ᠪᠤᠶᠢᠨ ᠰᠦᠮ᠎ᠡ
ᠨᠡᠶᠢᠲᠡᠯᠡᠭᠰᠡᠨ ᠴᠠᠭ᠄
2018-04-10
    ᠠᠩᠬ᠎ᠠ ᠲᠡᠷᠢᠭᠦᠨ ᠪᠤᠶᠢᠨ ᠰᠦᠮ᠎ᠡ ᠶᠢᠨ ᠡᠬᠢᠯᠡᠵᠦ ᠪᠤᠢ ᠪᠤᠯᠤᠭᠰᠠᠨ ᠨᠢ ᠡᠩᠬᠡ ᠠᠮᠤᠭᠤᠯᠠᠩ ᠤᠨ 45 ᠳ᠋ᠤᠭᠠᠷ ᠤᠨ ᠳᠠᠷᠤᠢ 1707 ᠤᠨ ᠳᠤ ᠮᠠᠨᠢ ᠬᠢᠯᠢᠩ ᠭᠡᠳᠡᠭ ᠲᠦᠪᠡᠤᠨ ᠲᠤ ᠤᠴᠢᠵᠤ ᠨᠤᠮ ᠰᠤᠷᠤᠭᠠᠤᠨ ᠪᠤᠴᠠᠵᠦ ᠢᠷᠡᠬᠦ ᠵᠠᠮ ᠳᠠᠭᠠᠨ ᠤᠳᠠᠢ ᠶᠢᠨ ᠰᠦᠮ᠎ᠡ ᠳᠤ ᠮᠦᠷᠭᠦᠯ ᠬᠢᠵᠦ᠂ ᠲᠠᠨᠳᠠ ᠠᠴᠠ ᠵᠢᠷᠭᠤᠭ᠎ᠠ ᠵᠢᠷᠭᠤᠭᠠᠨ ᠸᠠᠭᠠᠷ ᠡᠭᠦᠷᠴᠦ ᠪᠠᠰᠠ ᠭᠠᠵᠠᠷ ᠰᠢᠨᠵᠢᠭᠡᠴᠢ ᠳᠠᠭᠠᠭᠤᠯᠤᠭᠠᠤᠨ ᠢᠷᠡᠵᠡᠢ᠃ ᠲᠡᠷᠡ ᠰᠢᠨᠵᠢᠭᠡᠴᠢ ᠲᠤᠰ ᠭᠠᠵᠠᠷ ᠢᠷᠡᠭᠡᠤᠨ ᠨᠢᠭᠡ ᠡᠪᠤᠭᠡᠨ  ᠲᠠᠢ ᠤᠴᠠᠷᠠᠵᠤ ᠠᠯᠳᠠᠷ ᠢ ᠨᠢ ᠠᠰᠠᠭᠤᠬᠤ ᠳᠤ᠄《 ᠪᠤᠶᠢᠨᠤᠭ》 ᠭᠡᠳᠡᠭ ᠭᠡᠵᠦ ᠬᠠᠷᠢᠭᠤᠯᠵᠠᠢ᠃ ᠭᠠᠵᠠᠷ ᠰᠢᠨᠵᠢᠭᠡᠴᠢ ᠪᠤᠶᠢᠨᠤᠭ ᠡᠪᠦᠭᠡᠨ ᠤ ᠰᠠᠭᠤᠵᠤ ᠪᠠᠶᠢᠭ᠎ᠠ ᠭᠠᠵᠠᠷ ᠢ ᠰᠢᠨᠵᠢᠵᠦ ᠦᠵᠡᠭᠡᠤᠨ᠂ ᠬᠤᠶᠢᠲᠦ ᠠᠭᠤᠯᠠ ᠶᠢ ᠨᠢ ᠡᠷᠳᠡᠨᠢ ᠶᠢᠨ ᠰᠢᠬᠦᠷ ᠤᠨ ᠰᠢᠨᠵᠢᠲᠡᠢ᠂ ᠵᠡᠭᠦᠨ ᠠᠭᠤᠯᠠ ᠶᠢ ᠨᠢ ᠠᠯᠲᠠᠨ ᠶᠠᠰᠤᠲᠤ ᠮᠡᠯᠡᠬᠡᠢ ᠬᠡᠪᠲᠡᠵᠦ ᠪᠠᠶᠢᠭ᠎ᠠ ᠰᠢᠨᠵᠢᠲᠡᠢ᠂ ᠡᠮᠦᠨ᠎ᠡ ᠠᠭᠤᠯᠠ ᠶᠢ ᠨᠢ ᠪᠠᠷᠰ ᠤᠨ ᠰᠢᠨᠵᠢᠲᠠᠢ᠂ ᠠᠷᠤ ᠶᠢᠨ ᠠᠭᠤᠯᠠ ᠶᠢ ᠨᠢ ᠤᠯᠠᠭᠴᠢᠨ ᠲᠠᠬᠢᠶ᠎ᠠ  ᠶᠢᠨ ᠰᠢᠨᠵᠢᠲᠠᠢ ᠭᠡᠵᠡᠢ᠃ ᠲᠡᠭᠡᠭᠡᠤᠨ ᠮᠠᠨᠢ ᠬᠢᠯᠢᠩ᠄《 ᠪᠢᠳᠡ ᠰᠦᠮ᠎ᠡ ᠪᠠᠶᠢᠭᠤᠯᠬᠤ ᠭᠠᠵᠠᠷ ᠡᠷᠢᠵᠦ ᠪᠠᠶᠢᠨ᠎ᠠ》 ᠭᠡᠵᠦ ᠬᠡᠯᠡᠭᠰᠡᠨ ᠳᠤ᠂ ᠪᠤᠶᠢᠨᠤᠭ ᠡᠪᠦᠭᠡᠨ᠄《 ᠮᠠᠨ ᠤ ᠨᠤᠲᠤᠭ ᠳᠡᠭᠡᠷ᠎ᠡ ᠰᠦᠮ᠎ᠡ ᠪᠠᠨ ᠪᠠᠶᠢᠭᠤᠯᠴᠢᠬ᠎ᠠ᠂ ᠨᠤᠲᠤᠭ  ᠢᠶᠠᠨ ᠡᠷᠭᠦᠶ᠎ᠡ》 ᠭᠡᠵᠦ ᠮᠦᠷᠭᠦᠵᠡᠢ᠃ ᠢᠡᠭᠭᠢᠭᠡᠤᠨ ᠴᠢᠩ ᠭᠦᠷᠦᠨ ᠤ ᠨᠠᠶᠢᠷᠠᠯᠲᠤ ᠲᠦᠪ ᠤᠨ4 ᠳ᠋ᠤᠭᠡᠷ ᠤᠨ ᠳᠠᠷᠤᠢ 1726 ᠤᠨ ᠳᠤ ᠪᠤᠶᠢᠨ ᠰᠦᠮ᠎ᠡ ᠶᠢ ᠪᠠᠶᠢᠭᠤᠯᠵᠠᠢ᠃ ᠰᠦᠮ᠎ᠡ ᠪᠠᠨ ᠪᠠᠶᠢᠭᠤᠯᠤᠭᠰᠠᠨ ᠤ ᠳᠠᠷᠠᠭ᠎ᠠ᠂ ᠴᠠᠭᠠᠰᠤᠳᠤ ᠶᠢᠨ ᠬᠤᠨᠭ᠍ᠬᠤᠷ ᠲᠤ ᠤᠯᠠᠨ ᠭᠡᠷ ᠪᠠᠷᠢᠭᠠᠤᠨ ᠤᠯᠠᠨ ᠯᠠᠮᠠ ᠴᠤᠭᠯᠠᠭᠤᠯᠤᠭᠠᠤᠨ ᠭᠠᠨᠵᠤᠤᠷ ᠪᠤᠳᠢ ᠨᠤᠮ ᠢ ᠪᠢᠴᠢᠵᠤ᠂ ᠡᠵᠡᠨ ᠬᠠᠭᠠᠨ ᠳᠤ ᠡᠷᠭᠦᠭᠰᠡᠨ ᠳᠤ᠂ ᠮᠠᠨᠢ ᠬᠢᠯᠢᠩ ᠲᠤ ᠭᠠᠨᠵᠤᠤᠷ ᠯᠠᠮᠠ ᠭᠡᠰᠡᠨ ᠴᠤᠯᠠ ᠦᠭᠴᠡᠢ᠃     ᠲᠤᠰ ᠰᠦᠮ᠎ᠡ ᠨᠠᠢᠮᠠᠨ ᠲᠤᠭᠠᠡᠭ ᠲᠠᠪᠤᠨ ᠰᠤᠪᠤᠷᠭ᠎ᠠ ᠲᠠᠢ᠂ ᠬᠤᠶᠠᠷ ᠤᠪᠤᠭ᠎ᠠ ᠲᠠᠢ ᠪᠠᠶᠢᠪᠠ᠃ ᠨᠠᠢᠮᠠᠨ ᠲᠤᠭᠠᠡᠭ ᠨᠢ ᠤᠳᠤ ᠶᠢᠨ ᠳᠡᠭᠡᠳᠦ ᠬᠤᠷᠰᠢᠶᠠᠨ ᠤ ᠬᠠᠪᠢ ᠳᠤ᠂ ᠲᠠᠪᠤᠨ ᠰᠤᠪᠤᠷᠭ᠎ᠠ ᠨᠢ ᠮᠤᠩᠭᠤᠯ ᠰᠤᠷᠭᠠᠭᠤᠯᠢ ᠶᠢᠨ ᠬᠠᠪᠢ ᠳᠤ ᠪᠠᠶᠢᠭᠰᠠᠨ ᠶᠤᠮ᠃ ᠰᠤᠶᠤᠯ ᠤᠨ ᠬᠤᠪᠢᠰᠬᠠᠯ ᠳᠤ ᠦᠷᠡᠭᠳᠡᠵᠦ ᠤᠳᠤ ᠪᠤᠯᠳᠠᠯ᠎ᠠ ᠰᠡᠷᠭᠦᠭᠡᠵᠦ ᠴᠢᠳᠠᠭᠰᠠᠨ ᠦᠭᠡᠢ᠃ ᠭᠡᠪᠡᠴᠦ ᠱᠠᠪᠢ ᠨᠠᠷ ᠨᠢ ᠤᠳᠤ ᠪᠤᠯᠲᠠᠯ᠎ᠠ ᠬᠡᠳᠦ ᠬᠡᠳᠦᠨ ᠬᠦᠮᠦᠨ ᠠᠮᠢᠳᠦ ᠰᠡᠷᠡᠭᠦᠨ ᠪᠤᠢ᠃     ᠪᠤᠶᠢᠨ ᠰᠦᠮ᠎ᠡ ᠶᠢᠨ ᠬᠠᠮᠤᠭ ᠰᠡᠭᠦᠯᠴᠢ ᠶᠢᠨ ᠡᠵᠡᠨ ᠯᠠᠮᠠ ᠨᠢ ᠰᠧᠳᠡᠭᠶᠦ᠋ᠷᠦᠩ ᠭᠡᠳᠡᠭ᠃ ᠨᠡᠶᠢᠲᠡ 6 ᠲᠦᠷᠢ ᠶᠢᠨ ᠱᠠᠪᠷᠦᠩ ᠲᠠᠢ᠃
 
ᠢᠷᠡᠯᠲᠡ᠄ 《ᠲᠦᠷᠪᠡᠤᠨ ᠤᠨ ᠰᠤᠶᠤᠯ ᠲᠡᠤᠬᠡ ᠶᠢᠨ ᠬᠡᠯᠬᠢᠶᠡᠰᠦ》 ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2