ᠦᠷᠯᠦᠭᠡᠨ ᠤ ᠬᠤᠭᠤᠯᠠ ᠶᠢ ᠤᠮᠳᠤᠭᠠᠢᠢᠯᠠᠵᠦ ᠪᠤᠯᠬᠤ ᠦᠭᠡᠢ
ᠨᠡᠶᠢᠲᠡᠯᠡᠭᠰᠡᠨ ᠴᠠᠭ᠄
2021/7/29
                                             ᠦᠷᠯᠦᠭᠡᠨ ᠤ ᠬᠤᠭᠤᠯᠠ ᠶᠢ ᠤᠮᠳᠤᠭᠠᠢᠢᠯᠠᠵᠦ ᠪᠤᠯᠬᠤ ᠦᠭᠡᠢ      ᠠᠵᠢᠯ ᠤᠨ ᠶᠠᠭᠠᠷᠠᠤ ᠪᠤᠶᠤ ᠰᠤᠷᠭᠠᠭᠤᠯᠢ ᠳᠤ ᠶᠠᠪᠤᠬᠤ ᠴᠠᠭ ᠪᠠᠴᠢᠮ ᠵᠡᠷᠭᠡ ᠰᠢᠯᠲᠠᠭᠠᠨ ᠠᠴᠠ ᠪᠤᠯᠵᠦ ᠮᠠᠰᠢ ᠤᠯᠠᠨ ᠬᠦᠮᠦᠰ ᠦᠷᠯᠦᠭᠡᠨ ᠤ ᠬᠤᠭᠤᠯᠠ ᠶᠢ ᠤᠮᠳᠤᠭᠠᠢᠢᠯᠠᠳᠠᠭ᠃ ᠲᠡᠳᠡ ᠦᠷᠯᠦᠭᠡᠨ ᠤ ᠬᠤᠭᠤᠯᠠ ᠨᠢ ᠵᠦᠪᠬᠡᠨ ᠭᠤᠷᠪᠠᠨ ᠡᠷᠢᠨ ᠤ ᠬᠤᠭᠤᠯᠠ ᠶᠢᠨ ᠨᠢᠭᠡ ᠲᠡᠳᠦᠢ᠂ ᠲᠤᠲᠠᠭᠤ ᠢᠳᠡᠭᠰᠡᠨ ᠴᠦ ᠬᠠᠮᠢᠶ᠎ᠡ ᠦᠭᠡᠢ ᠭᠡᠵᠦ ᠦᠵᠡᠳᠡᠭ᠂ ᠦᠨᠡᠨ ᠳᠡᠭᠡᠨ ᠪᠡᠶ᠎ᠡ ᠶᠢᠨ ᠡᠯ᠎ᠡ ᠡᠷᠬᠡᠲᠡᠨ ᠨᠢ ᠪᠦᠳᠦᠨ ᠨᠢᠭᠡ ᠰᠦᠨᠢ ᠶᠢᠨ ᠠᠵᠢᠯᠯᠠᠭ᠎ᠠ ᠶᠢ ᠦᠡᠭᠭᠡᠷᠡᠭᠡᠭᠡᠳ ᠰᠢᠮ᠎ᠡ ᠲᠡᠵᠢᠭᠡᠯ ᠨᠦᠬᠦᠪᠦᠷᠢᠯᠡᠬᠦ ᠮᠠᠰᠢ ᠴᠢᠬᠤᠯᠠᠲᠠᠢ ᠪᠠᠶᠢᠳᠠᠭ᠂ ᠲᠡᠶᠢᠮᠦ ᠠᠴᠠ ᠦᠷᠯᠦᠭᠡᠨ ᠤ ᠬᠤᠭᠤᠯᠠ ᠢᠳᠡᠬᠦ ᠦᠭᠡᠢ ᠪᠤᠯ ᠪᠡᠶ᠎ᠡ ᠮᠠᠬᠠᠪᠤᠳ ᠲᠤ ᠮᠠᠰᠢ ᠶᠡᠭᠡ ᠬᠤᠤᠷ ᠬᠦᠨᠦᠭᠡᠯ ᠢ ᠠᠪᠴᠢᠷᠠᠳᠠᠭ᠃ᠨᠢᠭᠡ᠂ ᠰᠢᠩᠭᠡᠭᠡᠯᠲᠡ ᠶᠢᠨ ᠡᠪᠡᠳᠴᠢᠨ ᠳᠤ ᠠᠮᠠᠷᠬᠠᠨ ᠨᠡᠷᠪᠡᠭᠳᠡᠨ᠎ᠡ        ᠦᠷᠯᠦᠭᠡ ᠶᠢᠨ ᠬᠤᠭᠤᠯᠠ ᠢᠳᠡᠬᠦ ᠦᠭᠡᠢ ᠪᠤᠯ ᠦᠳᠡ ᠳᠤ ᠢᠯᠡᠭᠦᠤ ᠢᠳᠡᠬᠦ ᠪᠤᠯᠤᠮᠵᠢ ᠨᠢ ᠶᠡᠭᠡ᠃ ᠡᠭᠦᠨ ᠠᠴᠠ ᠪᠤᠯᠵᠦ ᠬᠤᠳᠤᠭᠤᠲᠦ ᠭᠡᠳᠡᠰᠦᠨ ᠤ ᠳᠠᠷᠤᠭᠠᠰᠦ ᠬᠦᠨᠳᠦᠷᠡᠵᠦ᠂ ᠬᠤᠳᠤᠭᠤᠳᠤᠨ ᠦᠷᠪᠢᠰᠦᠯ᠂ ᠬᠤᠳᠤᠭᠤᠲᠤᠨ ᠰᠢᠷᠬᠠᠯᠠᠭ᠎ᠠ᠂ ᠰᠢᠩᠭᠡᠭᠡᠯᠲᠡ ᠮᠠᠭᠤᠲᠠᠬᠤ ᠵᠡᠷᠭᠡ ᠡᠪᠡᠳᠴᠢᠨ ᠢ ᠡᠭᠦᠰᠭᠡᠵᠦ ᠮᠡᠳᠡᠨ᠎ᠡ᠃ᠬᠤᠶᠠᠷ᠂ ᠲᠠᠷᠢᠬᠢᠨ ᠤ ᠴᠢᠳᠠᠮᠵᠢ ᠶᠢ ᠪᠠᠭᠤᠷᠠᠭᠤᠯᠵᠦ᠂ ᠲᠠᠷᠢᠬᠢᠨ ᠤ ᠪᠤᠶᠢᠵᠢᠯᠲᠠ ᠪᠠ ᠤᠶᠤᠨ ᠴᠢᠳᠠᠯ ᠢ ᠨᠦᠯᠦᠭᠡᠯᠡᠨ᠎ᠡ        ᠦᠯᠦᠰᠬᠦ ᠦᠶ᠎ᠡ ᠳᠤ᠂ ᠬᠦᠮᠦᠨ ᠤ ᠪᠡᠶ᠎ᠡ ᠶᠢᠨ ᠴᠢᠰᠦᠨ ᠰᠢᠬᠢᠷ ᠪᠠᠭᠤᠷᠠᠬᠤ᠂ ᠲᠤᠯᠤᠭᠠᠢ ᠡᠷᠬᠢᠬᠦ᠂ ᠴᠡᠭᠡᠵᠢᠯᠡᠬᠦ ᠴᠢᠳᠠᠪᠤᠷᠢ ᠮᠠᠭᠤᠲᠠᠬᠤ᠂ ᠠᠩᠬᠠᠷᠤᠯ ᠲᠦᠪᠯᠡᠷᠡᠵᠦ ᠴᠢᠳᠠᠬᠤ ᠦᠭᠡᠢ ᠵᠡᠷᠭᠡ ᠢᠯᠡᠷᠡᠯ ᠡᠭᠦᠰᠬᠦ ᠪᠦᠭᠡᠳ ᠠᠮᠠᠷᠬᠠᠨ ᠶᠠᠳᠠᠷᠠᠳᠠᠭ ᠠᠴᠠ ᠶᠡᠭᠡ ᠲᠡᠷᠢᠬᠢᠨ ᠤ ᠠᠵᠢᠯᠯᠠᠭ᠎ᠠ ᠶᠢ ᠨᠦᠯᠦᠭᠡᠯᠡᠵᠦ᠂ ᠤᠶᠤᠨ ᠴᠢᠳᠠᠯ ᠢ ᠪᠠᠭᠤᠷᠠᠭᠤᠯᠤᠨ᠎ᠡ᠃ᠭᠤᠷᠪᠠ᠂ ᠰᠦᠰᠦᠨ ᠤ ᠴᠢᠯᠠᠭᠤᠵᠢᠯ ᠳᠤ ᠠᠮᠠᠷᠬᠠᠨ ᠨᠡᠷᠪᠡᠭᠳᠡᠨ᠎ᠡ       ᠦᠷᠯᠦᠭᠡᠨ ᠤ ᠬᠤᠭᠤᠯᠠ ᠢᠳᠡᠬᠦ ᠪᠠᠶᠢᠳᠠᠯ ᠲᠤᠤᠷ᠎ᠠ᠂ ᠰᠦᠰᠦᠨ ᠤᠭᠤᠳᠠ ᠠᠪᠴᠢᠵᠦ᠂ ᠰᠦᠰᠦᠨ ᠤ ᠭᠤᠨᠠᠨ ᠠᠯᠺᠤᠤᠯ ᠨᠢ ᠰᠦᠰᠦᠨ ᠰᠢᠩᠭᠡᠨ ᠢ ᠳᠠᠭᠠᠯᠳᠤᠨ ᠪᠡᠶ᠎ᠡ ᠶᠢᠨ ᠭᠠᠳᠠᠨ᠎ᠡ ᠢᠯᠭᠠᠷᠠᠨ ᠭᠠᠷᠳᠠᠭ᠃ ᠬᠡᠷᠪᠡ ᠬᠤᠳᠤᠭᠤᠲᠦ ᠭᠡᠳᠡᠰᠦ ᠦᠯᠦᠨ ᠬᠤᠭᠤᠰᠤᠨ ᠪᠤᠯ᠂ ᠪᠡᠶ᠎ᠡ ᠲᠤᠳᠤᠷᠠᠬᠢ ᠰᠦᠰᠦᠨ ᠤ ᠭᠤᠨᠠᠨ ᠠᠯᠺᠤᠤᠯ ᠤᠨ ᠦᠳᠬᠡᠴᠡ ᠨᠢ ᠲᠤᠩ ᠦᠨᠳᠦᠷ ᠪᠠᠶᠢᠵᠦ᠂ ᠰᠦᠰᠦᠨ ᠤ ᠤᠭᠤᠲᠠ ᠠᠪᠴᠢᠬᠤ ᠦᠭᠡᠢ ᠪᠤᠯᠵᠦ᠂ ᠤᠷᠲᠦ ᠬᠤᠭᠤᠴᠠᠭ᠎ᠠ ᠪᠤᠯᠪᠠᠯ ᠰᠦᠰᠦᠨ ᠤ ᠴᠢᠯᠠᠭᠤᠵᠢᠯ ᠳᠤ ᠠᠮᠠᠷᠬᠠᠨ ᠨᠡᠷᠪᠡᠭᠳᠡᠨ᠎ᠡ᠃ᠲᠦᠷᠪᠡ᠂ ᠮᠠᠷᠢᠶ᠎ᠡ ᠰᠢᠭᠤᠷᠠᠭᠤᠯᠬᠤ ᠳᠤ ᠬᠦᠴᠢᠷ ᠪᠤᠯᠤᠨ᠎ᠡ    ᠵᠠᠷᠢᠮ ᠬᠦᠮᠦᠨ ᠦᠷᠯᠦᠭᠡᠨ ᠤ ᠬᠤᠭᠤᠯᠠ ᠢᠳᠡᠬᠦ ᠦᠭᠡᠢ ᠪᠤᠯ ᠪᠡᠶ᠎ᠡ ᠳᠠᠬᠢ ᠢᠯᠴᠢ ᠶᠢᠨ ᠬᠡᠮᠵᠢᠶ᠎ᠡ ᠪᠠᠭᠠᠰᠴᠦ᠂ ᠮᠠᠷᠢᠶ᠎ᠡ ᠰᠢᠭᠤᠷᠠᠭᠤᠯᠬᠤ ᠳᠤ ᠲᠤᠰᠠᠲᠠᠢ ᠭᠡᠵᠦ ᠦᠵᠡᠳᠡᠭ᠃ ᠦᠨᠡᠨ ᠳᠡᠭᠡᠨ ᠦᠷᠯᠦᠭᠡᠨ ᠤ ᠬᠤᠭᠤᠯᠠ ᠢᠳᠡᠬᠦ ᠦᠭᠡᠢ ᠪᠤᠯ ᠦᠳᠡ ᠶᠢᠨ ᠦᠶ᠎ᠡ ᠳᠤ ᠬᠡᠳᠦᠷᠡᠬᠡᠢ ᠦᠯᠦᠰᠦᠭᠰᠡᠨ ᠠᠴᠠ ᠪᠤᠯᠵᠦ ᠦᠪᠡᠷ ᠤᠨ ᠡᠷᠬᠡ ᠦᠭᠡᠢ ᠬᠡᠳᠦᠷᠡᠲᠡᠯ᠎ᠡ ᠢᠳᠡᠵᠦ ᠪᠡᠶ᠎ᠡ ᠮᠠᠬᠠᠪᠤᠳ ᠤᠨ ᠢᠯᠴᠢ ᠶᠢᠨ ᠬᠡᠮᠵᠢᠶ᠎ᠡ ᠶᠢ ᠨᠡᠩ ᠢᠯᠡᠭᠦᠤ ᠨᠡᠮᠡᠭᠳᠡᠭᠦᠯᠵᠦ᠂ ᠮᠠᠷᠢᠶ᠎ᠡ ᠰᠢᠭᠤᠷᠠᠭᠤᠯᠵᠦ ᠲᠡᠶᠢᠯᠬᠦ ᠦᠭᠡᠢ ᠮᠦᠷᠲᠡᠭᠡᠨ ᠭᠡᠳᠡᠷᠭᠦ ᠪᠠᠨ ᠮᠠᠷᠢᠶᠠᠯᠠᠭᠤᠯᠳᠠᠭ᠃ᠲᠡᠪᠤ᠂ ᠲᠦᠷᠭᠡᠨ ᠦᠲᠡᠯᠦᠭᠦᠯᠦᠨ᠎ᠡ      ᠦᠷᠯᠦᠭᠡᠨ ᠤ ᠬᠤᠭᠤᠯᠠ ᠢᠳᠡᠬᠦ ᠦᠭᠡᠢ ᠪᠤᠯ ᠬᠦᠮᠦᠨ ᠤ ᠪᠡᠶ᠎ᠡ ᠵᠦᠪᠬᠡᠨ ᠪᠡᠶ᠎ᠡ ᠲᠤᠳᠤᠷ᠎ᠡ ᠬᠠᠳᠠᠭᠠᠯᠠᠬᠳᠠᠵᠦ ᠪᠠᠶᠢᠭ᠎ᠠ ᠰᠢᠬᠢᠷ ᠪᠠ ᠤᠭᠤᠷᠠᠭ ᠢ ᠬᠡᠷᠡᠭᠯᠡᠳᠡᠭ ᠪᠤᠯᠬᠤᠷ᠂ ᠤᠳᠠᠭᠠᠨ ᠬᠤᠨᠤᠭ ᠦᠷᠭᠦᠯᠵᠢᠯᠡᠪᠡᠯ᠂ ᠠᠷᠠᠰᠦ ᠬᠠᠭᠤᠷᠠᠶᠢᠰᠢᠬᠤ᠂ ᠠᠲᠤᠷᠢᠶ᠎ᠡ ᠭᠠᠷᠬᠤ ᠪᠠ ᠴᠢᠰᠤ ᠲᠤᠲᠠᠬᠤ ᠪᠠᠶᠢᠳᠠᠯ ᠢ ᠡᠭᠦᠰᠭᠡᠵᠦ᠂ ᠦᠲᠡᠯᠭᠦ ᠶᠢ ᠲᠦᠷᠭᠡᠳᠭᠡᠨ᠎ᠡ᠃ᠵᠢᠷᠭᠤᠭ᠎ᠠ᠂ ᠤᠷᠲᠦ ᠨᠠᠰᠤᠯᠠᠬᠤ ᠶᠢ ᠨᠦᠯᠦᠭᠡᠯᠡᠨ᠎ᠡ     ᠦᠷᠯᠦᠭᠡ ᠶᠢᠨ ᠬᠤᠭᠤᠯᠠ ᠢᠳᠡᠬᠦ ᠦᠭᠡᠢ ᠪᠤᠯ ᠬᠦᠮᠦᠨ ᠤ ᠪᠡᠶ᠎ᠡ ᠶᠢᠨ ᠠᠮᠢᠳᠤ ᠪᠤᠳᠠᠰ ᠤᠨ ᠴᠠᠭ ᠤᠨ ᠬᠡᠪ ᠤᠨ ᠡᠷᠬᠢᠯᠲᠡ ᠶᠢ ᠰᠠᠮᠠᠷᠠᠭᠤᠯᠵᠦ᠂ ᠪᠡᠶ᠎ᠡ ᠮᠠᠬᠠᠪᠤᠳ ᠤᠨ ᠬᠡᠷᠡᠭᠰᠡᠬᠦ ᠰᠢᠮ᠎ᠡ ᠲᠡᠵᠢᠭᠡᠯ ᠢ ᠴᠠᠭ ᠲᠤᠬᠠᠢ ᠳᠤᠨᠢ ᠨᠦᠬᠦᠪᠦᠷᠢᠯᠡᠵᠦ ᠲᠡᠶᠢᠯᠬᠦ ᠦᠭᠡᠢ ᠪᠤᠯᠵᠦ᠂ ᠹᠢᠽᠢᠤᠯᠤᠬᠢ ᠶᠢᠨ ᠠᠵᠢᠯᠯᠠᠭ᠎ᠠ ᠨᠢ ᠴᠦ ᠳᠠᠭᠠᠯᠳᠤᠨ ᠲᠤᠷᠦ᠋ᠢᠲᠠᠨ ᠪᠠᠭᠤᠷᠠᠭᠠᠳ᠂ ᠬᠦᠮᠦᠰ ᠤᠨ ᠤᠷᠲᠦ ᠨᠠᠰᠤᠯᠠᠬᠤ ᠶᠢ ᠨᠦᠯᠦᠭᠡᠯᠡᠨ᠎ᠡ᠃ᠢᠷᠡᠯᠳᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠤ ᠰᠦᠯᠵᠢᠶ᠎ᠠᠳᠡᠪᠰᠢᠭᠦᠯᠦᠭᠴᠢ᠄ ᠬᠠᠶᠢᠷ᠎ᠠ 
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2