ᠳᠦᠷᠪᠡᠨ ᠬᠡᠦᠬᠡᠳ ᠤᠨ ᠠᠶᠢᠮᠠᠭ ᠤᠨ ᠡᠳ᠋ ᠤᠨ ᠶᠠᠪᠤᠳᠠᠯ
ᠨᠡᠶᠢᠲᠡᠯᠡᠭᠰᠡᠨ ᠴᠠᠭ᠄
2018-04-12
       ᠳᠦᠷᠪᠡᠨ ᠬᠡᠦᠬᠡᠳ ᠤᠨ ᠠᠶᠢᠮᠠᠭ ᠤᠨ ᠡᠳ᠋ ᠤᠨ ᠶᠠᠪᠤᠳᠠᠯ                                   ︵ᠤᠷᠤᠯᠭ᠎ᠠ᠂ ᠵᠠᠷᠤᠯᠭ᠎ᠠ ᠶᠢᠨ ᠵᠦᠢᠯ︶      ᠳᠦᠷᠪᠡᠨ ᠬᠡᠦᠬᠡᠳ ᠤᠨ ᠠᠶᠢᠮᠠᠭ ᠤᠨ ᠬᠤᠰᠢᠭᠤ ᠶᠠᠮᠤᠨ ᠳᠤ ᠡᠳ᠋ ᠤᠨ ᠶᠠᠪᠤᠳᠠᠯ ᠢ ᠬᠠᠮᠢᠶᠠᠷᠬᠤ ᠳᠤᠰᠬᠠᠢ ᠪᠠᠶᠢᠭᠤᠯᠤᠮᠵᠢ ᠭᠡᠵᠤ ᠪᠠᠶᠢᠭᠰᠠᠨ ᠦᠬᠡᠢ᠃ ᠠᠷᠠᠳ ᠠᠴᠠ ᠭᠠᠶᠢᠯᠢ ᠳᠠᠳᠠᠪᠤᠷᠢ ᠠᠪᠬᠤ ᠳᠠᠭᠠᠨ ᠬᠤᠰᠢᠭᠤ ᠶᠠᠮᠤᠨ  ᠠᠴᠠ ᠳᠤᠯᠤ᠂ ᠰᠤᠮᠤᠨ ᠳᠤ ᠰᠢᠭᠤᠳ ᠠᠯᠪᠠ ᠪᠠᠭᠤᠯᠭᠠᠨ ᠬᠤᠷᠢᠶᠠᠳᠠᠭ᠃ ᠬᠤᠰᠢᠭᠤ ᠶᠠᠮᠤᠨ ᠤ ᠭᠤᠤᠯ ᠪᠤᠯᠬᠤ ᠤᠷᠤᠯᠭ᠎ᠠ ᠶᠢᠨ ᠵᠦᠢᠯ ᠪᠤᠯ᠄     1᠂ ᠵᠢᠯ ᠪᠦᠷᠢ ᠶᠢᠨ ᠵᠢᠷᠭᠤᠭᠠᠨ ᠰᠠᠷ᠎ᠠ ᠶᠢᠨ ᠬᠤᠰᠢᠭᠤ ᠴᠤᠭᠯᠠᠭ᠎ᠠ ᠳᠡᠭᠡᠷ᠎ᠡ ᠰᠤᠮᠤ ᠪᠦᠷᠢ ᠠᠴᠠ ᠬᠤᠰᠢᠭᠤ ᠶᠠᠮᠤᠨ ᠤ ᠨᠤᠶᠠᠳ ᠳᠦᠰᠢᠮᠡᠳ ᠠᠯᠪᠠᠨ ᠳᠤᠰᠢᠶᠠᠯᠳᠠᠳ ᠤᠨ ᠬᠦᠨᠡᠰᠦ ᠭᠡᠵᠤ ᠠᠷᠪᠠᠨ ᠨᠠᠢᠮᠠᠨ ᠡᠳᠦᠷ ᠤᠨ ᠬᠦᠨᠡᠰᠦᠨ  ᠤ ᠪᠡᠯᠡᠳᠭᠡᠯ ᠤᠨ ᠠᠯᠪᠠ ᠪᠠᠭᠤᠯᠭᠠᠳᠠᠭ᠃ ᠬᠤᠷᠢᠨ ᠰᠤᠮᠤᠨ ᠠᠴᠠ ᠶᠠᠭ ᠪᠦᠬᠦᠯᠢ ᠨᠢᠭᠡ ᠵᠢᠯ ᠤᠨ ᠬᠦᠨᠡᠰᠦ ᠳᠠᠳᠠᠪᠦᠷᠢᠯᠠᠳᠠᠭ᠃    2᠂ ᠳ᠋ᠧ ᠴᠢᠩ ᠳᠠᠩ᠂ ᠬᠦᠩ ᠢ ᠶᠦᠨ᠂ ᠶᠦᠨ ᠢ ᠳᠠᠩ᠂ ᠢ ᠱᠧᠩ ᠳ᠋ᠢᠶᠡᠨ᠂ᠬᠦᠩ ᠾᠧ ᠴᠧᠩ ᠵᠡᠷᠭᠡ ᠮᠠᠶᠢᠮᠠᠢ ᠫᠦᠰᠡᠨ ᠠᠴᠠ ᠠᠮᠤ ᠪᠤᠳᠠᠭ᠎ᠠ ᠳᠡᠵᠢᠭᠡᠯ ᠪᠤᠷᠳᠤᠭ᠎ᠠ ᠳᠠᠳᠠᠪᠦᠷᠢᠯᠠᠨ ᠠᠪᠳᠠᠭ᠃    3᠂ ᠳᠦᠷᠢᠶᠡᠰᠦᠨ ᠭᠠᠵᠠᠷ ᠤᠨ ᠳᠠᠳᠠᠪᠤᠷᠢ᠃   4᠂ ᠮᠠᠯ ᠤᠨ ᠬᠦᠯ ᠮᠦᠩᠭᠦ ᠪᠤᠯᠤᠨ ᠬᠤᠪᠢᠨ ᠤ ᠵᠢᠵᠢᠭ ᠬᠤᠳᠠᠯᠳᠤᠭ᠎ᠠ ᠮᠠᠶᠢᠮᠠᠢ᠂ ᠬᠦᠯᠦᠰᠤᠨ ᠤ ᠬᠦᠮᠦᠰ ᠠᠴᠠ ᠠᠪᠬᠤ ᠳᠠᠳᠠᠪᠤᠷᠢ᠃   5᠂ ᠰᠠᠳᠠᠨ᠎ᠠ ᠤᠷᠤᠨ ᠠᠴᠠ ᠤᠷᠤᠵᠤ ᠢᠷᠡᠭᠰᠡᠨ ᠮᠠᠯ ᠰᠦᠷᠦᠭ ᠠᠴᠠ ᠬᠤᠷᠢᠶᠠᠬᠤ ᠤᠰᠤ ᠪᠡᠯᠴᠢᠭᠡᠷ ᠤᠨ ᠰᠦᠢᠳᠭᠡᠯ᠃    6᠂ ᠳᠤᠷᠭᠠᠭᠤᠯᠢ ᠮᠠᠯ᠃   7᠂ ᠠᠯᠳᠠᠭᠤᠯ ᠮᠠᠯ ᠬᠡᠷᠪᠡ ᠭᠤᠷᠪᠠᠨ ᠵᠢᠯ ᠳᠤ ᠡᠵᠡᠨ ᠭᠠᠷᠬᠤ ᠦᠬᠡᠢ ᠪᠤᠯ ᠶᠠᠮᠤᠨ ᠤ ᠤᠷᠤᠯᠭ᠎ᠠ ᠪᠠᠷ ᠪᠤᠳᠤᠵᠤ ᠠᠪᠳᠠᠭ᠃    ᠳᠡᠭᠡᠷᠡᠬᠢ ᠤᠷᠤᠯᠭ᠎ᠠ ᠠᠴᠠ ᠬᠠᠮᠤᠭ ᠤᠨ ᠠᠷᠪᠢᠨ ᠨᠢ ᠳᠦᠷᠢᠶᠡᠰᠦᠨ ᠭᠠᠵᠠᠷ ᠤᠨ ᠳᠠᠳᠠᠪᠦᠷᠢ ᠪᠠᠶᠢᠵᠤ᠂ ᠳᠠᠷᠠᠭ᠎ᠠ  ᠳᠤᠨᠢ ᠮᠠᠯ ᠤᠨ ᠬᠦᠯ ᠮᠦᠩᠭᠦ ᠪᠠ ᠤᠰᠤ ᠪᠡᠯᠴᠢᠭᠡᠷ ᠤᠨ ᠰᠦᠢᠳᠭᠡᠯ ᠪᠤᠯᠤᠨ᠎ᠠ᠃     ᠬᠤᠰᠢᠭᠤ ᠶᠠᠮᠤᠨ ᠤ ᠵᠠᠷᠤᠯᠭ᠎ᠠ ᠶᠢᠨ ᠵᠦᠢᠯ ᠳᠤ ᠭᠤᠤᠯᠳᠠᠭᠤ ᠶᠠᠮᠤᠨ ᠤ ᠰᠠᠭᠤᠳᠠᠯ ᠪᠠ ᠵᠠᠷᠤᠴᠠ ᠨᠠᠷ ᠤᠨ ᠬᠤᠭᠤᠯᠠᠨ ᠤ ᠰᠦᠢᠳᠭᠡᠯ᠂ ᠴᠡᠷᠢᠭ ᠤᠨ ᠰᠦᠢᠳᠭᠡᠯ ᠬᠢᠭᠡᠳ ᠶᠠᠮᠤᠨ ᠤ ᠵᠠᠷᠤᠳᠠᠯ ᠭᠡᠷᠡᠭᠰᠡᠯ ᠬᠤᠳᠠᠯᠳᠤᠨ ᠠᠪᠬᠤ ᠵᠡᠷᠭᠡ ᠭᠤᠷᠪᠠᠨ ᠵᠦᠢᠯ ᠤᠨ ᠵᠠᠷᠤᠳᠠᠯ ᠪᠠᠶᠢᠵᠠᠢ᠃ ᠵᠠᠰᠠᠭ ᠸᠠᠩ ᠤᠨ ᠵᠠᠷᠤᠳᠠᠯ ᠢ ᠶᠠᠮᠤᠨ ᠰᠠᠩ ᠠᠴᠠ ᠭᠠᠷᠭᠠᠬᠤ ᠪᠦᠭᠡᠳ ᠭᠤᠤᠯᠳᠠᠭᠤ ᠵᠤᠴᠢᠯᠠᠬᠤ ᠵᠠᠷᠤᠳᠠᠯ᠂ ᠠᠵᠢᠯ ᠤᠨ ᠵᠠᠷᠤᠳᠠᠯ ᠬᠢᠭᠡᠳ ᠸᠠᠩ᠂ ᠳᠦᠰᠢᠮᠡᠳ ᠤᠨ ᠬᠤᠪᠢᠨ ᠤ ᠵᠠᠷᠤᠳᠠᠯ ᠵᠡᠷᠭᠡ ᠪᠤᠯᠤᠨ᠎ᠠ᠃
 
ᠢᠷᠡᠯᠲᠡ᠄ 《ᠲᠦᠷᠪᠡᠤᠨ ᠤᠨ ᠰᠤᠶᠤᠯ ᠲᠡᠤᠬᠡ ᠶᠢᠨ ᠬᠡᠯᠬᠢᠶᠡᠰᠦ》 ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2