ᠮᠣᠩᠭᠤᠯᠴᠣᠳ ᠤᠨ ᠦᠯᠣᠭᠡᠢ ᠶᠢᠨ ᠶᠣᠰᠣᠨ
ᠨᠡᠶᠢᠲᠡᠯᠡᠭᠰᠡᠨ ᠴᠠᠭ᠄
2023/11/24
ᠮᠣᠩᠭᠤᠯᠴᠣᠳ ᠤᠨ ᠦᠯᠣᠭᠡᠢ ᠶᠢᠨ ᠶᠣᠰᠣᠨ                     ᠮᠣᠩᠭᠤᠯᠴᠣᠳ ᠨᠢᠯᠬ᠎ᠠ ᠬᠡᠣᠬᠡᠳ ᠢᠶᠠᠨ ᠦᠯᠣᠭᠡᠶᠢᠳᠡᠵᠣ ᠦᠰᠭᠡᠬᠦ ᠶᠢ ᠡᠷᠬᠢᠮᠯᠡᠳᠡᠭ᠃ ᠦᠯᠣᠭᠡᠢ ᠶᠢᠨ ᠬᠤᠶᠠᠷ ᠠᠷᠠᠯ ᠨᠢ ᠬᠤᠶᠠᠷ ᠲᠣᠬᠤᠢ ᠢᠯᠡᠭᠦᠣ ᠣᠷᠲᠣ᠂ ᠲᠣᠣᠷ᠎ᠠ ᠲᠠᠯ᠎ᠠ ᠨᠢ ᠬᠠᠭᠠᠰ ᠨᠣᠮᠣᠨ ᠬᠡᠯᠪᠡᠷᠢᠲᠠᠢ ᠮᠣᠳᠣᠨ ᠬᠠᠪᠲᠠᠰᠣ ᠪᠠᠷ ᠪᠦᠳᠦᠭᠰᠡᠨ ᠪᠦᠭᠡᠳ ᠬᠤᠶᠠᠷ ᠠᠷᠠᠯ ᠲᠡᠭᠡᠷ᠎ᠡ ᠨᠢ ᠭᠤᠶᠣᠮᠰᠤᠭ ᠵᠢᠵᠢᠭ ᠴᠣᠩᠬᠤ ᠣᠷᠠᠯᠠᠨ ᠵᠠᠰᠠᠭᠰᠠᠨ ᠪᠠᠶᠢᠳᠠᠭ᠃ ᠨᠣᠮᠣᠨ ᠬᠡᠯᠪᠡᠷᠢᠲᠠᠢ ᠠᠷᠠᠯ ᠤᠨ ᠢᠷᠣᠭᠠᠷ ᠨᠢ ᠦᠯᠣᠭᠡᠢ ᠪᠠᠨ ᠬᠦᠳᠡᠯᠭᠡᠬᠦ ᠳᠤ ᠦᠢᠯᠡᠳᠣᠯ ᠲᠠᠢ᠂ ᠠᠷᠠᠯ ᠲᠡᠭᠡᠷᠡᠬᠢ ᠵᠢᠵᠢᠭ ᠴᠣᠩᠬᠤ ᠨᠢ ᠨᠢᠯᠬ᠎ᠠ ᠬᠡᠣᠬᠡᠳ ᠢᠶᠠᠨ ᠲᠠᠷᠣᠨ ᠣᠶᠠᠬᠤ ᠳᠤ ᠬᠡᠷᠡᠭᠯᠡᠨ᠎ᠡ᠃   ᠦᠯᠣᠭᠡᠢ ᠬᠢᠬᠦ ᠮᠣᠳᠣ ᠶᠢ ᠵᠠᠪᠠᠯ ᠦᠷᠡᠯᠡᠬᠦ ᠮᠣᠳᠣ ᠰᠣᠩᠭᠤᠨ᠎ᠠ᠂ ᠦᠯᠣᠭᠡᠢ ᠶᠢᠨ ᠲᠣᠯᠣᠭᠠᠢ ᠨᠢ ᠬᠠᠪᠢᠷᠭᠠᠨ ᠰᠠᠷᠠ ᠬᠡᠯᠪᠡᠷᠢᠲᠠᠢ᠂ ᠪᠣᠷᠭᠠᠰᠣ ᠶᠢ ᠮᠠᠳᠠᠶᠢᠯᠭᠠᠭᠰᠠᠨ ᠤ ᠲᠠᠷᠠᠭ᠎ᠠ ᠣᠯᠠᠭᠠᠨ ᠪᠣᠶᠣ ᠴᠠᠭᠠᠨ ᠪᠦᠰ ᠢᠶᠠᠷ ᠪᠦᠷᠬᠦᠨ ᠣᠶᠣᠵᠣ᠂ ᠬᠦᠣ ᠪᠣᠯ ᠮᠣᠷᠢ᠂ ᠪᠦᠷᠭᠦᠳ ᠵᠡᠷᠭᠡ ᠠᠮᠢᠲᠠᠨ ᠣᠷᠠᠯᠠᠨ ᠣᠶᠣᠵᠣ᠂ ᠡᠷᠡᠯᠬᠡᠭ ᠪᠠᠭᠠᠲᠣᠷ ᠭᠡᠶᠢᠮᠤᠷᠢ ᠲᠠᠢ ᠪᠣᠯᠬᠤ ᠶᠢ ᠪᠡᠯᠭᠡᠳᠡᠳᠡᠭ ᠃ ᠦᠬᠢᠨ ᠪᠣᠯ ᠬᠤᠸᠠᠷ ᠴᠡᠴᠡᠭ᠂ ᠮᠣᠳᠣ ᠣᠷᠭᠤᠮᠠᠯ ᠬᠠᠳᠬᠤᠨ ᠣᠶᠣᠵᠣ᠂ ᠰᠡᠴᠡᠨ ᠰᠡᠷᠭᠦᠯᠡᠭ ᠭᠤᠶᠣ ᠬᠡᠭᠡᠨᠴᠢᠷ ᠪᠣᠯᠬᠤ ᠶᠢ ᠨᠢ ᠵᠦᠩᠨᠡᠳᠡᠭ᠃ ᠦᠯᠣᠭᠡᠢ ᠶᠢᠨ ᠲᠣᠯᠣᠭᠠᠢ ᠳᠤ ᠪᠠᠰᠠ ᠲᠣᠯᠢ᠂ ᠪᠠᠷᠰ ᠤᠨ ᠰᠠᠪᠠᠷ᠂ ᠢᠮᠠᠭᠠᠨ ᠡᠪᠡᠷ᠂ ᠬᠤᠨᠢᠨ ᠱᠠᠭ᠎ᠠ ᠡᠯᠭᠦᠳᠡᠭ ᠨᠢ ᠭᠠᠢ ᠪᠠᠷᠴᠢᠳ ᠢ ᠠᠷᠢᠯᠭᠠᠵᠣ᠂ ᠠᠮᠣᠷ ᠲᠠᠶᠢᠪᠣᠭ᠌ ᠢ ᠬᠦᠰᠡᠨ ᠪᠡᠯᠭᠡᠳᠡᠭᠰᠠᠨ ᠰᠠᠨᠠᠭ᠎ᠠ ᠪᠣᠯᠣᠨ᠎ᠠ᠃ ᠣᠳᠣ ᠴᠦ ᠭᠡᠳ ᠦᠯᠣᠭᠡᠢ ᠶᠢᠨ ᠲᠣᠯᠣᠭᠠᠢ ᠳᠤ ᠲᠣᠯᠢ ᠡᠯᠭᠦᠬᠦ ᠨᠢ ᠨᠡᠯᠢᠶᠡᠳ ᠬᠠᠳᠠᠭᠠᠯᠠᠭᠳᠠᠵᠣ ᠪᠠᠶᠢᠨ᠎ᠠ᠃ ᠬᠦᠣ ᠲᠠᠢ ᠪᠣᠯᠪᠠᠯ ᠨᠠᠭᠠᠴᠣ ᠠᠴᠠ ᠨᠢ ᠦᠯᠣᠭᠡᠢ ᠬᠦᠷᠭᠡᠳᠡᠭ᠂ ᠡᠨᠡ ᠨᠢ ᠡᠷᠲᠡᠨ ᠤ ᠦᠶ᠎ᠡ ᠶᠢᠨ ᠬᠦᠣ ᠶᠢ ᠬᠦᠨᠳᠣᠳᠬᠡᠵᠣ ᠬᠡᠣᠬᠡᠨ ᠢ ᠬᠦᠩᠭᠡᠪᠴᠢᠯᠡᠬᠦ ᠨᠠᠵᠠᠭᠠᠢ ᠲᠠᠯ᠎ᠠ ᠠᠴᠠ ᠪᠣᠯᠣᠭᠰᠠᠨ ᠪᠠᠶᠢᠬ᠎ᠠ᠃ ᠣᠳᠣ ᠨᠡᠶᠢᠭᠡᠮ ᠤᠨ ᠬᠦᠭᠵᠢᠯᠲᠡ ᠪᠣᠯᠣᠨ ᠡᠷᠡᠭᠲᠠᠢ ᠡᠮᠡᠭᠲᠠᠢ ᠶᠢ ᠡᠷᠬᠡ ᠲᠡᠭᠰᠢ ᠦᠵᠡᠬᠦ ᠪᠣᠯᠣᠭᠰᠠᠨ ᠠᠴᠠ ᠬᠦᠣ ᠬᠡᠣᠬᠡᠨ ᠭᠡᠵᠣ ᠢᠯᠭᠠᠯ ᠦᠭᠡᠢ᠂ ᠨᠠᠭᠠᠴᠣ ᠠᠴᠠ ᠨᠢ ᠦᠯᠣᠭᠡᠢ ᠬᠦᠷᠭᠡᠵᠣ᠂ ᠬᠠᠶᠢᠷᠠᠯᠠᠨ ᠰᠠᠨᠠᠵᠣ ᠪᠠᠶᠢᠬᠤ ᠰᠡᠳᠬᠢᠯ ᠢᠶᠠᠨ ᠢᠯᠡᠳᠬᠡᠬᠦ ᠪᠣᠯᠵᠠᠢ ᠃ ᠪᠠᠰᠠ ᠵᠠᠷᠢᠮ ᠨᠢ ᠰᠢᠨ᠎ᠡ ᠦᠯᠣᠭᠡᠢ ᠬᠡᠷᠡᠭᠯᠡᠬᠦ ᠦᠭᠡᠢ᠂ ᠲᠣᠰᠬᠠᠶᠢᠯᠠᠨ ᠣᠯᠠᠨ ᠬᠡᠣᠬᠡᠳ ᠦᠯᠣᠭᠡᠶᠢᠳᠡᠵᠣ ᠦᠩᠭᠡᠷᠡᠭᠰᠡᠨ ᠦᠯᠣᠭᠡᠢ ᠵᠢᠭᠡᠯᠡᠵᠣ ᠦᠯᠣᠭᠡᠶᠢᠳᠡᠳᠡᠭ᠂ ᠣᠯᠠᠨ ᠬᠡᠣᠬᠡᠳ ᠦᠯᠣᠭᠡᠶᠢᠳᠡᠵᠣ ᠦᠰᠭᠡᠭᠰᠡᠨ ᠦᠯᠣᠭᠡᠢ ᠬᠡᠣᠬᠡᠳ ᠲᠤᠨᠢ ᠦᠯᠵᠡᠢ ᠪᠡᠯᠭᠡ ᠠᠪᠴᠢᠷᠠᠨ᠎ᠠ ᠭᠡᠵᠣ ᠦᠵᠡᠳᠡᠭ᠃      ᠦᠯᠣᠭᠡᠢ ᠶᠢᠨ ᠲᠡᠪᠢᠰᠭᠡᠷ ᠢ ᠵᠣᠬᠢᠶᠠᠬᠤ ᠳᠠᠭᠠᠨ ᠴᠡᠪᠡᠷᠯᠡᠵᠦ ᠬᠠᠳᠠᠭᠠᠭᠰᠠᠨ ᠰᠠᠭᠠᠭ ᠤᠨ ᠬᠠᠯᠢᠰᠣ ᠶᠢ ᠪᠦᠰ ᠣᠭᠤᠲᠠᠨ ᠳᠤ ᠰᠠᠪᠠᠯᠠᠵᠣ ᠣᠶᠣᠭᠠᠳ ᠬᠠᠮᠤᠭ ᠤᠨ ᠲᠣᠣᠷ᠎ᠠ ᠨᠢ ᠲᠡᠪᠢᠰᠣᠨ᠎ᠡ᠃ ᠡᠨᠡ ᠨᠢ ᠴᠢᠬᠢᠭ ᠢ ᠰᠡᠷᠭᠡᠶᠢᠯᠡᠵᠣ᠂ ᠬᠠᠯᠠᠭᠤᠨ ᠢ ᠲᠠᠷᠬᠠᠭᠠᠬᠤ ᠦᠢᠯᠡᠳᠣᠯ ᠲᠠᠢ᠃ ᠲᠠᠷᠠᠭ᠎ᠠ ᠨᠢ ᠬᠤᠴᠢᠯᠭ᠎ᠠ ᠶᠢᠨ ᠨᠢᠭᠡ ᠦᠵᠣᠭᠦᠷ ᠢ ᠦᠯᠣᠭᠡᠢ ᠶᠢᠨ ᠲᠣᠯᠣᠭᠠᠢ ᠣᠷᠣᠭᠤ ᠬᠠᠨᠳᠣᠭᠤᠯᠤᠨ ᠲᠡᠯᠭᠡᠵᠦ ᠲᠠᠯᠪᠢᠭᠠᠳ᠂ ᠲᠡᠭᠡᠷ᠎ᠡ ᠨᠢ ᠬᠠᠯᠠᠭᠤᠯᠵᠣ ᠬᠠᠭᠤᠷᠠᠶᠢᠯᠠᠭᠰᠠᠨ ᠮᠠᠩᠬᠠᠨ ᠰᠢᠷᠣᠢ ᠪᠠᠨ ᠲᠡᠭᠰᠢᠯᠡᠨ ᠲᠡᠪᠢᠰᠴᠣ᠂ ᠬᠡᠣᠬᠡᠳ ᠤᠨ ᠲᠣᠯᠣᠭᠠᠢ ᠶᠢ ᠦᠯᠣᠭᠡᠢ ᠶᠢᠨ ᠬᠠᠶᠠᠭ᠎ᠠ ᠳᠤ ᠲᠣᠯᠭᠠᠨ ᠬᠡᠣᠬᠡᠳ ᠢᠶᠠᠨ ᠬᠡᠪᠳᠡᠬᠦᠯᠦᠨ᠎ᠡ᠃ ᠡᠨᠡ ᠨᠢ ᠬᠦᠩᠭᠡᠵᠢᠯᠲᠡ ᠠᠴᠠ ᠪᠣᠯᠣᠭᠰᠠᠨ ᠬᠡᠣᠬᠡᠳ ᠤᠨ ᠲᠣᠯᠣᠭᠠᠢ ᠬᠡᠳᠦᠷᠬᠡᠢ ᠭᠤᠵᠤᠭᠠᠷ ᠪᠣᠯᠣᠭᠰᠠᠨ ᠢ ᠵᠠᠯᠠᠷᠠᠭᠤᠯᠬᠤ ᠦᠢᠯᠠᠳᠣᠯ ᠲᠠᠢ᠃ ᠲᠡᠪᠢᠰᠦᠭᠰᠡᠨ ᠮᠠᠩᠬ᠎ᠠ ᠰᠢᠷᠣᠢ ᠨᠢ ᠬᠡᠣᠬᠡᠳ ᠲᠤ ᠲᠠᠭᠠᠲᠠᠢ ᠮᠦᠷᠲᠡᠭᠡᠨ ᠰᠢᠭᠡᠰᠣ ᠶᠢ ᠰᠢᠩᠭᠡᠭᠡᠬᠦ ᠦᠢᠯᠡᠳᠦᠯ ᠲᠠᠢ᠃ ᠬᠡᠣᠬᠡᠳ ᠢᠶᠠᠨ ᠴᠢᠩᠭ᠎ᠠ ᠪᠠᠭᠯᠠᠭᠠᠳ ᠦᠯᠣᠭᠡᠢ ᠶᠢᠨ ᠠᠷᠠᠯ ᠳᠤ ᠵᠣᠬᠢᠶᠠᠭᠰᠠᠨ ᠪᠦᠰᠡ ᠪᠠᠷ ᠴᠢᠩᠭ᠎ᠠ ᠲᠠᠷᠣᠭᠤᠯᠣᠨ ᠣᠶᠠᠨ᠎ᠠ᠂ ᠡᠨᠡ ᠨᠢ ᠬᠡᠣᠬᠡᠳ ᠤᠨ ᠬᠦᠯ ᠮᠣᠷᠣᠢ ᠪᠣᠯᠬᠤ ᠠᠴᠠ ᠰᠡᠷᠭᠡᠶᠢᠯᠡᠨ᠎ᠡ᠃ ᠦᠯᠣᠭᠡᠢ ᠪᠠᠨ ᠬᠦᠩᠭᠡᠨ ᠬᠦᠳᠡᠯᠭᠡᠵᠣ᠂ ᠬᠡᠣᠬᠡᠳ ᠢᠶᠠᠨ ᠠᠮᠲᠠᠳᠣ ᠨᠦᠢᠷ ᠲᠤᠨᠢ ᠣᠷᠣᠭᠤᠯᠣᠨ᠎ᠡ᠃ ᠣᠳᠣ ᠠᠮᠢᠳᠣᠷᠠᠯ ᠤᠨ ᠨᠦᠬᠦᠴᠡᠯ ᠰᠠᠶᠢᠵᠢᠷᠠᠭᠰᠠᠨ ᠲᠣᠯᠠ ᠰᠢᠭᠡᠰᠣ ᠠᠭᠤᠰᠬᠠᠬᠤ ᠪᠦᠰ ᠢᠶᠠᠷ ᠮᠠᠩᠬ᠎ᠠ ᠰᠢᠷᠣᠢ ᠶᠢ ᠣᠷᠣᠯᠠᠭᠤᠯᠬᠤ ᠨᠢ ᠣᠯᠠᠨ ᠪᠣᠯᠵᠠᠢ᠃ ᠮᠣᠩᠭᠤᠯᠴᠣᠳ ᠤᠨ ᠬᠡᠣᠬᠡᠳ ᠢᠶᠠᠨ ᠦᠯᠦᠭᠡᠶᠢᠳᠡᠵᠦ ᠦᠰᠭᠡᠬᠦ ᠶᠣᠰᠣ ᠨᠢ ᠦᠷ᠎ᠡ ᠬᠡᠣᠬᠡᠳ ᠢᠶᠠᠨ ᠡᠷᠡᠭᠦᠯ ᠰᠠᠶᠢᠬᠠᠨ ᠪᠡᠶ᠎ᠡ ᠲᠦᠷᠬᠦ ᠲᠠᠢ ᠪᠣᠯᠭᠠᠨ ᠲᠣᠷᠨᠢᠭᠤᠯᠣᠨ ᠪᠤᠶᠢᠵᠢᠭᠤᠯᠬᠤ ᠳᠤ ᠬᠡᠮᠵᠢᠶᠡᠯᠡᠰᠢ ᠦᠭᠡᠢ ᠦᠢᠯᠡᠳᠣᠯ ᠴᠢᠳᠠᠪᠣᠷᠢ ᠪᠠᠨ ᠦᠵᠡᠭᠦᠯᠦᠭᠰᠡᠨ ᠪᠠᠶᠢᠨ᠎ᠠ᠃  ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ᠄   ᠲᠡᠷᠭᠡᠯ  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2