ᠰᠤᠷᠤᠯᠴᠠᠯᠭ᠎ᠠ ᠶᠢᠨ ᠶᠠᠪᠤᠴᠠ
ᠨᠡᠶᠢᠲᠡᠯᠡᠭᠰᠡᠨ ᠴᠠᠭ᠄
2023/11/24
ᠰᠤᠷᠤᠯᠴᠠᠯᠭ᠎ᠠ ᠶᠢᠨ ᠶᠠᠪᠤᠴᠠ                    ᠰᠤᠷᠤᠯᠴᠠᠯᠭ᠎ᠠ ᠶᠢᠨ ᠶᠠᠪᠤᠴᠠ ᠳᠤ ᠰᠤᠷᠤᠭᠰᠠᠨ ᠢᠶᠠᠨ ᠮᠠᠷᠳᠠᠬᠤ ᠶᠠᠪᠤᠳᠠᠯ ᠦᠷᠬᠦᠯᠵᠢ ᠭᠠᠷᠳᠠᠭ᠂ ᠭᠡᠪᠡᠴᠤ ᠮᠠᠷᠳᠠᠬᠤ ᠳᠤ ᠬᠠᠷᠢᠴᠠᠩᠭᠤᠢ ᠪᠠᠷ ᠳᠤᠳᠠᠭᠤ ᠮᠠᠷᠳᠠᠬᠤ ᠪᠤᠶᠤ ᠮᠠᠷᠳᠠᠬᠤ ᠦᠭᠡᠢ ᠪᠠᠷ ᠴᠢᠷᠮᠠᠶᠢᠨ᠎ᠠ᠃ ᠰᠤᠷᠤᠭᠰᠠᠨ ᠮᠡᠳᠡᠯᠭᠡ ᠪᠠᠨ ᠮᠠᠷᠳᠠᠬᠤ ᠦᠭᠡᠢ ᠪᠠᠷ ᠰᠢᠩᠭᠡᠭᠡᠬᠦ ᠬᠡᠪᠡᠯ ᠬᠠᠮᠤᠭ ᠰᠠᠶᠢᠨ ᠠᠷᠭ᠎ᠠ ᠨᠢ ᠳᠠᠷᠤᠢ ᠳᠠᠪᠳᠠᠬᠤ ᠠᠰᠠᠭᠤᠳᠠᠯ ᠪᠤᠯᠤᠨ᠎ᠠ᠃ ᠠᠩᠬᠠᠷᠤᠯ ᠢᠶᠠᠨ ᠳᠦᠪᠯᠡᠷᠡᠬᠦᠯᠦᠨ᠂ ᠠᠯᠬᠤᠮ ᠳᠠᠷᠠᠭ᠎ᠠ ᠲᠠᠢ ᠪᠠᠷ ᠳᠠᠪᠳᠠᠬᠤ ᠳᠤ ᠳᠤᠤᠷᠠᠬᠢ ᠬᠡᠳᠤᠨ ᠳᠠᠯ᠎ᠠ ᠶᠢ ᠠᠩᠬᠠᠷᠤᠯ ᠳᠠᠭᠠᠨ ᠠᠪᠴᠤ ᠪᠤᠯᠤᠨ᠎ᠠ᠃                    1. ᠴᠠᠭ ᠳᠤᠬᠠᠢ ᠳᠤᠨᠢ ᠳᠠᠪᠳᠠᠬᠤ︔ ᠰᠤᠷᠤᠭᠰᠠᠨ ᠮᠡᠳᠡᠯᠬᠡ ᠪᠠᠨ ᠪᠠᠳᠤᠳᠬᠠᠨ ᠴᠡᠬᠡᠵᠢᠯᠡᠬᠦ ᠳᠤ ᠳᠠᠷᠠᠭ᠎ᠠ ᠡᠳᠤᠷ ᠠᠴᠠ ᠨᠢ ᠡᠬᠢᠯᠡᠨ ᠳᠠᠬᠢᠨ ᠳᠠᠪᠳᠠᠨ ᠤᠡᠭᠰᠢᠨ ᠤᠶᠢᠯᠠᠭᠠᠵᠤ᠂ ᠵᠠᠯᠭᠠᠭᠠᠳ ᠭᠠᠷᠠᠭ ᠪᠦᠷᠢ ᠨᠢᠬᠡ ᠤᠳᠠᠭ᠎ᠠ ᠳᠠᠪᠳᠠᠬᠤ ᠪᠤᠶᠤ ᠰᠠᠷ᠎ᠠ ᠪᠦᠷᠢ ᠨᠢᠬᠡ ᠤᠳᠠᠭ᠎ᠠ ᠳᠠᠪᠳᠠᠬᠤ ᠬᠡᠷᠡᠭᠳᠡᠢ᠃ ᠢᠡᠭᠭᠢᠵᠦ ᠵᠢᠮ᠎ᠠ ᠶᠤᠰᠤ ᠲᠠᠢ ᠪᠠᠷ ᠠᠯᠭᠠᠰᠠᠯ ᠦᠭᠡᠢ ᠬᠢᠬᠦ ᠳᠤ ᠬᠦᠷᠪᠡᠯ ᠦᠷ᠎ᠠ ᠳ᠋ᠦᠡᠭ ᠨᠢ ᠶᠡᠭᠡ ᠰᠠᠶᠢᠨ ᠪᠤᠯᠵᠤ ᠴᠢᠳᠠᠨ᠎ᠠ᠃                  2. ᠰᠠᠳᠠᠷᠠᠭᠤᠯᠤᠨ ᠳᠠᠪᠳᠠᠬᠤ︔ ᠴᠠᠭ ᠤᠨ ᠳᠠᠯ᠎ᠠ ᠪᠠᠷ ᠳᠤᠬᠢᠷᠠᠮᠵᠢᠳᠠᠢ ᠪᠠᠷ ᠬᠤᠪᠢᠶᠠᠷᠢᠯᠠᠵᠤ᠂ ᠳᠤᠭᠳᠠᠭᠠᠯ ᠶᠤᠰᠤ ᠪᠠᠷ ᠴᠠᠭ ᠲᠠᠭᠠᠨ ᠳᠠᠪᠳᠠᠬᠤ ᠪᠦᠬᠡᠳ ᠶᠠᠭᠠᠬᠢᠭᠰᠠᠨ ᠴᠦ ᠦᠵᠡᠬᠡᠳ ᠠᠪᠤᠪᠠᠯ ᠬᠡᠳᠤᠷᠬᠡᠢ ᠶᠠᠳᠠᠷᠠᠳᠠᠯ᠎ᠠ ᠪᠠᠨ ᠳᠠᠪᠳᠠᠵᠤ᠂ ᠨᠢᠬᠡ ᠯᠠ ᠳᠤᠤᠷ᠎ᠠ ᠪᠦᠬᠦᠨ ᠢ ᠡᠵᠡᠮᠰᠢᠬᠦ ᠮᠡᠳᠤ ᠶᠢᠨ ᠪᠠᠶᠢᠳᠠᠯ ᠠᠴᠠ ᠬᠢᠴᠢᠶᠡᠵᠦ᠂ ᠳᠠᠪᠳᠠᠬᠤ ᠠᠭᠤᠯᠭ᠎ᠠ ᠬᠢᠬᠡᠳ ᠴᠠᠭ ᠤᠨ ᠳᠤᠬᠢᠷᠠᠭᠤᠯᠤᠯᠳᠠ ᠶᠢ ᠬᠡᠳᠤᠷᠬᠡᠢ ᠳᠦᠪᠯᠡᠷᠡᠬᠦᠯᠪᠯ ᠬᠢᠯᠪᠠᠷᠬᠠᠨ ᠢᠶᠠᠷ ᠶᠡᠭᠡ ᠳᠠᠷᠢᠬᠢᠨ ᠤ ᠮᠡᠳᠡᠷᠡᠯ ᠤᠨ ᠡᠰ ᠤᠨ ᠠᠵᠢᠯᠯᠠᠭ᠎ᠠ ᠶᠢᠨ ᠢᠳᠡᠪᠬᠢ ᠴᠢᠨᠡᠷ ᠢ ᠨᠦᠯᠦᠬᠡᠯᠡᠬᠦ ᠳᠤᠯᠠ ᠦᠪᠡᠷ ᠤᠨ ᠤᠶᠤᠨ ᠰᠠᠨᠠᠭ᠎ᠠ ᠪᠠ ᠵᠤᠷᠢᠭ ᠢᠶᠠᠨ ᠡᠷᠴᠢᠯᠡᠨ ᠰᠤᠷᠤᠯᠴᠠᠬᠤ ᠢᠳᠡᠪᠬᠢᠵᠢᠯ ᠢ ᠪᠠᠭᠤᠷᠠᠭᠤᠯᠬᠤ ᠠᠴᠠ ᠭᠢᠴᠢᠶᠡᠬᠦ ᠬᠡᠷᠡᠭᠳᠡᠢ᠃ ᠤᠷᠤᠢ ᠬᠡᠪᠳᠡᠬᠦ ᠠᠴᠠ ᠡᠮᠤᠨ᠎ᠠ ᠳᠤᠰ ᠡᠳᠤᠷ ᠤᠨ ᠰᠤᠷᠤᠯᠴᠠᠭᠰᠠᠨ ᠪᠤᠶᠤ ᠳᠠᠷᠠᠭ᠎ᠠ ᠡᠳᠤᠷ ᠤᠨ ᠳᠠᠪᠳᠠᠬᠤ ᠠᠯᠬᠤᠮ ᠪᠠ ᠠᠷᠭ᠎ᠠ ᠪᠠᠨ ᠰᠦᠪᠡᠭᠴᠢᠯᠡᠨ ᠪᠤᠳᠤᠯᠬᠢᠯᠠᠵᠤ᠂ ᠰᠤᠯᠠ ᠴᠠᠭᠠᠰᠤᠨ ᠳᠡᠬᠡᠷ᠎ᠠ ᠳᠦᠬᠦᠮ ᠳᠡᠮᠳᠡᠭᠯᠡᠯ ᠬᠢᠵᠦ᠂ ᠳᠡᠷᠡ ᠶᠤᠰᠤ ᠪᠠᠷ ᠬᠢᠪᠠᠯ ᠵᠤᠬᠢᠨ᠎ᠠ᠃                  3. ᠤᠯᠠᠨ ᠵᠤᠶᠢᠯ ᠤᠨ ᠠᠷᠭ᠎ᠠ ᠠᠪᠴᠤ ᠮᠧᠬᠠᠨᠢᠭ ᠢᠶᠠᠷ ᠳᠠᠪᠬᠤᠷᠳᠠᠭᠤᠯᠤᠨ ᠳᠠᠪᠳᠠᠬᠤ ᠠᠴᠠ ᠬᠢᠴᠢᠶᠡᠬᠦ ᠬᠡᠷᠡᠭᠳᠡᠢ︔ ᠵᠦᠢ ᠵᠤᠬᠢᠰᠳᠠᠢ ᠠᠷᠭ᠎ᠠ ᠶᠢ ᠠᠪᠬᠤ ᠦᠭᠡᠢ ᠪᠠᠷ ᠮᠧᠬᠠᠨᠢᠭ ᠢᠶᠠᠷ ᠳᠠᠩ ᠭᠠᠭᠴᠠ ᠮᠡᠳᠡᠯᠬᠡ ᠶᠢ ᠯᠠ ᠦᠵᠡᠭᠡᠳ ᠪᠠᠶᠢᠪᠠᠯ ᠪᠡᠶ᠎ᠠ ᠰᠡᠳᠬᠢᠯ ᠢᠶᠠᠨ ᠵᠦᠳᠡᠭᠡᠵᠦ᠂ ᠬᠡᠳᠤᠷᠬᠡᠢ ᠶᠠᠳᠠᠷᠠᠬᠤ ᠪᠤᠯᠤᠨ᠎ᠠ᠃ ᠡᠶᠢᠮᠤ ᠠᠴᠠ ᠵᠠᠪᠠᠯ ᠤᠤᠯ ᠤᠨ ᠴᠡᠬᠡᠵᠢᠯᠡᠭᠰᠡᠨ ᠤ ᠰᠠᠭᠤᠷᠢᠨ ᠳᠡᠬᠡᠷ᠎ᠠ ᠰᠢᠨ᠎ᠠ ᠰᠤᠷᠭᠤᠭ ᠮᠡᠳᠡᠭᠡ ᠵᠠᠩᠭᠢ ᠶᠢ ᠰᠢᠩᠭᠡᠭᠡᠨ ᠠᠪᠴᠤ᠂ ᠠᠳᠠᠯᠢᠬᠠᠨ ᠠᠭᠤᠯᠭ᠎ᠠ ᠶᠢ ᠳᠠᠪᠳᠠᠭᠰᠠᠨ ᠴᠦ ᠠᠷᠭ᠎ᠠ ᠬᠡᠯᠪᠡᠷᠢ ᠪᠠᠨ ᠳᠠᠬᠢᠨ ᠳᠠᠪᠳᠠᠨ ᠦᠬᠡᠷᠡᠳᠦᠬᠦᠯᠵᠦ᠂ ᠰᠢᠨ᠎ᠠ ᠠᠰᠠᠭᠤᠯᠳᠠ ᠳᠤᠷᠠᠳᠤᠨ᠂ ᠰᠢᠨ᠎ᠠ ᠬᠠᠷᠢᠴᠠᠭᠤᠯᠤᠯ ᠤᠨ ᠠᠷᠭ᠎ᠠ ᠶᠢ ᠠᠪᠴᠤ᠂ ᠰᠢᠨ᠎ᠠ ᠱᠠᠭᠠᠷᠳᠠᠯᠭ᠎ᠠ ᠳᠠᠯᠪᠢᠵᠦ᠂ ᠠᠰᠠᠭᠤᠯᠳᠠ ᠶᠢᠨ ᠬᠡᠯᠪᠡᠷᠢ ᠶᠢ ᠤᠯᠠᠨ ᠳᠠᠯ᠎ᠠ ᠠᠴᠠ ᠦᠬᠡᠷᠡᠳᠦᠬᠦᠯᠦᠨ ᠰᠤᠷᠤᠯᠴᠠᠬᠤ ᠵᠡᠷᠭᠡ ᠠᠷᠭ᠎ᠠ ᠶᠢ ᠠᠪᠬᠤ ᠨᠢ ᠮᠥᠨ ᠴᠦ ᠮᠡᠳᠡᠯᠬᠡ ᠪᠠᠨ ᠪᠠᠳᠤᠳᠬᠠᠨ ᠬᠦᠨ ᠰᠠᠭᠤᠭᠳᠠᠯ ᠢ ᠤᠯᠵᠤ᠂ ᠦᠷ᠎ᠠ ᠠᠰᠢᠭ ᠢ ᠨᠡᠮᠡᠭᠳᠡᠬᠦᠯᠵᠦ ᠴᠢᠳᠠᠨ᠎ᠠ᠃                     4. ᠡᠯ᠎ᠠ ᠵᠤᠶᠢᠯ ᠤᠨ ᠨᠦᠯᠦᠬᠡᠯᠡᠯ ᠢ ᠳᠡᠪᠴᠢᠬᠦ ᠬᠡᠷᠡᠭᠳᠡᠢ︔ ᠳᠠᠪᠳᠠᠬᠤ ᠶᠠᠪᠤᠴᠠ ᠳᠤ ᠬᠤᠶᠠᠷ ᠵᠤᠶᠢᠯ ᠤᠨ ᠮᠠᠲ᠋ᠧᠷᠢᠶᠠᠯ ᠤᠨ ᠲᠦᠰᠳᠡᠢ ᠴᠢᠨᠡᠷ ᠢᠯᠡᠷᠡᠵᠦ ᠮᠡᠳᠡᠬᠦ ᠳᠤᠯᠠ ᠳᠠᠪᠳᠠᠬᠤ ᠳᠠᠭᠠᠨ ᠠᠳᠠᠯᠢ ᠪᠤᠶᠤ ᠳᠦᠰᠳᠡᠢ ᠰᠢᠭ ᠮᠠᠲ᠋ᠧᠷᠢᠶᠠᠯ ᠤᠳ ᠢ ᠬᠠᠮᠳᠤ ᠳᠤᠨᠢ ᠳᠡᠯᠬᠡᠵᠦ᠂ ᠳᠡᠳᠡᠭᠡᠷ ᠢ ᠠᠳᠠᠯᠢ ᠪᠤᠰᠤ ᠴᠢᠨᠡᠷ ᠵᠡᠷᠭᠡ ᠶᠢ ᠬᠠᠷᠢᠯᠴᠠᠨ ᠲᠦᠷᠦᠯᠰᠢᠬᠦᠯᠦᠨ ᠪᠠᠶᠢᠵᠦ᠂ ᠳᠤᠰ ᠳᠤᠰ ᠤᠨ ᠢᠯᠭᠠᠭ᠎ᠠ ᠪᠠ ᠠᠳᠠᠯᠢ ᠳᠠᠯ᠎ᠠ ᠶᠢ ᠨᠢ ᠵᠠᠳᠠᠯᠤᠨ ᠡᠵᠮᠰᠢᠬᠦ ᠬᠡᠷᠡᠭᠳᠡᠢ᠃                   5. ᠳᠠᠬᠢᠨ ᠳᠠᠪᠳᠠᠨ ᠤᠡᠭᠰᠢᠬᠤ ᠪᠠ ᠡᠷᠬᠢᠴᠡᠬᠦᠯᠦᠨ ᠪᠤᠳᠤᠬᠤ ᠲᠠᠢ ᠪᠠᠨ ᠤᠶᠠᠯᠳᠤᠭᠤᠯᠬᠤ︔    ᠳᠠᠬᠢᠨ ᠳᠠᠪᠳᠠᠨ ᠤᠡᠭᠰᠢᠬᠤ ᠶᠠᠪᠤᠴᠠ ᠳᠠᠭᠠᠨ ᠪᠠᠰᠠ ᠦᠡᠭᠬᠡᠷᠡᠭᠰᠡᠨ ᠳᠤ ᠰᠤᠷᠤᠭᠰᠠᠨ ᠮᠠᠲ᠋ᠧᠷᠢᠶᠠᠯ ᠲᠠᠢ ᠪᠠᠨ ᠬᠤᠯᠪᠤᠭᠳᠠᠯ ᠪᠦᠬᠦᠢ ᠨᠦᠬᠦᠪᠤᠷᠢ ᠮᠠᠲ᠋ᠧᠷᠢᠶᠠᠯ ᠢ ᠤᠯᠵᠤ᠂ ᠰᠢᠨ᠎ᠠ ᠬᠠᠨᠳᠤᠰᠢ ᠳᠤᠨᠢ ᠳᠤᠬᠢᠷᠠᠭᠤᠯᠵᠤ ᠡᠷᠬᠢᠴᠡᠬᠦᠯᠦᠨ ᠳᠠᠪᠳᠠᠪᠠᠯ ᠦᠷ᠎ᠠ ᠳ᠋ᠦᠡᠭ ᠨᠢ ᠨᠡᠩ ᠰᠠᠶᠢᠨ ᠶᠤᠮ᠃    ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ᠄   ᠲᠡᠷᠭᠡᠯ  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2