ᠤᠪᠤᠭᠠᠨ ᠤ ᠲᠠᠭᠠᠳᠬᠠᠯ
ᠨᠡᠶᠢᠲᠡᠯᠡᠭᠰᠡᠨ ᠴᠠᠭ᠄
2024/11/7
      ᠤᠪᠤᠭᠠᠨ ᠤ ᠲᠠᠭᠠᠳᠬᠠᠯ        ᠲᠠᠪᠤᠨ ᠦᠡᠭᠭᠡ ᠲᠦᠷᠪᠠᠨ ᠬᠠᠷᠢ ᠶᠢ     ᠲᠡᠭᠷᠢ ᠮᠠᠳᠤ ᠡᠷᠭᠡ ᠳᠤᠷ ᠰᠢᠭ ᠬᠤᠷᠢᠶᠠᠭᠰᠠᠨ     ᠪᠤᠭᠳᠠ ᠡᠵᠡᠨ ᠴᠢᠩᠭᠢᠰ ᠤᠨ ᠦᠶ᠎ᠠ ᠠᠴᠠ     ᠪᠤᠷᠤ ᠳᠤᠬᠤᠢ ᠲᠠᠶᠠᠭᠠᠷ ᠲᠤ ᠠᠯᠳᠠᠷᠰᠢᠭᠰᠠᠨ     ᠠᠷᠪᠠᠨ ᠭᠤᠷᠪᠠᠨ ᠬᠤᠷᠠᠬᠤ ᠶᠢᠨ     ᠠᠰᠤᠷᠤ ᠶᠡᠭᠡ ᠲᠠᠭᠢᠯᠭ᠎ᠠ ᠶᠢᠨ     ᠠᠷᠪᠠᠨ ᠴᠠᠭᠠᠨ ᠪᠤᠶᠠᠨ ᠭᠡᠰᠢᠭ ᠢ     ᠠᠳᠠᠪᠠᠰᠢ ᠲᠠᠯᠠᠯᠵᠤ ᠠᠪᠴᠢᠷᠠᠨᠠᠮ     ᠦᠯ ᠪᠤᠭᠤ ᠡᠪᠤᠯᠵᠢᠯᠳᠠᠢ     ᠡᠪᠤᠭᠡᠨ ᠭᠦᠮᠦᠨ ᠰᠠᠭᠤᠯᠳᠠᠢ     ᠦᠨᠳᠤᠷ ᠭᠠᠵᠠᠷ ᠤᠨ ᠰᠠᠭᠢᠭᠤᠰᠤ     ᠦᠨᠠᠨ ᠴᠠᠭᠠᠨ ᠰᠢᠳᠤᠭᠡᠨ ᠴᠢᠮ᠎ᠠ ᠳᠤᠷ     ᠶᠢᠷᠳᠢᠨᠴᠤᠰ ᠤᠨ ᠲᠠᠩᠰᠤᠭ ᠢᠳᠡᠭᠡᠨ ᠪᠦᠭᠦᠳᠠ ᠶᠢ     ᠶᠠᠷᠤ ᠪᠦᠭᠦᠳᠡᠭᠡᠷ ᠡᠷᠭᠦᠨ ᠪᠠᠷᠢᠨᠠᠮ     ᠰᠠᠷ᠎ᠠ ᠶᠢᠨ ᠰᠠᠶᠢᠨ ᠳᠤᠷ     ᠡᠳᠤᠷ ᠤᠨ ᠦᠯᠵᠠᠢ ᠳᠤᠷ     ᠦᠨᠳᠤᠷ ᠲᠠᠭᠳᠤ ᠪᠤᠰᠬᠠᠨ     ᠦᠷᠭᠦᠭᠡ ᠮᠠᠶᠢᠬᠠᠨ ᠪᠠᠷᠢᠵᠤ     ᠲᠠᠩᠰᠤᠭ ᠢᠳᠡᠭᠡ ᠰᠢᠭᠦᠰᠤ ᠪᠠᠨ     ᠲᠠᠪᠠᠭ ᠲᠠᠪᠰᠢᠨ ᠳᠤ ᠦᠷᠤᠭᠡᠳ     ᠠᠷᠪᠠᠨ ᠭᠤᠷᠪᠠᠨ ᠬᠤᠷᠠᠬᠤ ᠪᠠᠨ     ᠠᠷᠢᠭᠤᠳᠬᠠᠨ ᠲᠠᠭᠢᠵᠤ ᠮᠦᠷᠭᠦᠭᠡᠳ     ᠰᠠᠩ ᠤᠨ ᠠᠷᠢᠭᠤᠨ ᠤᠳᠤᠭ᠎ᠠ ᠶᠢ     ᠰᠠᠨᠰᠠᠷ ᠳᠤᠯᠳᠠᠯ᠎ᠠ ᠲᠠᠯᠪᠢᠵᠤ     ᠬᠤᠳᠤᠭ ᠦᠯᠵᠠᠢ ᠪᠦᠷᠢᠳᠦᠭᠰᠡᠨ     ᠬᠤᠷᠳᠤᠨ ᠰᠤᠮᠤ ᠪᠠᠨ ᠪᠠᠷᠢᠵᠤ     ᠬᠤᠪᠢ ᠭᠡᠰᠢᠭ ᠪᠤᠶᠠᠨ ᠢ     ᠬᠤᠷᠦ᠋ᠢᠯᠠᠨ ᠲᠠᠯᠠᠯᠵᠤ ᠠᠪᠴᠢᠷᠠᠨᠠᠮ     ᠬᠠᠷᠢ ᠮᠠᠭᠤ ᠲᠠᠶᠢᠰᠤᠨ ᠠᠴᠠ     ᠬᠠᠮᠠᠭᠠᠯᠠᠨ ᠢᠪᠡᠭᠡᠨ ᠰᠤᠶᠤᠷᠬ᠎ᠠ     ᠬᠠᠷ᠎ᠠ ᠮᠠᠭᠤ ᠰᠠᠨᠠᠭᠠᠳᠠᠨ ᠢ     ᠭᠦᠯ ᠳᠤᠷ ᠮᠢᠨᠤ ᠰᠦᠭᠦᠳᠭᠡ     ᠠᠳᠤᠭᠤ ᠮᠠᠯ ᠢ ᠮᠢᠨᠤ     ᠠᠷᠪᠢᠵᠢᠭᠤᠯᠵᠤ ᠰᠤᠶᠤᠷᠬ᠎ᠠ     ᠠᠳᠠᠭᠠᠳᠤ ᠲᠠᠶᠢᠰᠤᠨ ᠪᠦᠭᠦᠨ ᠢ     ᠡᠴᠤᠯᠭᠡᠵᠤ ᠲᠦᠷᠭᠡᠨ ᠬᠠᠷᠢᠭᠤᠯ     ᠡᠪᠡᠳᠴᠢᠨ ᠭᠢᠵᠢᠭ ᠢ ᠡᠴᠤᠯᠭᠡ     ᠦᠯᠵᠠᠢ ᠪᠤᠶᠠᠨ ᠢ ᠳᠤᠭᠳᠠᠭᠤᠯ     ᠭᠠᠨᠭ᠌ ᠵᠤᠳ ᠢ ᠠᠷᠢᠯᠭ᠎ᠠ     ᠭᠠᠮᠰᠢᠭ ᠠᠶᠤᠯ ᠢ ᠳᠤᠨᠢᠯᠭ᠎ᠠ᠃               ︵ᠴᠤᠭᠯᠠᠶᠢᠨᠠᠮᠵᠢᠯ ᠡᠮᠭᠢᠳᠭᠡᠪᠡ︶    ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ ᠄  ᠲᠡᠷᠭᠡᠯ  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2