ᠎ᠠ ᠳᠤ ᠳᠤᠭᠠᠴᠠᠭᠳᠠᠨ᠎ᠠ᠃ ᠡᠨᠡ ᠨᠢ ᠮᠠᠨ ᠤ ᠤᠯᠤᠰ ᠤᠨ ᠡᠷᠳᠡᠨ ᠤ ᠤᠮᠠᠷᠠᠳᠤ ᠶᠢᠨ ᠨᠡᠬᠦᠳᠡᠯ ᠮᠠᠯᠵᠢᠯ ᠤᠨ ᠦᠨᠳᠦᠰᠦᠳᠡᠨ ᠤ ᠰᠤᠶᠤᠯ᠂ ᠱᠠᠰᠢᠨ ᠰᠢᠳᠦᠯᠭᠡ᠂ ᠵᠠᠩ ᠳᠠᠳᠬᠠᠯ ᠵᠢᠴᠢ ᠳᠤᠬᠠᠢ ᠶᠢᠨ ᠦᠶ᠎ᠡ ᠶᠢᠨ ᠦᠷᠳᠡᠭᠡᠨ ᠵᠠᠮ᠂ ᠵᠠᠮ ᠬᠠᠷᠢᠯᠴᠠᠭ᠎ᠠ ᠵᠡᠷᠭᠡ ᠶᠢ ᠰᠤᠳᠤᠯᠬᠤ ᠳᠤ ᠪᠦᠷ ᠴᠢᠬᠤᠯᠠ ᠶᠡᠭᠡ ᠠᠴᠢ ᠬᠤᠯᠪᠤᠭᠳᠠᠯ ᠲᠠᠢ ᠶᠤᠮ᠃                     ᠤᠮᠠᠷᠠᠳᠤ ᠶᠢᠨ ᠯᠾᠰᠠ — ᠰᠢᠷᠠᠮᠦ᠋ᠷᠡᠨ ᠰᠦᠮ᠎ᠡ      ᠴᠢᠩ ᠤᠯᠤᠰ ᠤᠨ ᠰᠡᠬᠦᠯᠴᠢ ᠶᠢᠨ ᠦᠶ᠎ᠡ ᠳᠤ ︽ᠡᠩᠭᠡᠷ ᠮᠢᠩᠭᠠᠨ ᠱᠠᠪᠢ ᠲᠠᠢ ᠤᠮᠠᠷᠠᠳᠤ ᠶᠢᠨ ᠯᠾᠰᠠ︾ ᠬᠡᠮᠡᠨ ᠬᠤᠯᠠ ᠤᠶᠢᠷ᠎ᠠ ᠳᠤ ᠠᠯᠳᠠᠷᠰᠢᠭᠰᠠᠨ ᠳᠦᠷᠪᠡᠳ ᠬᠤᠰᠢᠭᠤᠨ ᠤ ᠰᠢᠷᠠᠮᠦ᠋ᠷᠡᠨ ᠰᠦᠮ᠎ᠡ ᠨᠢ ᠬᠤᠩᠭᠤᠷ ᠰᠤᠮᠤᠨ  ᠤ ᠳᠦᠪ ᠪᠠᠶᠢᠭ᠎ᠠ ᠭᠠᠵᠠᠷ ᠪᠠᠶᠢᠷᠢᠯᠠᠵᠤ᠂ ᠬᠤᠰᠢᠭᠤᠨ ᠳᠦᠪ ᠤᠯᠠᠭᠠᠨᠬᠤᠸᠠ ᠠᠴᠠ 70 ᠺᠢᠯᠤᠮᠧᠲᠷ ᠵᠠᠶᠢᠳᠠᠢ ᠪᠠᠶᠢᠳᠠᠭ᠃ ᠰᠢᠷᠠᠮᠦ᠋ᠷᠡᠨ ᠰᠦᠮ᠎ᠡ ᠶᠢ ᠴᠢᠩ ᠤᠯᠤᠰ ᠤᠨ ᠳᠡᠭᠷᠢ ᠳᠡᠳᠬᠦᠭᠴᠢ ᠶᠢᠨ 23 ᠤᠨ ︵ᠨᠡᠶᠢᠳᠡ ᠶᠢᠨ ᠤᠨ ᠳᠤᠭᠠᠯᠠᠯ ᠤᠨ 1758 ᠤᠨ︶ ᠳᠤ ᠳᠦᠷᠪᠡᠳ ᠨᠤᠳᠤᠭ ᠲᠠᠢ ᠯᠤᠪᠰᠠᠩᠳᠠᠮᠪᠠᠷᠠᠪᠵᠠᠢ ᠪᠯᠠᠮ᠎ᠠ ᠡᠬᠦᠰᠭᠡᠨ ᠪᠠᠶᠢᠭᠤᠯᠵᠠᠢ᠃ ᠰᠦᠮ᠎ᠡ ᠶᠢᠨ  ᠢᠯᠡᠷᠬᠡᠶᠢᠯᠡᠯ ᠨᠢ ᠳᠦᠪᠡᠳ ᠢᠶᠠᠷ ︽ᠷᠠᠰᠢᠫᠠᠨᠳᠢᠯᠢᠩ︾ ᠭᠡᠵᠤ᠂ ᠮᠤᠩᠭᠤᠯ ᠢᠶᠠᠷ ︽ᠬᠤᠳᠠᠯᠠ ᠡᠶᠡᠳᠡᠢ ᠰᠦᠮ᠎ᠡ︾ ᠭᠡᠳᠡᠭ᠃ ᠰᠢᠷᠡᠮᠦ᠋ᠷᠡᠨ ᠰᠦᠮ᠎ᠡ ᠨᠢ ᠨᠡᠶᠢᠳᠡ ᠳᠠᠪᠤᠨ ᠳᠦᠷᠢ ᠶᠢᠨ ᠭᠡᠭᠡᠨ ᠢ ᠦᠩᠭᠡᠷᠡᠭᠡᠵᠤ᠂ ᠤᠳᠤ ᠵᠢᠷᠭᠤᠳᠤᠭᠠᠷ ᠳᠦᠷᠢ ᠶᠢᠨ ᠭᠡᠭᠡᠨ ᠭᠠᠯᠰᠠᠩᠳᠦ᠋ᠪᠳᠡᠨᠶ᠋ᠸᠢᠰᠢᠵᠠᠮᠰᠤ ᠭᠤᠸᠠᠢ ᠡᠩᠭᠡ ᠳᠡᠩᠬᠡᠯᠡᠬᠦᠨ ᠢᠶᠠᠷ ᠰᠠᠭᠤᠳᠠᠯ ᠳᠠᠭᠠᠨ ᠰᠠᠭᠠᠳᠠᠵᠤ ᠪᠤᠢ᠃      ᠰᠢᠷᠠᠮᠦ᠋ᠷᠡᠨ ᠰᠦᠮ᠎ᠡ ᠶᠢᠨ ᠳᠠᠯᠠᠪᠠᠢ ᠨᠢ ᠤᠤᠯ ᠳᠠᠭᠠᠨ ᠨᠢᠭᠡ ᠬᠠᠪᠳᠠᠭᠠᠢ ᠳᠦᠷᠪᠡᠯᠵᠢᠨ ᠺᠢᠯᠤᠮᠧᠲᠷ ᠢᠯᠡᠬᠦᠤ ᠭᠠᠵᠠᠷ ᠡᠵᠡᠯᠡᠵᠤ᠂ ᠳᠦᠷᠪᠡᠨ ᠯᠠᠪᠷᠤᠩ᠂ ᠳᠠᠪᠤᠨ ᠳᠤᠭᠠᠩ᠂ ᠶᠡᠭᠡ ᠪᠠᠭ᠎ᠠ ᠰᠠᠩ ᠠᠷᠪᠠᠭᠠᠳ᠂ ᠯᠠᠮᠠ ᠨᠠᠷ ᠤᠨ ᠤᠷᠤᠨ ᠰᠠᠭᠤᠴᠠ ᠭᠤᠷᠪᠠᠨ ᠵᠠᠭᠤ ᠵᠢᠷᠠᠭᠠᠳ ᠰᠠᠭᠤᠷᠢ ᠲᠠᠢ ᠪᠠᠶᠢᠵᠠᠢ᠃ ᠠᠷᠪᠠ ᠶᠢᠰᠦᠳᠦᠭᠡᠷ ᠵᠠᠭᠤᠨ ᠤ ᠡᠬᠢ ᠪᠠᠷ ᠠᠳᠡ ᠢᠷᠡᠵᠤ ᠱᠠᠪᠢᠯᠠᠨ ᠰᠠᠭᠤᠵᠤ ᠪᠠᠶᠢᠭᠰᠠᠨ ᠠᠷᠤ ᠦᠪᠦᠷ ᠤᠨ ᠤᠯᠠᠨ ᠬᠤᠰᠢᠭᠤᠳ ᠪᠤᠯᠤᠨ ᠪᠤᠰᠤᠳ ᠤᠷᠤᠨ ᠭᠠᠵᠠᠷ ᠤᠨ ᠯᠠᠮᠠ ᠨᠠᠷ ᠮᠢᠩᠭ᠎ᠠ ᠳᠦᠷᠪᠡᠨ ᠵᠠᠭᠤ ᠢᠯᠡᠬᠦᠤ ᠨᠡᠷᠡᠰ ᠪᠠᠶᠢᠵᠤ᠂ ᠰᠦᠮ᠎ᠡ ᠶᠢᠨ ᠡᠳ᠋ ᠬᠤᠭᠰᠢᠯ ᠨᠢ ᠴᠤ ᠭᠤᠷᠪᠠᠨ ᠮᠢᠩᠭ᠎ᠠ ᠭᠠᠷᠦᠢ ᠪᠤᠳᠠ ᠮᠠᠯ᠂ ᠬᠤᠶᠡᠷ ᠳᠦᠮᠡ ᠢᠯᠡᠬᠦᠤ ᠪᠤᠭ ᠮᠠᠯ ᠲᠠᠢ ᠪᠠᠶᠢᠭᠰᠠᠨ ᠪᠦᠭᠡᠳ ᠬᠡᠳᠦᠨ ᠠᠷᠪᠠᠨ ᠳᠦᠮᠡᠨ ᠮᠤ᠋ ᠰᠠᠩ ᠤᠨ ᠭᠠᠵᠠᠷ ᠳᠠᠷᠢᠶ᠎ᠠ ᠲᠠᠢ ᠪᠠᠶᠢᠵᠠᠢ᠃ ᠰᠦᠮ᠎ᠡ ᠶᠢᠨ ᠪᠦᠬᠦᠶᠢᠯᠡ ᠪᠠᠷᠢᠯᠭ᠎ᠠ ᠨᠢ ᠪᠦᠷᠢᠮᠦᠰᠦᠨ ᠳᠦᠪᠡᠳ ᠬᠡᠯᠪᠡᠷᠢ ᠶᠢᠨ ᠪᠠᠷᠢᠯᠭ᠎ᠠ ᠶᠢᠨ ᠬᠡᠪ ᠨᠠᠮᠪᠠ ᠲᠠᠢ ᠪᠠᠶᠢᠵᠤ᠂ ᠳᠤᠬᠠᠢ ᠶᠢᠨ ᠦᠶ᠎ᠡ ᠶᠢᠨ ᠬᠦᠳᠡᠯᠮᠦᠷᠢᠴᠢᠨ ᠠᠷᠠᠳ ᠳᠦᠮᠡᠨ ᠤ ᠦᠨᠳᠦᠷ ᠬᠡᠮᠵᠢᠶᠡᠨ ᠤ ᠪᠠᠷᠢᠯᠭ᠎ᠠ ᠶᠢᠨ ᠮᠡᠷᠭᠡᠵᠢᠯ ᠢ ᠬᠠᠷᠠᠭᠤᠯᠤᠭᠰᠠᠨ ᠪᠠᠶᠢᠳᠠᠭ᠃
 
ᠢᠷᠡᠯᠲᠡ᠄ 《ᠲᠦᠷᠪᠡᠤᠨ ᠤᠨ ᠰᠤᠶᠤᠯ ᠲᠡᠤᠬᠡ ᠶᠢᠨ ᠬᠡᠯᠬᠢᠶᠡᠰᠦ》 ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2