ᠠᠶᠢᠷᠠᠭ ᠤᠨ ᠢᠷᠦᠬᠡᠯ
ᠨᠡᠶᠢᠲᠡᠯᠡᠭᠰᠡᠨ ᠴᠠᠭ᠄
2024/11/7
      ᠠᠶᠢᠷᠠᠭ ᠤᠨ ᠢᠷᠦᠬᠡᠯ                ᠠᠯᠳᠠᠢ ᠬᠠᠨᠭ᠍ᠭᠠᠢ ᠰᠢᠬ      ᠠᠪᠤ ᠶᠢᠨ ᠢᠶᠠᠨ ᠲᠡᠷᠬᠡᠳᠡ      ᠠᠯᠳᠠᠨ ᠲᠡᠯᠡᠬᠡᠢ ᠰᠢᠭ      ᠡᠵᠢ ᠶᠢᠨ ᠢᠶᠠᠨ ᠲᠡᠷᠬᠡᠳᠠ      ᠲᠤᠯᠢ ᠦᠡᠭᠬᠡ ᠲᠠᠢ ᠤᠬᠳᠠᠷᠭᠤᠢ ᠠᠴᠠ      ᠲᠤᠰᠤ ᠦᠡᠭᠬᠡᠳᠤ ᠲᠡᠯᠡᠬᠡᠢ ᠲᠡᠭᠡᠷ᠎ᠠ      ᠤᠨᠠᠬᠰᠠᠨ ᠬᠤᠷ᠎ᠠ ᠶᠢᠨ ᠮᠢᠨᠢ ᠴᠢᠬᠢᠭ      ᠤᠶᠠᠬᠰᠠᠨ ᠰᠦᠢᠬᠰᠠᠨ ᠬᠡᠬᠦᠦ ᠶᠢᠨ ᠮᠢᠨᠢ ᠰᠢᠮ᠎ᠠ      ᠤᠷᠠᠯᠠᠨ ᠡᠰᠬᠡᠭᠰᠡᠨ ᠬᠦᠬᠦᠤᠷ ᠲᠤ ᠮᠢᠨᠢ      ᠤᠳᠤᠮᠳᠤ ᠰᠠᠶᠢᠬᠠᠨ ᠠᠶᠢᠷᠠᠭ ᠢᠶᠠᠨ ᠢᠰᠬᠡᠵᠦ      ᠠᠭᠠᠷᠤ ᠽᠠᠨᠳᠠᠨ ᠬᠤᠯᠤ ᠳᠤᠨᠢ      ᠠᠮᠠᠰᠠᠷ ᠲᠦᠬᠦᠷᠠᠩ ᠪᠢᠯᠬᠠᠭᠤᠯᠵᠦ      ᠠᠷᠪᠠᠨ ᠰᠠᠯᠠᠭ᠎ᠠ ᠮᠤᠳᠤᠷ ᠲᠤᠨᠢ      ᠡᠷᠬᠦᠨ ᠲᠡᠪᠰᠢᠬᠦᠯᠵᠦ ᠪᠠᠷᠢᠬᠤ ᠶᠢᠨ ᠤᠴᠢᠷ      ᠲᠦᠷᠦ ᠳᠡᠭᠡᠨ ᠨᠡᠷ᠎ᠠ ᠲᠠᠢ      ᠲᠦᠮᠡᠨ ᠳᠡᠭᠡᠨ ᠠᠯᠳᠠᠷ ᠲᠠᠢ      ᠮᠤᠩᠭᠤᠯ ᠠᠶᠢᠯ ᠮᠢᠨᠢ      ᠬᠤᠨᠳᠠᠨ ᠴᠠᠭᠠᠨ ᠬᠤᠨᠢ ᠪᠠᠷ      ᠬᠤᠳᠠ ᠪᠠᠨ ᠲᠦᠬᠦᠷᠬᠡᠵᠦ      ᠬᠤᠯᠠ ᠪᠠᠷᠠᠭᠠᠨ ᠠᠳᠤᠭᠤ ᠪᠠᠷ      ᠲᠠᠯ᠎ᠠ ᠪᠠᠨ ᠲᠦᠬᠦᠷᠬᠡᠵᠦ      ᠬᠠᠷᠪᠤᠵᠦ ᠬᠦᠷᠬᠦ ᠦᠬᠡᠢ ᠵᠠᠯ᠎ᠠ ᠲᠠᠢ      ᠬᠠᠳᠠᠷᠢᠵᠦ ᠬᠦᠷᠬᠦ ᠦᠬᠡᠢ ᠪᠡᠯᠴᠢᠬᠡᠷ ᠲᠠᠢ      ᠦᠷ᠎ᠠ ᠬᠡᠤᠬᠡᠳ ᠢᠶᠠᠷ ᠦᠨᠢᠷ ᠭᠡᠭᠳᠡᠵᠦ      ᠦᠷᠢᠶ᠎ᠠ ᠲᠠᠭ᠎ᠠ ᠪᠠᠷ ᠪᠠᠶᠠᠨ ᠬᠡᠭᠳᠡᠵᠦ      ᠲᠦᠷᠦ ᠤᠯᠤᠰ ᠲᠠᠭᠠᠨ ᠲᠦᠪᠰᠢᠨ ᠬᠡᠭᠳᠡᠵᠦ      ᠲᠦᠮᠡᠨ ᠤᠯᠠᠨ ᠳᠠᠭᠠᠨ ᠲᠤᠮᠤᠭ᠎ᠠ ᠲᠠᠢ ᠭᠡᠭᠳᠡᠵᠦ      ᠡᠪᠤᠯ ᠪᠦᠷᠢ ᠦᠡᠭᠨᠡᠵᠦ      ᠵᠤᠨ ᠪᠦᠷᠢ ᠰᠦᠡᠭᠨᠡᠵᠦ      ᠪᠠᠳᠠᠷᠠᠨ ᠲᠡᠯᠬᠡᠷᠡᠵᠦ ᠶᠠᠪᠤᠬᠤ ᠶᠢᠨ      ᠪᠠᠳᠤ ᠰᠠᠶᠢᠬᠠᠨ ᠢᠷᠦᠬᠡᠯ ᠢ ᠲᠠᠪᠰᠢᠬᠦᠯᠦᠶ᠎ᠠ︕        ︽ᠤᠷᠳᠤᠰ ᠮᠤᠩᠭᠤᠯ ᠤᠨ ᠲᠠᠪᠤᠨ ᠬᠤᠰᠢᠭᠤ ᠮᠠᠯ ᠤᠨ ᠢᠷᠦᠬᠡᠯ ᠮᠠᠭᠳᠠᠭᠠᠯ ᠵᠦᠢᠷ ᠰᠠᠴᠠᠨ ᠦᠬᠡ ᠦᠯᠢᠬᠡᠷ ᠲᠤᠮᠤᠭ︾ ᠠᠴᠠᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ ᠄  ᠲᠡᠷᠭᠡᠯ       
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2