ᠲᠦᠷᠪᠡᠤᠨ ᠬᠤᠰᠢᠭᠤᠨ ᠤ ᠢᠷᠡᠯᠲᠡ
ᠨᠡᠶᠢᠲᠡᠯᠡᠭᠰᠡᠨ ᠴᠠᠭ᠄
2018-04-09
    ᠲᠦᠷᠪᠡᠤᠨ ᠬᠤᠰᠢᠭᠤᠨ ᠪᠤᠯ ᠲᠦᠷᠪᠡᠨ ᠢᠵᠠᠭᠤᠷᠲᠠᠨ ᠤ ᠨᠤᠶᠠᠷᠬᠠᠨ ᠵᠠᠬᠢᠷᠤᠭᠰᠠᠨ ᠭᠠᠵᠠᠷ ᠤᠷᠤᠨ ᠮᠦᠨ᠃ ᠤᠷᠢᠳᠤ ᠳᠠᠭᠠᠨ ᠲᠦᠷᠪᠡᠨ ᠬᠡᠤᠬᠡᠤᠨ ᠤᠨ ᠠᠶᠢᠮᠠᠭ ᠬᠡᠮᠡᠭᠳᠡᠵᠦ ᠪᠠᠶᠢᠪᠠ᠃ ᠦᠪᠦᠷ ᠮᠤᠩᠭᠤᠯ ᠤᠨ ᠨᠤᠮ ᠤᠨ ᠰᠠᠩ  ᠳᠤ ᠬᠠᠳᠠᠭᠠᠯᠠᠵᠤ ᠪᠠᠶᠢᠭᠰᠠᠨ ᠪᠦᠬᠦ ᠤᠷᠤᠨ ᠤ ᠡᠯ᠎ᠡ ᠬᠤᠰᠢᠭᠤ ᠰᠢᠶᠠᠨ ᠤ ᠲᠤᠪᠴᠢ ᠲᠡᠤᠬᠡᠨ ᠲᠡᠮᠳᠡᠭᠯᠡᠯ ᠳᠤ ᠪᠢᠴᠢᠭᠰᠡᠨ ᠢ ᠦᠨᠳᠦᠰᠦᠯᠡᠪᠡᠯ᠂ ᠶᠤᠸᠠᠨ ᠤᠯᠤᠰ ᠤᠨ ᠲᠠᠶᠢᠽᠦ ᠴᠢᠩᠭᠢᠰ ᠬᠠᠭᠠᠨ ᠤ ᠳᠡᠭᠦᠤ ᠬᠠᠪᠤᠲᠤ ᠬᠠᠰᠠᠷ ᠤᠨ ᠠᠷᠪᠠᠨ ᠲᠠᠪᠤᠳᠤᠭᠠᠷ ᠦᠶ᠎ᠡ ᠶᠢᠨ ᠠᠴᠢ ᠨᠤᠶᠠᠨᠲᠠᠢ ᠲᠦᠷᠪᠡᠨ ᠬᠦᠪᠡᠭᠦᠨ ᠲᠠᠢ᠄ ᠠᠬᠠᠮᠠᠤᠨ ᠬᠦᠪᠡᠭᠦᠨ ᠰᠡᠩᠭᠡ᠂ ᠴᠤᠯᠠ ᠠᠨᠤ ᠮᠡᠷᠭᠡᠨ ᠬᠤᠰᠢᠭᠤᠴᠢ᠃ ᠳᠡᠳ᠋ ᠬᠦᠪᠡᠭᠦᠨ ᠰᠤᠨᠤᠮ᠂ ᠴᠤᠯᠤ ᠠᠨᠤ ᠲᠠᠷᠬᠠᠨ ᠲᠠᠶᠢᠵᠢ᠃ ᠭᠤᠳᠤᠭᠠᠷ ᠬᠦᠪᠡᠭᠦᠨ ᠤᠮᠪᠤ᠂ ᠴᠤᠯᠠ ᠠᠨᠤ ᠪᠦᠬᠡ ᠲᠠᠶᠢᠵᠢ᠃ ᠲᠦᠳᠦᠭᠡᠷ ᠬᠦᠪᠡᠭᠦᠨ ᠢᠷᠵᠢᠮ᠂ ᠴᠤᠯᠠ ᠠᠨᠤ ᠮᠡᠷᠭᠡᠨ ᠲᠠᠶᠢᠵᠢ ᠭᠡᠮᠡᠮᠤᠢ᠃ ᠡᠳᠡᠨᠤᠰ ᠤᠭ ᠲᠠᠭᠠᠨ ᠬᠦᠯᠦᠨ ᠪᠤᠶᠢᠷ ᠤᠨ ᠲᠠᠯ᠎ᠠ ᠨᠤᠲᠤᠭ ᠲᠤ ᠠᠮᠢᠳᠤᠷᠠᠵᠤ ᠪᠠᠶᠢᠵᠠᠢ᠃ ᠬᠤᠵᠢᠮ ᠨᠢ ᠤᠯᠠᠨ ᠵᠢᠯ ᠤᠨ ᠲᠠᠶᠢᠨ ᠳᠠᠵᠢᠨ ᠠᠴᠠ ᠪᠤᠯᠵᠤ ᠲᠤᠰ ᠭᠠᠵᠠᠷ ᠲᠤ ᠨᠡᠭᠦᠳᠡᠯᠯᠡᠨ ᠢᠷᠡᠵᠦ ᠨᠤᠲᠤᠭᠰᠢᠭᠰᠠᠨ ᠪᠠᠶᠢᠨ᠎ᠠ᠃    ᠨᠡᠶᠢᠲᠡ ᠶᠢᠨ ᠤᠨ ᠲᠤᠭᠠᠯᠠᠯ ᠤᠨ1634 ᠤᠨ ᠳᠤ᠂ ᠳᠠᠶᠢᠴᠢᠩ ᠭᠦᠷᠦᠨ ᠤ ᠲᠠᠶᠢᠼᠦ᠋ᠡᠭ ᠬᠠᠭᠠᠨ ᠬᠤᠸᠠᠩ  ᠲᠠᠢ ᠵᠢᠢ ᠲᠡᠭᠷᠢ ᠶᠢᠨ ᠰᠡᠴᠡᠨ ᠤ ᠵᠠᠷᠯᠢᠭ ᠢᠶᠠᠷ ᠭᠤᠳᠤᠭᠠᠷ ᠬᠦᠪᠡᠭᠦᠨ ᠤᠮᠪᠤ ᠶᠢ ᠲᠦᠷᠪᠡᠨ ᠬᠡᠤᠬᠡᠤᠨ ᠤᠨ ᠠᠶᠢᠮᠠᠭ  ᠤᠨ ᠵᠠᠰᠠᠭ ᠡᠷᠭᠦᠮᠵᠢᠯᠡᠵᠦ᠂ ᠲᠦᠷᠪᠡᠨ ᠬᠡᠤᠬᠡᠤᠨ ᠤᠨ ᠠᠶᠢᠮᠠᠭ ᠢ ᠵᠠᠬᠢᠷᠤᠭᠤᠯᠪᠠ᠃ ᠲᠤᠰ ᠬᠤᠰᠢᠭᠤᠨ ᠤ ᠬᠠᠮᠤᠭ ᠰᠡᠭᠦᠯᠴᠢ ᠶᠢᠨ ᠸᠠᠩ ᠰᠤᠤᠨᠨᠠᠮᠴᠤᠭᠵᠢᠯ 1957 ᠤᠨ ᠳᠤ ᠨᠠᠰᠤ ᠪᠠᠷᠠᠪᠠ᠃ ᠸᠠᠩ ᠤᠨ ᠤᠷᠳᠤᠨ ᠨᠢ ᠤᠳᠤ ᠶᠢᠨ ᠴᠠᠭᠠᠨᠪᠤᠯᠠᠭ ᠰᠤᠮᠤ ᠳᠤ ᠪᠠᠶᠢᠨ᠎ᠠ᠃
 
ᠢᠷᠡᠯᠲᠡ᠄ 《ᠲᠦᠷᠪᠡᠤᠨ ᠤᠨ ᠰᠤᠶᠤᠯ ᠲᠡᠤᠬᠡ ᠶᠢᠨ ᠬᠡᠯᠬᠢᠶᠡᠰᠦ》 ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2