ᠠᠪᠤ ᠶᠢᠨ ᠵᠢᠭᠡᠯᠡᠭᠰᠡᠨ ᠵᠣᠭᠤᠰ ᠢ  ᠬᠡᠦᠬᠡᠳ ᠨᠢ ᠵᠠᠪᠠᠯ ᠲᠥᠯᠥᠬᠦ ᠦᠦ︖
ᠨᠡᠶᠢᠲᠡᠯᠡᠭᠰᠡᠨ ᠴᠠᠭ᠄
2023/11/23
ᠠᠪᠤ ᠶᠢᠨ ᠵᠢᠭᠡᠯᠡᠭᠰᠡᠨ ᠵᠣᠭᠤᠰ ᠢ  ᠬᠡᠦᠬᠡᠳ ᠨᠢ ᠵᠠᠪᠠᠯ ᠲᠥᠯᠥᠬᠦ ᠦᠦ︖                  ᠬᠡᠷᠡᠭ ᠤᠨ ᠵᠢᠱᠢᠶ᠎ᠡ                 ᠸᠠᠩ ᠨᠠᠰᠤᠲᠠᠨ ᠠᠮᠢᠳᠤ ᠪᠠᠶᠢᠬᠤ ᠳᠠᠭᠠᠨ ᠰᠢᠶᠣᠤ ᠮᠢᠩ ᠠᠴᠠ 20 ᠲᠦᠮᠡᠨ ᠲᠥᠭᠦᠷᠢᠭ ᠵᠢᠭᠡᠯᠡᠵᠦ᠂  ᠰᠢᠶᠣᠤ  ᠮᠢᠩ ᠣᠯᠠᠨ ᠤᠳᠠᠭ᠎ᠠ ᠨᠡᠬᠡᠭᠰᠡᠨ ᠪᠤᠯᠪᠠᠴᠤ ᠪᠤᠴᠠᠭᠠᠭᠰᠠᠨ‌ᠦᠭᠡᠢ᠃ ᠸᠠᠩ ᠨᠠᠰᠤᠲᠠᠨ ᠨᠠᠰᠤ ᠪᠠᠷᠠᠭᠰᠠᠨ ᠤ  ᠲᠠᠷᠠᠭ᠎ᠠ᠂  ᠰᠢᠶᠤᠤ  ᠮᠢᠩ ᠸᠠᠩ ᠨᠠᠰᠤᠲᠠᠨ ᠤ ᠬᠦᠦ ᠰᠢᠶᠤᠤ ᠸᠠᠩ ᠢ ᠰᠢᠭᠦᠬᠦ ᠬᠤᠷᠢᠶᠠᠨ ᠳᠤ ᠵᠠᠭᠠᠯᠳᠤᠵᠦ᠂ ᠰᠢᠶᠤᠤ ᠸᠠᠩ ᠡᠴᠢᠭᠡ ᠶᠢᠨ ᠢᠶᠠᠨ 20 ᠲᠦᠮᠡᠨ‌‍ᠲ᠋ᠥ᠋ᠭᠦᠷᠢᠭ ᠤᠨ  ᠵᠢᠭᠡᠯᠡᠯᠭᠡ ᠶᠢ  ᠪᠤᠴᠠᠭᠠᠬᠤ  ᠬᠠᠷᠢᠭᠤᠴᠠᠯᠭ᠎ᠠ  ᠡᠭᠦᠷᠭᠡᠯᠡᠬᠦ  ᠬᠡᠷᠡᠭᠲᠡᠢ  ᠭᠡᠵᠦ  ᠱᠠᠭᠠᠷᠳᠠᠵᠠᠢ᠃  ᠰᠢᠶᠤᠤ  ᠸᠠᠩ‌‍ᠲ᠋ᠤᠬᠠᠢ ᠵᠢᠨ‌‍ᠲ᠋ᠢᠩᠬᠢᠮ ᠳᠤ  ᠡᠴᠢᠭᠡ ᠶᠢᠨ   ᠢᠶᠠᠨ  ᠥᠪ  ᠬᠥᠷᠤᠩᠭᠡ ᠶᠢ  ᠵᠠᠯᠭᠠᠮᠵᠢᠯᠠᠬᠤ ᠪᠠᠨ  ᠪᠤᠯᠢᠨ᠎ᠠ᠂   ᠡᠴᠢᠭᠡ ᠶᠢᠨ ᠵᠶ᠋ᠠᠨ‌ᠥᠭᠴᠡᠭᠡ ᠶᠢ ᠡᠭᠦᠷᠭᠡᠯᠡᠬᠦ ᠦᠭᠡᠢ ᠭᠡᠵᠦ  ᠢᠯᠡᠷᠬᠡᠶᠢᠯᠡᠵᠡᠢ᠃  ᠲᠡᠭᠡᠪᠡᠯ᠂  ᠰᠢᠶᠤᠤ  ᠸᠠᠩ  ᠡᠴᠢᠬᠡ ᠶᠢᠨ ᠢᠶᠠᠨ  ᠥᠭᠴᠡᠭᠡ ᠳᠤ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠶ ᠦᠦ︖                 ᠬᠠᠤᠯᠢ ᠢᠶᠠᠷ ᠲᠠᠶᠢᠯᠪᠤᠷᠢᠯᠠᠬᠤ ᠨᠢ                ᠬᠡᠷᠡᠭ ᠥᠬᠡᠶ᠃ ᠢᠷᠭᠡᠨ ᠤ ᠬᠠᠤᠯᠢ ᠶᠢᠨ ᠪᠢᠴᠢᠭ ᠤᠨ ᠵᠠᠭᠤ ᠵᠢᠷᠠᠨ ᠨᠢᠭᠡᠳᠦᠭᠡᠷ ᠵᠦᠢᠯ ᠳᠤ᠂  ᠥᠪ  ᠵᠠᠯᠭᠠᠮᠵᠢᠯᠠᠭᠴᠢ‌ᠣᠯᠤᠭᠰᠠᠨ ᠥᠪ ᠬᠦᠷᠦᠩᠭᠡ ᠶᠢᠨ ᠢᠶᠠᠨ ᠪᠣᠳᠠᠲᠤ ᠦᠷᠳᠡᠭ ᠢᠶᠠᠷ ᠬᠢᠵᠠᠭᠠᠷ ᠪᠣᠯᠭᠠᠵᠤ ᠥᠪ ᠵᠠᠯᠭᠠᠮᠵᠢᠯᠠᠭᠤᠯᠤᠭᠴᠢ ᠶᠢᠨ  ᠬᠠᠤᠯᠢ ᠶᠣᠰᠣᠭᠠᠷ ᠲᠤᠰᠢᠶᠠᠬᠤ ᠶᠣᠰᠣᠲᠠᠢ ᠭᠠᠶᠢᠯᠢ ᠶᠢᠨ ᠵᠣᠭᠤᠰ ᠪᠠ ᠥᠭᠴᠡᠭᠡ ᠶᠢ ᠲᠦᠯᠤᠵᠤ  ᠳᠠᠭᠤᠰᠬᠠᠨ᠎ᠠ  ᠭᠡᠵᠦ  ᠲᠣᠭᠲᠠᠭᠠᠵᠠᠢ᠃ ᠥᠪ ᠬᠦᠷᠦᠩᠬᠡ ᠶᠢᠨ ᠪᠣᠳᠠᠲᠤ ᠦᠷᠲᠡᠭ ᠠᠴᠠ  ᠬᠡᠲᠦᠷᠡᠭᠰᠡᠨ  ᠬᠡᠰᠡᠭ ᠢ  ᠥᠪ  ᠵᠠᠯᠭᠠᠮᠵᠢᠯᠠᠭᠴᠢ  ᠰᠠᠶᠢᠨ  ᠳᠤᠷ᠎ᠠ ᠠᠴᠠ ᠪᠠᠨ ᠲᠦᠯᠦᠬᠦ ᠨᠢ ᠡᠭᠦᠨ ᠳᠤ ᠬᠢᠵᠠᠭᠠᠷᠯᠠᠭᠳᠠᠬᠤ ᠦᠭᠡᠢ᠃ ᠥᠪ  ᠵᠠᠯᠭᠠᠮᠵᠢᠯᠠᠭᠴᠢ ᠨᠢ  ᠥᠪ  ᠵᠠᠯᠭᠠᠮᠵᠢᠯᠠᠬᠤ  ᠦᠭᠡᠢ  ᠪᠣᠯ  ᠥᠪ‌ᠵᠠᠯᠭᠠᠮᠵᠢᠯᠠᠭᠤᠯᠤᠭᠴᠢ ᠶᠢᠨ  ᠬᠠᠤᠯᠢ  ᠶᠣᠰᠣᠭᠠᠷ  ᠲᠤᠰᠢᠶᠠᠪᠠᠰᠤ  ᠵᠣᠬᠢᠬᠤ  ᠭᠠᠶᠢᠯᠢ ᠶᠢᠨ  ᠮᠥᠩᠭᠦ  ᠪᠠ  ᠥᠷᠢ ᠶᠢ  ᠲᠥᠯᠥᠬᠦ ᠬᠠᠷᠢᠭᠤᠴᠠᠯᠭ᠎ᠠ ᠡᠭᠦᠷᠭᠡᠯᠡᠬᠦ ᠦᠭᠡᠢ ᠪᠠᠶᠢᠵᠤ ᠪᠣᠯᠤᠨ᠎ᠠ᠃ᠢᠷᠡᠯᠲᠡ᠄  ᠠᠷᠠᠤᠨ ᠤᠨ ᠰᠦᠯᠵᠢᠶ᠎ᠡ ᠳᠡᠪᠰᠢᠭᠦᠯᠦᠭᠴᠢ᠄  ᠲᠡᠷᠭᠡᠯ 
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2