ᠨᠣᠶᠢᠷ ᠬᠤᠯᠵᠢᠳᠠᠭ ᠬᠥᠮᠥᠰ ᠡᠭᠦᠨ ᠢ ᠦᠵᠡᠭᠡᠷᠡᠢ︕
ᠨᠡᠶᠢᠲᠡᠯᠡᠭᠰᠡᠨ ᠴᠠᠭ᠄
2023/11/23
ᠨᠣᠶᠢᠷ ᠬᠤᠯᠵᠢᠳᠠᠭ ᠬᠥᠮᠥᠰ ᠡᠭᠦᠨ ᠢ ᠦᠵᠡᠭᠡᠷᠡᠢ︕                    ᠳᠤᠮᠳᠠᠳᠤ ᠤᠯᠤᠰ ᠤᠨ ᠤᠨᠲᠠᠯᠭ᠎ᠠ ᠶᠢᠨ  ᠰᠤᠳᠤᠯᠭᠠᠨ ᠤ  ᠨᠡᠶᠢᠭᠡᠮᠯᠢᠭ ᠤᠨ  ᠨᠡᠶᠢᠲᠡᠯᠡᠭᠰᠡᠨ  ᠲᠤᠭ᠎ᠠ  ᠪᠠᠷᠢᠮᠲᠠ ᠡᠴᠠ‌ᠦᠵᠡᠪᠡᠯ᠂ ᠳᠤᠮᠳᠠᠳᠤ ᠤᠯᠤᠰ ᠤᠨ ᠨᠠᠰᠤᠨ ᠳᠤ ᠭᠦᠷᠦᠭᠰᠡᠳ ᠤᠨ ᠨᠦᠢᠷ ᠬᠤᠯᠵᠢᠬᠤ ᠨᠣᠷᠮ᠎ᠠ 38.2% ᠬᠦᠷᠴᠡᠶ᠃                                     ᠨᠦᠢᠷ ᠬᠤᠯᠵᠢᠪᠠᠯ ᠶᠠᠭᠠᠬᠢᠬᠤ ᠪᠤᠢ︖ ᠬᠡᠷᠬᠢᠨ ᠲᠦᠷᠭᠡᠨ ᠤᠨᠲᠠᠬᠤ ᠪᠣᠢ︖                                      ᠨᠡᠶᠢᠰᠯᠡᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠬᠠᠷᠢᠶᠠᠲᠤ ᠪᠡᠭᠡᠵᠢᠩ ᠤᠨ  ᠠᠨ  ᠵᠧᠨ  ᠡᠮᠨᠡᠯᠭᠡ ᠵᠢᠨ‌ᠬᠤᠷᠢᠶᠠᠨ ᠤ ᠤᠨᠲᠠᠯᠭ᠎ᠠ ᠶᠢᠨ ᠠᠨᠠᠭᠠᠬᠤ ᠤᠬᠠᠭᠠᠨ ᠤ ᠲᠥᠪ ᠤᠨ ᠳᠡᠳ᠋ ᠡᠷᠬᠢᠯᠡᠭᠴᠢ ᠡᠮᠴᠢ  ᠰᠢ  ᠰᠢᠨ  ᠢᠯᠡᠷᠬᠡᠶᠢᠯᠡᠬᠦ ᠳᠡᠭᠡᠨ᠂ ᠨᠦᠢᠷ  ᠬᠤᠯᠵᠢᠬᠤ ᠶᠢ  ᠵᠠᠭᠠᠭᠯᠠᠨ  ᠲᠣᠭᠲᠠᠭᠠᠬᠤ  ᠲᠦᠢᠯ ᠤᠨ  ᠴᠢᠩᠭ᠎ᠠ  ᠪᠠᠷᠢᠮᠵᠢᠶ᠎ᠠ ᠲᠠᠢ  ᠪᠠᠶᠢᠳᠠᠭ᠂  ᠰᠠᠶᠢᠨ   ᠰᠠᠶᠢᠬᠠᠨ‌ᠤᠨᠲᠠᠯᠭ᠎ᠠ ᠶᠢᠨ ᠣᠷᠴᠢᠨ ᠨᠥᠬᠦᠴᠡᠯ ᠲᠠᠢ ᠪᠠᠶᠢᠬᠤ ᠤᠷᠢᠲᠠᠯ ᠲᠤᠤᠷ᠎ᠠ᠂  30  ᠮᠢᠨᠦ᠋ᠲ  ᠦᠩᠭᠡᠷᠡᠳᠡᠯ᠎ᠡ  ᠤᠨᠳᠠᠵᠦ  ᠲᠡᠶᠢᠯᠬᠦ‌ᠦᠬᠡᠢ ᠪᠠᠶᠢᠬᠤ᠂ ᠤᠨᠲᠠᠬᠤ ᠨᠢ ᠰᠡᠷᠭᠡᠭ ᠠᠮᠠᠷᠬᠠᠨ ᠰᠡᠷᠢᠬᠦ᠂ ᠤᠨᠲᠠᠬᠤ ᠴᠠᠭ  ᠨᠢ  ᠣᠬᠤᠷ  ᠪᠠᠶᠢᠬᠤ  ᠡᠪᠡᠳᠴᠢᠨ ᠤ  ᠢᠯᠡᠷᠡᠯ‌ᠭᠠᠷᠪᠠᠯ ᠰᠠᠶ᠋ᠢ ᠨᠦᠢᠷ ᠬᠤᠯᠵᠢᠭᠰᠠᠨ ᠢᠶᠠᠷ ᠣᠨᠣᠰᠢᠯᠠᠵᠤ ᠪᠤᠯᠤᠨ᠎ᠠ᠃                          ᠬᠡᠷᠪᠡ  ᠨᠦᠢᠷ  ᠬᠤᠯᠵᠢᠬᠤ  ᠪᠠᠶᠢᠳᠠᠯ  ᠢᠯᠡᠷᠡᠭᠰᠡᠨ  ᠪᠣᠯᠪᠠᠴᠤ  ᠮᠥᠨ  ᠯᠡ  ᠣᠷᠣᠨ  ᠳᠡᠭᠡᠷ᠎ᠡ ᠪᠠᠨ  ᠬᠡᠪᠲᠡᠭᠡᠳ‌ᠥᠪᠡᠷ ᠢ ᠪᠠᠨ ᠠᠯᠪᠠᠳᠠᠵᠤ ᠪᠠᠶᠢᠭᠠᠳ ᠤᠨᠲᠠᠭᠤᠯᠪᠠᠯ᠂ ᠮᠠᠰᠢ ᠶᠡᠭᠡ ᠳᠠᠷᠤᠯᠲᠠ ᠲᠠᠢ ᠪᠣᠯᠤᠨ᠎ᠠ᠃ ᠡᠩ ᠤᠨ ᠪᠠᠶᠢᠳᠠᠯ ᠳᠤ᠂  ᠬᠡᠷᠪᠡ‌ᠬᠠᠭᠠᠰ ᠴᠠᠭ ᠢᠯᠡᠭᠦᠦ ᠬᠡᠪᠲᠡᠭᠡᠳ ᠪᠠᠰᠠ ᠤᠨᠲᠠᠵᠤ ᠣᠷᠣᠬᠤ ᠦᠭᠡᠢ ᠪᠣᠯ ᠪᠣᠰᠬᠤ ᠶᠢ ᠰᠠᠨᠠᠭᠤᠯᠤᠶ᠎ᠠ᠃ ᠪᠢᠳᠡ  ᠤᠨᠲᠠᠬᠤ  ᠪᠠ‌ᠣᠷᠣ ᠶᠢᠨ ᠬᠤᠭᠤᠷᠣᠨᠳᠣᠬᠢ ᠪᠣᠯᠵᠣᠯᠳᠤ ᠣᠶᠢᠯᠲᠠ ᠶᠢ ᠪᠣᠢ ᠪᠣᠯᠭᠠᠵᠤ᠂ ᠨᠦᠢᠷ  ᠬᠦᠷᠬᠦ  ᠦᠶ᠎ᠡ ᠳᠤ  ᠨᠣᠶᠢᠷᠰᠤᠬᠤ  ᠬᠡᠷᠡᠭᠲᠡᠢ᠂ ᠡᠰᠡ ᠲᠡᠭᠡᠪᠡᠯ ᠣᠷᠣᠨ ᠳᠡᠭᠡᠷ᠎ᠡ ᠪᠠᠨ ᠠᠯᠪᠠᠳᠠᠯᠭ᠎ᠠ ᠪᠠᠷ ᠬᠡᠪᠲᠡᠵᠦ ᠪᠣᠯᠬᠤ ᠦᠭᠡᠢ᠂ ᠡᠭᠦᠨ ᠤ  ᠬᠠᠮᠲᠤ  ᠤᠨᠲᠠᠬᠤ ᠲᠠᠢ  ᠬᠠᠮᠢᠶ᠎ᠠ‌ᠦᠭᠡᠢ ᠶᠠᠪᠤᠳᠠᠯ ᠢ ᠬᠢᠵᠦ ᠪᠣᠯᠬᠤ ᠦᠭᠡᠢ᠂ ᠵᠢᠱᠢᠶᠡᠯᠡᠪᠡᠯ ᠭᠠᠷ ᠤᠲᠠᠰᠤ ᠨᠠᠭᠠᠳᠬᠤ ᠪᠤᠯᠬᠤ ᠦᠬᠡᠢ᠂ ᠶᠠᠭᠤᠮ᠎ᠠ ᠢᠳᠡᠵᠦ  ᠪᠣᠯᠬᠤ‌ᠦᠭᠡᠢ ᠭᠡᠵᠠᠢ᠃                            ᠨᠦᠢᠷ ᠬᠤᠯᠵᠢᠬᠤ ᠦᠶ᠎ᠡ ᠳᠤ ᠣᠯᠠᠩᠬᠢ ᠬᠥᠮᠦᠰ  ᠬᠤᠨᠢ  ᠲᠤᠭᠠᠯᠠᠳᠠᠭ᠃  ᠦᠨᠡᠨ ᠳᠡᠭᠡᠨ  ᠬᠤᠨᠢ  ᠲᠣᠭᠠᠯᠠᠬᠤ ᠨᠢ ᠬᠥᠮᠦᠰ ᠲᠤ ᠤᠯᠠᠮ ᠢᠯᠡᠬᠦᠤ ᠪᠠᠴᠢᠮᠳᠠᠬᠤ ᠰᠡᠳᠬᠢᠯᠭᠡ ᠶᠢ ᠠᠪᠴᠢᠷᠠᠵᠤ᠂ ᠨᠦᠢᠷ ᠬᠤᠯᠵᠢᠬᠤ ᠶᠢ ᠬᠦᠨᠳᠦᠷᠡᠭᠦᠯᠦᠨ᠎ᠡ᠃ ᠰᠢ ᠰᠢᠨ ᠵᠢᠭᠠᠬᠤ ᠳᠠᠭᠠᠨ᠂ ᠬᠠᠶᠠ ᠨᠦᠢᠷ ᠬᠤᠯᠵᠢᠬᠤ ᠨᠢ ᠬᠥᠮᠦᠨ ᠤ ᠪᠡᠶ᠎ᠡ ᠳᠤ ᠲᠡᠶᠢᠮᠦ ᠶᠡᠭᠡ ᠨᠥᠯᠥᠭᠡ ᠪᠣᠯᠬᠤ  ᠥᠬᠡᠶ᠂  ᠡᠶᠢᠮᠦ ᠡᠴᠡ‌‍ᠰᠠᠨᠠᠭᠠᠨ ᠳᠠᠭᠠᠨ ᠠᠪᠤᠭᠰᠠᠨ ᠤ ᠬᠡᠷᠡᠭ ᠥᠬᠡᠶ᠃ ᠬᠡᠷᠪᠡ ᠨᠦᠢᠷ ᠬᠤᠯᠵᠢᠬᠤ ᠳᠤ ᠬᠡᠲᠦᠷᠬᠡᠶ  ᠰᠠᠨᠠᠭ᠎ᠠ  ᠵᠣᠪᠠᠪᠠᠯ᠂  ᠭᠡᠳᠡᠷᠭᠦ ᠪᠡᠨ‌ᠦᠷᠭᠦᠯᠵᠢᠯᠡᠨ ᠨᠦᠢᠷ ᠬᠤᠯᠵᠢᠵᠤ᠂ ᠬᠤᠤᠷ ᠬᠥᠨᠥᠭᠡᠯ ᠤᠴᠠᠷᠠᠭᠤᠯᠬᠤ ᠪᠣᠯᠤᠨ᠎ᠠ᠃                                        ᠡᠶᠢᠮᠤ  ᠨᠢᠭᠡᠨ  ᠬᠥᠳᠡᠯᠭᠡᠭᠡᠨ ᠲᠠᠨ ᠢ ᠬᠤᠷᠳᠤᠨ ᠤᠨᠲᠠᠭᠤᠯᠤᠨ᠋ ᠎ᠠ                                  ᠰᠢᠭᠡᠵᠡᠶ ᠬᠤᠷᠤᠭᠤ  ᠪᠠᠷ ᠢᠶᠠᠨ ᠴᠢᠬᠢᠨ ᠤᠨᠵᠢᠯᠭ᠎ᠠ ᠶᠢ ᠲᠠᠷᠤᠵᠦ᠂  ᠪᠤᠰᠤᠳ  ᠬᠡᠳᠦᠨ  ᠬᠤᠷᠤᠭᠤ ᠪᠠᠨ  ᠠᠶᠠᠨᠳᠠᠭᠠᠨ‌‍ᠰᠤᠯᠠ ᠲᠠᠯᠪᠢᠨ᠎ᠠ᠂ ᠡᠨᠡ ᠦᠶ᠎ᠡ ᠳᠤ ᠳᠤᠮᠳᠠ ᠬᠤᠷᠤᠭᠤ ᠴᠢᠨᠢ ᠤᠨᠲᠠᠭᠤᠯᠬᠤ  ᠪᠠᠯᠴᠢᠷ  ᠢ  ᠳᠠᠷᠤᠬᠤ  ᠪᠣᠯᠬᠤᠷ  ᠤᠨᠲᠠᠭᠤᠯᠬᠤ ᠪᠠᠯᠴᠢᠷ ᠨᠢ ᠱᠠᠷᠬᠢᠷᠠᠵᠤ ᠴᠢᠨᠦᠷᠡᠬᠦ ᠮᠡᠲᠦ ᠰᠠᠨᠠᠭᠳᠠᠵᠤ᠂ ᠵᠢᠭᠠᠬᠠᠨ ᠳᠠᠷᠤᠭᠰᠠᠨ ᠤ  ᠳᠠᠷᠠᠭ᠎ᠠ  ᠨᠤᠶᠢᠷ  ᠬᠦᠷᠴᠦ  ᠡᠬᠢᠯᠡᠳᠡᠭ  ᠶᠤᠮ ᠭᠡᠵᠠᠢ᠃ᠢᠷᠡᠯᠲᠡ᠄  ᠠᠷᠠᠤᠨ ᠤᠨ ᠰᠦᠯᠵᠢᠶ᠎ᠡ ᠳᠡᠪᠰᠢᠭᠦᠯᠦᠭᠴᠢ᠄  ᠲᠡᠷᠭᠡᠯ 
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2